ᠦᠪᠦᠷ ᠮᠤᠩᠭᠤᠯ ᠤ᠋ᠨ 2026 ᠤᠨ ᠤ᠋ ᠪᠦᠬᠦ ᠠᠷᠠᠳ ᠤ᠋ᠨ ᠬᠤᠤᠷᠳᠤ ᠡᠳ᠋᠎ᠢ ᠴᠠᠭᠠᠵᠠᠯᠠᠬᠤ ᠤᠬᠠᠭᠤᠯᠭ᠎ᠠ ᠵᠢᠨ ᠰᠠᠷ᠎ᠠ ᠵᠢᠨ ᠠᠵᠢᠯᠯᠠᠭ᠎ᠠ ᠡᠬᠢᠯᠡᠪᠡ
2026-06-09 10:49:22
ᠵᠣᠬᠢᠶᠠᠭ᠍ᠴᠢ᠄
ᠵᠤᠬᠢᠶᠠᠯ ᠵᠢᠷᠤᠭ \ ᠰᠢᠨᠡᠪᠢᠯᠢᠭ
ᠣᠩᠱᠢᠭ᠍ᠰᠠᠨ ᠣᠳᠠᠭ᠎ᠠ᠄
★★★☆☆

ᠤᠢᠷ᠎ᠠ ᠳ᠋ᠸ᠋᠂ ᠦᠪᠡᠷᠳᠡᠬᠡᠨ ᠵᠠᠰᠠᠬᠤ ᠤᠷᠤᠨ ᠤ᠋ ᠬᠤᠤᠷᠳᠤ ᠡᠳ᠋᠎ᠢ ᠴᠠᠭᠠᠵᠠᠯᠠᠬᠤ ᠵᠦᠪᠯᠡᠯ ᠡᠴᠨ ᠭᠤᠤᠯᠯᠠᠨ ᠡᠷᠬᠢᠯᠡᠭᠰᠡᠨ ᠦᠪᠦᠷ ᠮᠤᠩᠭᠤᠯ ᠤ᠋ᠨ 2026 ᠤᠨ ᠤ᠋ ᠪᠦᠬᠦ ᠠᠷᠠᠳ ᠤ᠋ᠨ ᠬᠤᠤᠷᠳᠤ ᠡᠳ᠋᠎ᠢ ᠴᠠᠭᠠᠵᠠᠯᠠᠬᠤ ᠤᠬᠠᠭᠤᠯᠭ᠎ᠠ ᠵᠢᠨ ᠰᠠᠷ᠎ᠠ ᠵᠢᠨ ᠡᠬᠢᠯᠡᠯᠳᠡ ᠵᠢᠨ ᠶᠤᠰᠤᠯᠠᠯ ᠵᠢᠴᠢ ᠬᠤᠤᠷᠳᠤ ᠡᠳ᠋᠎ᠢ ᠲᠦᠪᠯᠡᠷᠡᠩᠬᠦᠢ ᠨᠢᠬᠡᠳᠦᠯᠳᠡᠢ ᠤᠰᠠᠳᠬᠠᠵᠤ ᠠᠷᠢᠯᠭᠠᠬᠤ ᠶᠤᠰᠤᠯᠠᠯ ᠬᠦᠬᠡᠬᠤᠳᠠ ᠳ᠋ᠸ᠋ ᠶᠠᠪᠤᠬᠳᠠᠵᠠᠢ᠃


QQ截图20260609105901.png


QQ截图20260609105914.png


ᠠᠵᠢᠯᠯᠠᠭ᠎ᠠ ᠵᠢᠨ ᠠᠬᠤᠢ ᠲᠠᠯᠠᠪᠠᠢ ᠳ᠋ᠸ᠋ ᠰᠢᠨᠵᠢᠯᠡᠬᠦ ᠤᠬᠠᠭᠠᠨ ᠎ᠢ ᠲᠦᠬᠡᠮᠡᠯᠵᠢᠬᠦᠯᠬᠦ ᠲᠡᠯᠬᠡᠨ ᠦᠵᠡᠬᠦᠯᠬᠡ ᠵᠢᠨ ᠲᠤᠭᠤᠷᠢᠬ ᠭᠠᠷᠭᠠᠵᠤ᠂ ᠤᠷᠤᠯᠴᠠᠬᠰᠠᠳ ᠡᠯ᠎ᠡ ᠵᠦᠢᠯ᠎ᠤᠨ ᠬᠤᠤᠷᠳᠤ ᠡᠳ᠋᠂ ᠨᠡᠢᠳᠡᠯᠢᠭ ᠬᠡᠷᠡᠭ ᠤ᠋ᠨ ᠵᠢᠱ᠌ᠢᠶ᠎ᠡ ᠵᠢᠨ ᠦᠵᠡᠬᠦᠯᠬᠡ ᠵᠢᠨ ᠰᠠᠮᠪᠠᠷ᠎ᠠ᠂ ᠬᠤᠤᠷᠳᠤ ᠡᠳ᠋ ᠤ᠋ᠨ ᠲᠠᠭᠤᠷᠢᠶᠠᠮᠠᠯ ᠵᠠᠬᠪᠤᠷ᠂ ᠲᠠᠭᠤᠷᠢᠶᠠᠮᠠᠯ ᠬᠤᠤᠷᠳᠤ ᠡᠳ᠋ ᠲᠠᠳᠠᠬᠤ ᠪᠠᠭᠠᠵᠢ ᠬᠡᠷᠡᠭᠯᠡᠬᠦᠷ ᠵᠡᠷᠬᠡ ᠵᠢ ᠲᠤᠭᠤᠷᠢᠨ ᠦᠵᠡᠵᠦ᠂ ᠠᠵᠢᠯᠳᠠᠳ ᠡᠴᠨ ᠬᠤᠤᠷᠳᠤ ᠡᠳ᠋᠎ᠤᠨ ᠲᠦᠷᠦᠯ ᠬᠡᠯᠪᠡᠷᠢ ᠵᠢ ᠲᠠᠨᠢᠯᠴᠠᠭᠤᠯᠵᠦ᠂ ᠰᠢᠨᠤᠯ ᠲᠠᠢ ᠪᠤᠯᠭᠠᠬᠤ ᠪᠤᠳᠠᠰ ᠎ᠢ ᠲᠤᠷ᠎ᠠ ᠪᠡᠷ ᠵᠢᠡᠨ ᠬᠡᠷᠡᠭᠯᠡᠬᠦ ᠵᠢᠨ ᠬᠤᠤᠷ ᠬᠦᠨᠦᠬᠡᠯ ᠪᠠ ᠤᠷᠢᠳᠴᠢᠯᠠᠨ ᠰᠡᠷᠬᠡᠢᠯᠡᠬᠦ ᠮᠡᠳᠡᠯᠬᠡ ᠵᠢ ᠲᠠᠢᠯᠪᠤᠷᠢᠯᠠᠵᠤ᠂ ᠬᠤᠤᠷᠳᠤ ᠡᠳ᠋᠎ᠢ ᠰᠡᠷᠭᠡᠢᠯᠡᠨ ᠴᠠᠭᠠᠵᠠᠯᠠᠬᠤ ᠦᠵᠡᠯᠳᠡ ᠲᠠᠨᠢᠯᠳᠠ ᠵᠢᠨ ᠲᠦᠪᠰᠢᠨ᠎ᠢ ᠨᠢ ᠲᠡᠭᠡᠭᠰᠢᠯᠡᠬᠦᠯᠵᠡᠢ᠃


QQ截图20260609105928.png


ᠲᠤᠰ ᠤᠳᠠᠭ᠎ᠠ ᠵᠢᠨ ᠠᠵᠢᠯᠯᠠᠭ᠎ᠠ ᠳ᠋ᠸ᠋᠂ ᠤᠢᠷ᠎ᠠ ᠵᠢᠨ ᠵᠢᠯ ᠤ᠋ᠨ ᠲᠤᠷᠰᠢᠬᠢ ᠦᠪᠦᠷ ᠮᠤᠩᠭᠤᠯ ᠤ᠋ᠨ ᠲᠤᠳᠤᠭᠠᠳᠤ ᠵᠢ ᠬᠠᠮᠠᠭᠠᠯᠠᠬᠤ ᠪᠠᠢᠭᠤᠯᠭ᠎ᠠ ᠵᠢᠨ ᠬᠠᠤᠯᠢ ᠶᠤᠰᠤᠭᠠᠷ ᠬᠤᠷᠢᠶᠠᠮᠵᠢᠯᠠᠬᠰᠠᠨ ᠬᠤᠤᠷᠳᠤ ᠡᠳ᠋ ᠪᠠ ᠬᠤᠤᠷᠳᠤ ᠡᠳ᠋ ᠤ᠋ᠨ ᠤᠤᠯ ᠲᠠᠷᠢᠮᠠᠯ ᠵᠡᠷᠬᠡ ᠵᠢ ᠨᠡᠢᠳᠡ 9700 ᠭᠠᠷᠤᠢ ᠺᠢᠯᠦᠭᠷᠡᠮ ᠰᠢᠢᠳᠪᠦᠷᠢᠯᠡᠵᠡᠢ᠃ ᠪᠦᠬᠦᠢᠯᠡ ᠬᠤᠤᠷᠳᠤ ᠡᠳ᠋ ᠲᠠᠢ ᠬᠤᠯᠪᠤᠬᠳᠠᠬᠰᠠᠨ ᠵᠦᠢᠯᠡᠰ ᠎ᠢ ᠪᠠᠢᠴᠠᠭᠠᠬᠤ ᠪᠠᠢᠭᠤᠯᠭ᠎ᠠ ᠵᠢᠨ ᠬᠢᠨᠠᠯᠳᠠ ᠲᠤᠤᠷ᠎ᠠ᠂ ᠬᠦᠬᠡᠬᠤᠳᠠ ᠵᠢᠨ ᠠᠶᠤᠯ ᠳᠠᠢ ᠬᠠᠶᠠᠬᠳᠠᠮᠠᠯ ᠪᠤᠳᠠᠰ᠎ᠢ ᠰᠢᠢᠳᠪᠦᠷᠢᠯᠡᠬᠦ ᠲᠦᠪ ᠲᠦ᠍ ᠵᠦᠬᠡᠬᠡᠪᠦᠷᠢᠯᠡᠨ ᠠᠪᠠᠴᠢᠵᠤ ᠲᠦᠪᠯᠡᠷᠡᠬᠦᠯᠦᠨ ᠨᠢᠬᠡᠳᠦᠯᠳᠡᠢ ᠪᠡᠷ ᠰᠢᠳᠠᠭᠠᠨ ᠰᠢᠢᠳᠪᠦᠷᠢᠯᠡᠵᠦ᠂ ᠬᠠᠤᠯᠢ ᠶᠤᠰᠤ ᠲᠠᠢ ᠨᠡᠢᠴᠡᠬᠦ ᠪᠠ ᠪᠤᠬᠢᠷᠳᠤᠯ ᠦᠬᠡᠢ ᠪᠠᠢᠬᠤ ᠵᠢ ᠪᠠᠳᠤᠯᠠᠵᠠᠢ᠃


QQ截图20260609105942.png


ᠦᠪᠡᠷᠳᠡᠬᠡᠨ ᠵᠠᠰᠠᠬᠤ ᠤᠷᠤᠨ ᠤ᠋ ᠬᠤᠤᠷᠳᠤ ᠡᠳ᠋ ᠎ᠢ ᠴᠠᠭᠠᠵᠠᠯᠠᠬᠤ ᠵᠦᠪᠯᠡᠯ ᠤ᠋ᠨ ᠬᠠᠷᠢᠭᠤᠴᠠᠯᠭᠠᠳᠠᠨ ᠤ᠋ ᠢᠯᠡᠷᠬᠡᠢᠯᠡᠭᠰᠡᠨ ᠵᠢᠡᠷ᠂ ᠪᠦᠬᠦ ᠤᠷᠤᠨ᠎ᠤ ᠡᠯ᠎ᠡ ᠱᠠᠳᠤᠨ ᠤ᠋ ᠬᠤᠤᠷᠳᠤ ᠡᠳ᠋᠎ᠢ ᠴᠠᠭᠠᠵᠠᠯᠠᠬᠤ ᠰᠠᠯᠠᠭ᠎ᠠ ᠮᠦᠴᠢᠷ ᠰᠢᠨᠤᠯ ᠲᠠᠢ ᠪᠤᠯᠭᠠᠬᠤ ᠪᠤᠳᠠᠰ᠎ᠲᠦ ᠬᠤᠯᠪᠤᠬᠳᠠᠬᠰᠠᠨ ᠬᠠᠤᠯᠢ ᠡᠴᠨ ᠵᠦᠷᠢᠴᠡᠭᠰᠡᠨ ᠶᠠᠯᠠᠳᠤ ᠠᠵᠢᠯᠯᠠᠭ᠎ᠠ ᠳ᠋ᠸ᠋ ᠴᠤᠬᠢᠯᠳᠠ ᠦᠭᠴᠦ ᠴᠡᠭᠴᠡᠯᠡᠨ ᠵᠠᠰᠠᠬᠤ ᠠᠵᠢᠯᠯᠠᠭ᠎ᠠ ᠵᠢ ᠦᠷᠬᠦᠯᠵᠢᠯᠡᠨ ᠢᠳᠡᠪᠬᠢᠳᠡᠢ ᠦᠷᠨᠢᠬᠦᠯᠵᠦ᠂ ᠶᠠᠯᠠᠳᠤ ᠠᠵᠢᠯᠯᠠᠭ᠎ᠠ ᠵᠢᠨ ᠡᠪᠰᠡᠯ ᠪᠦᠯᠦᠭ᠎ᠢ ᠬᠦᠨᠵᠡᠬᠡᠢ ᠠᠭᠤᠳᠠᠯᠤᠨ᠂ ᠶᠠᠯᠠᠳᠤ ᠠᠵᠢᠯᠯᠠᠭ᠎ᠠ ᠵᠢᠨ ᠲᠤᠤᠷ᠎ᠢ ᠰᠦᠢᠷᠡᠬᠦᠯᠦᠨ᠂ ᠬᠠᠩᠭᠠᠯᠭ᠎ᠠ ᠵᠢᠨ ᠢᠷᠡᠯᠳᠡ ᠵᠢ ᠲᠠᠰᠤᠯᠤᠨ᠂ ᠬᠤᠤᠷᠳᠤ ᠡᠳ᠋ ᠤ᠋ᠨ ᠬᠠᠤᠯᠢ ᠡᠴᠨ ᠵᠦᠷᠢᠴᠡᠭᠰᠡᠨ ᠶᠠᠯᠠᠳᠤ ᠠᠵᠢᠯᠯᠠᠭ᠎ᠠ ᠵᠢᠨ ᠠᠵᠢᠯᠯᠠᠭᠠᠨ ᠤ᠋ ᠤᠷᠤᠨ ᠵᠠᠢ ᠵᠢ ᠪᠦᠬᠦ ᠬᠦᠴᠦᠨ ᠵᠢᠡᠷ ᠪᠠᠭᠠᠰᠬᠠᠨ᠂ ᠲᠡᠭᠡᠳᠦ ᠬᠡᠮᠵᠢᠶᠡᠨ ᠤ᠋ ᠤᠯᠤᠰ ᠲᠦᠷᠦ ᠵᠢᠨ ᠤᠬᠠᠮᠰᠠᠷ ᠵᠢᠡᠷ ᠰᠢᠨ᠎ᠠ ᠴᠠᠬ ᠦᠶ᠎ᠡ ᠵᠢᠨ ᠬᠤᠤᠷᠳᠤ ᠡᠳ᠋᠎ᠢ ᠴᠠᠭᠠᠵᠠᠯᠠᠬᠤ ᠠᠵᠢᠯ᠎ᠢ ᠬᠦᠴᠦᠳᠡᠢ ᠠᠬᠢᠭᠤᠯᠤᠨ᠎ᠠ ᠬᠡᠵᠡᠢ᠃


QQ截图20260609105956.png

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号