ᠰᠢ ᠵᠢᠨ ᠫᠢᠩ ᠵᠢᠨ ᠵᠧᠩ ᠧᠨ᠎ᠦ ᠡᠷᠭᠢᠯᠡᠭ᠌ᠰᠡᠨ ᠤᠭ᠍ᠲᠤᠬᠤ ᠶᠣᠰᠣᠯᠠᠯ᠎ᠳᠤ ᠣᠷᠣᠯᠴᠠᠪᠠ
2026-06-09 09:31:31
ᠵᠣᠬᠢᠶᠠᠭ᠍ᠴᠢ᠄
ᠵᠦ᠍ ᠵᠶ᠋ᠢ ᠴᠠᠢ ᠬᠤᠤ ᠸᠧᠢ ᠸᠧᠢ
ᠣᠩᠱᠢᠭ᠍ᠰᠠᠨ ᠣᠳᠠᠭ᠎ᠠ᠄
★★★☆☆

ᠲᠤᠬᠠᠢ᠎ᠶ᠋ᠢᠨ ᠭᠠᠵᠠᠷ᠎ᠤᠨ ᠴᠠᠭ᠎ᠢᠶᠠᠷ 6 ᠰᠠᠷ᠎ᠠ᠎ᠶ᠋ᠢᠨ 8 ᠤ᠋ ᠦᠳᠡ᠎ᠳᠦ᠂ ᠰᠣᠯᠣᠩᠭᠣᠰ᠎ᠤᠨ ᠬᠥᠳᠡᠯᠮᠦᠷᠢᠴᠢᠨ᠎ᠦ ᠨᠠᠮ᠎ᠤᠨ ᠶᠡᠷᠦᠩᠬᠡᠢ ᠱᠦᠵᠢ᠂ ᠲᠦᠷᠦ᠍᠎ᠶ᠋ᠢᠨ ᠶᠠᠪᠤᠳᠠᠯ᠎ᠤᠨ ᠬᠤᠷᠢᠶ᠎ᠠ ᠵᠢᠨ ᠳᠠᠷᠤᠭ᠎ᠠ᠎ᠶ᠋ᠢᠨ ᠵᠧᠩ ᠧᠨ ᠫᠢᠶᠧᠩᠶᠠᠩ᠎ᠤᠨ ᠵᠢᠨ ᠿᠢ ᠴᠧᠩ ᠠᠭᠤᠳᠠᠮ ᠲᠠᠯᠠᠪᠠᠢ᠎ᠳᠤ ᠲᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠤᠷᠢᠶ᠎ᠠ ᠵᠢᠨ ᠶᠡᠷᠦᠩᠬᠡᠢ ᠱᠦᠵᠢ᠂ ᠤᠯᠤᠰ᠎ᠤᠨ ᠲᠡᠷᠢᠭᠦᠯᠡᠭ᠌ᠴᠢ ᠰᠢ ᠵᠢᠨ ᠫᠢᠩ᠎ᠢ ᠤᠭ᠍ᠲᠤᠬᠤ ᠦᠪᠡᠳᠡᠭ᠌ᠰᠢ ᠶᠡᠬᠡ ᠶᠣᠰᠣᠯᠠᠯ ᠡᠷᠬᠢᠯᠡᠪᠡ᠃

ᠵᠢᠨ ᠿᠢ ᠴᠧᠩ ᠠᠭᠤᠳᠠᠮ ᠲᠠᠯᠠᠪᠠᠢ᠎ᠶ᠋ᠢᠨ ᠭᠣᠣᠯ ᠳᠤᠮᠳᠠ ᠳᠤᠮᠳᠠᠳᠤ ᠰᠣᠯᠣᠩᠭᠣᠰ ᠬᠣᠶᠠᠷ ᠨᠠᠮ ᠬᠣᠶᠠᠷ ᠤᠯᠤᠰ᠎ᠤᠨ ᠬᠠᠮᠤᠭ᠎ᠤᠨ ᠳᠡᠭᠡᠳᠦ ᠤᠳᠤᠷᠢᠳᠭᠤ ᠬᠥᠮᠦᠨ᠎ᠦ ᠲᠤᠮᠤ ᠬᠦᠷᠦᠭ᠎ᠢ ᠡᠯᠭᠦᠵᠦ᠍᠂ ᠬᠣᠶᠠᠷ ᠲᠠᠯ᠎ᠠ᠎ᠪᠠᠷ ᠨᠢ ᠳᠤᠮᠳᠠᠳᠤ ᠰᠣᠯᠣᠩᠭᠣᠰ ᠬᠣᠶᠠᠷ ᠬᠡᠯᠡ᠎ᠪᠡᠷ ᠪᠢᠴᠢᠭ᠌ᠰᠡᠨ 《ᠰᠣᠯᠣᠩᠭᠣᠰ ᠳᠤᠮᠳᠠᠳᠤ᠎ᠶ᠋ᠢᠨ ᠨᠥᠬᠥᠷᠯᠡᠯ ᠥᠨᠢ ᠮᠥᠩᠬᠡ》 ᠂ 《ᠰᠣᠯᠣᠩᠭᠣᠰ ᠳᠤᠮᠳᠠᠳᠤ᠎ᠶ᠋ᠢᠨ ᠡᠪᠳᠡᠷᠡᠰᠢ ᠦᠭᠡᠢ ᠪᠠᠲᠤ ᠪᠡᠬᠢ ᠨᠥᠬᠥᠷᠯᠡᠯ ᠪᠦᠯᠬᠦᠮᠳᠡᠯ ᠮᠠᠨᠳᠤᠲᠤᠭᠠᠢ》 ᠭᠡᠬᠦ᠌ ᠤᠷᠢᠶ᠎ᠠ ᠣᠨᠴᠠ᠎ᠶ᠋ᠢᠨ ᠢᠯᠡ ᠲᠣᠳᠣ ᠬᠠᠷᠠᠭ᠍ᠳᠠᠨ᠎ᠠ᠃ ᠬᠣᠶᠠᠷ ᠤᠯᠤᠰ᠎ᠤᠨ ᠤᠯᠤᠰ᠎ᠤᠨ ᠲᠤᠭ ᠰᠠᠯᠬᠢᠨ᠎ᠤ ᠠᠶ᠎ᠠ᠎ᠪᠠᠷ ᠨᠠᠮᠢᠷᠠᠵᠤ᠂ ᠪᠠᠶᠠᠷᠯᠠᠨ ᠤᠭ᠍ᠲᠤᠵᠤ ᠪᠠᠢᠭ᠎ᠠ ᠬᠥᠮᠦᠰ ᠪᠠᠶᠠᠷ ᠪᠠᠶᠠᠰᠬᠤᠯᠠᠩ ᠲᠠᠢ ᠪᠡᠷ ᠬᠦᠰᠡᠨ ᠬᠦᠯᠢᠶᠡᠵᠦ ᠪᠠᠢᠯ᠎ᠠ᠃


QQ20260609-093025.png


 ᠲᠤᠬᠠᠢ᠎ᠶ᠋ᠢᠨ ᠭᠠᠵᠠᠷ᠎ᠤᠨ ᠴᠠᠭ᠎ᠢᠶᠠᠷ 6 ᠰᠠᠷ᠎ᠠ᠎ᠶ᠋ᠢᠨ 8 ᠤ᠋ ᠦᠳᠡ᠎ᠳᠦ᠂ ᠰᠣᠯᠣᠩᠭᠣᠰ᠎ᠤᠨ ᠬᠥᠳᠡᠯᠮᠦᠷᠢᠴᠢᠨ᠎ᠦ ᠨᠠᠮ᠎ᠤᠨ ᠶᠡᠷᠦᠩᠬᠡᠢ ᠱᠦᠵᠢ᠂ ᠲᠦᠷᠦ᠍᠎ᠶ᠋ᠢᠨ ᠶᠠᠪᠤᠳᠠᠯ᠎ᠤᠨ ᠬᠤᠷᠢᠶ᠎ᠠ ᠵᠢᠨ ᠳᠠᠷᠤᠭ᠎ᠠ᠎ᠶ᠋ᠢᠨ ᠵᠧᠩ ᠧᠨ ᠫᠢᠶᠧᠩᠶᠠᠩ᠎ᠤᠨ ᠵᠢᠨ  ᠿᠢ ᠴᠧᠩ ᠠᠭᠤᠳᠠᠮ ᠲᠠᠯᠠᠪᠠᠢ᠎ᠳᠤ ᠲᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠤᠷᠢᠶ᠎ᠠ ᠵᠢᠨ ᠶᠡᠷᠦᠩᠬᠡᠢ ᠱᠦᠵᠢ᠂ ᠤᠯᠤᠰ᠎ᠤᠨ ᠲᠡᠷᠢᠭᠦᠯᠡᠭ᠌ᠴᠢ ᠰᠢ ᠵᠢᠨ ᠫᠢᠩ᠎ᠢ ᠤᠭ᠍ᠲᠤᠬᠤ ᠦᠪᠡᠳᠡᠭ᠌ᠰᠢ ᠶᠡᠬᠡ ᠶᠣᠰᠣᠯᠠᠯ ᠡᠷᠬᠢᠯᠡᠪᠡ᠃ ᠵᠢᠷᠤᠭ ᠪᠤᠯ ᠰᠢ ᠵᠢᠨ ᠫᠢᠩ ᠵᠢᠨ ᠵᠧᠩ ᠧᠨ᠎ᠦ ᠪᠠᠷ᠎ᠠ ᠪᠤᠯᠤᠯᠭ᠎ᠠ᠎ᠲᠠᠶ ᠎ᠪᠠᠷ ᠰᠣᠯᠣᠩᠭᠣᠰ᠎ᠤᠨ ᠠᠷᠠᠳ᠎ᠤᠨ ᠴᠡᠷᠢᠭ᠎ᠦᠨ ᠭᠤᠷᠪᠠᠨ ᠵᠠᠮ᠎ᠤᠨ ᠴᠡᠷᠢᠭ᠎ᠦᠨ ᠶᠣᠰᠣᠯᠠᠯ᠎ᠤᠨ ᠠᠩᠬᠢ᠎ᠶ᠋ᠢ ᠱᠢᠯᠭᠠᠨ ᠦᠵᠡᠵᠦ᠍ ᠪᠠᠢᠭ᠎ᠠ ᠨᠢ᠃

ᠰᠢᠨᠬᠤᠸᠠ ᠬᠤᠷᠢᠶᠠᠨ᠎ᠤ ᠰᠤᠷᠪᠤᠯᠵᠢᠯᠠᠭᠴᠢ ᠳ᠋ᠢᠩ ᠯᠢᠨ ᠰᠡᠬᠦᠳᠡᠷᠯᠡᠪᠠ


ᠰᠢ ᠵᠢᠨ ᠫᠢᠩ ᠬᠠᠳᠤᠨ ᠫᠸᠩ ᠯᠢ ᠶᠤᠸᠠᠨ᠎ᠲᠠᠶ᠎ᠪᠠᠨ ᠲᠡᠷᠭᠡᠨ᠎ᠳᠦ ᠰᠠᠭᠤᠵᠤ ᠬᠦᠷᠴᠦ᠍ ᠢᠷᠡᠬᠦ᠌᠎ᠳᠦ ᠮᠣᠷᠢᠲᠤ ᠵᠢᠭᠰᠠᠭᠠᠯ᠎ᠤᠨ ᠴᠡᠷᠢᠭ ᠮᠥᠷᠯᠡᠨ ᠵᠢᠭ᠍ᠰᠠᠵᠤ ᠤᠭ᠍ᠲᠤᠵᠤ᠂ ᠴᠡᠷᠢᠭ᠎ᠦᠨ ᠬᠥᠭ᠌ᠵᠢᠮ᠎ᠦᠨ ᠪᠦᠯᠬᠦᠮ ᠤᠭ᠍ᠲᠤᠬᠤ ᠠᠶᠠᠰ ᠬᠥᠭ᠌ᠵᠢᠮᠳᠡᠪᠡ᠃ ᠵᠢᠨ ᠵᠧᠩ ᠧᠨ ᠬᠠᠳᠤᠨ ᠯᠢ ᠱᠢᠤᠸᠠᠢ ᠵᠦ᠍ ᠲᠠᠢ᠎ᠪᠡᠨ ᠠᠭᠤᠳᠠᠮ ᠲᠠᠯᠠᠪᠠᠢ᠎ᠳᠤ ᠤᠭ᠍ᠲᠤᠪᠠ᠃ ᠰᠢ ᠵᠢᠨ ᠫᠢᠩ ᠬᠠᠳᠤᠨ᠎ᠲᠠᠶ᠎ᠪᠠᠨ ᠪᠣᠯᠤᠨ ᠵᠢᠨ ᠵᠧᠩ ᠧᠨ ᠬᠠᠳᠤᠨ᠎ᠲᠠᠶ᠎ᠪᠠᠨ ᠲᠤᠰ ᠲᠤᠰ ᠨᠦᠬᠦᠭᠡ ᠲᠠᠯ᠎ᠠ᠎ᠶ᠋ᠢᠨ ᠪᠠᠷ᠎ᠠ ᠪᠣᠯᠤᠭ᠍ᠰᠠᠳ᠎ᠲᠠᠶ ᠭᠠᠷ ᠠᠳᠭᠤᠵᠤ ᠮᠡᠨᠳᠦᠴᠢᠯᠡᠯ ᠳᠡᠪᠱᠢᠭᠦᠯᠪᠡ᠃ ᠬᠣᠶᠠᠷ ᠨᠠᠮ ᠬᠣᠶᠠᠷ ᠤᠯᠤᠰ᠎ᠤᠨ ᠬᠠᠮᠤᠭ᠎ᠤᠨ ᠳᠡᠭᠡᠳᠦ ᠤᠳᠤᠷᠢᠳᠭᠤ ᠬᠥᠮᠦᠨ ᠬᠠᠮᠲᠤ᠎ᠪᠠᠷ ᠱᠢᠯᠭᠠᠨ ᠦᠵᠡᠬᠦ᠌ ᠲᠠᠢᠰᠠᠨ᠎ᠳᠤ ᠭᠠᠷᠴᠤ᠌᠂ ᠴᠡᠷᠢᠭ᠎ᠦᠨ ᠬᠥᠭ᠌ᠵᠢᠮ᠎ᠦᠨ ᠪᠦᠯᠬᠦᠮ ᠳᠤᠮᠳᠠᠳᠤ ᠰᠣᠯᠣᠩᠭᠣᠰ ᠬᠣᠶᠠᠷ ᠤᠯᠤᠰ᠎ᠤᠨ ᠤᠯᠤᠰ᠎ᠤᠨ ᠰᠦᠯᠳᠡ ᠳᠠᠭᠤᠤ᠎ᠶ᠋ᠢ ᠬᠥᠭ᠌ᠵᠢᠮᠳᠡᠵᠦ᠍᠂ ᠶᠣᠰᠣᠯᠠᠯ᠎ᠤᠨ ᠫᠤᠤ᠎ᠶ᠋ᠢ 21 ᠤᠳᠠᠭ᠎ᠠ ᠳᠤᠤᠭᠠᠷᠭᠠᠪᠠ᠃ ᠰᠢ ᠵᠢᠨ ᠫᠢᠩ ᠵᠢᠨ ᠵᠧᠩ ᠧᠨ᠎ᠦ ᠪᠠᠷ᠎ᠠ ᠪᠤᠯᠤᠯᠭ᠎ᠠ᠎ᠲᠠᠶ᠎ᠪᠠᠷ ᠰᠣᠯᠣᠩᠭᠣᠰ᠎ᠤᠨ ᠠᠷᠠᠳ᠎ᠤᠨ ᠴᠡᠷᠢᠭ ᠎ᠦᠨ ᠭᠤᠷᠪᠠᠨ ᠵᠠᠮ ᠎ᠤᠨ ᠴᠡᠷᠢᠭ᠎ᠦᠨ ᠶᠣᠰᠣᠯᠠᠯ᠎ᠤᠨ ᠠᠩᠬᠢ᠎ᠶ᠋ᠢ ᠱᠢᠯᠭᠠᠨ ᠦᠵᠡᠵᠦ᠍᠂ ᠶᠣᠰᠣᠯᠠᠯ᠎ᠤᠨ ᠠᠩᠬᠢ᠎ᠶ᠋ᠢᠨ ᠭᠡᠱᠢᠭᠦᠳ ᠰᠣᠯᠣᠩᠭᠣᠰ ᠬᠡᠯᠡ᠎ᠪᠡᠷ《ᠰᠢ ᠵᠢᠨ ᠫᠢᠩ ᠨᠥᠬᠥᠷ᠎ᠦᠨ ᠪᠡᠶ᠎ᠡ ᠮᠠᠬᠠᠪᠣᠳ᠎ᠤᠨ ᠡᠷᠡᠭᠦᠯ ᠮᠡᠨᠳᠦ᠍᠎ᠶ᠋ᠢ ᠵᠥᠩᠨᠡᠶ᠎ᠡ》ᠭᠡᠵᠦ᠍ ᠥᠨᠳᠥᠷ ᠲᠠᠭᠤᠨ᠎ᠢᠶᠠᠷ ᠬᠠᠰᠭᠢᠷᠪᠠ᠃  ᠲᠠᠷᠠᠭ᠎ᠠ ᠨᠢ ᠰᠢ ᠵᠢᠨ ᠫᠢᠩ ᠵᠢᠨ ᠵᠧᠩ ᠧᠨ᠎ᠲᠡᠶ ᠬᠠᠮᠲᠤ ᠵᠢᠭ᠍ᠰᠠᠭᠠᠯ᠎ᠢ ᠰᠣᠨᠢᠷᠬᠠᠪᠠ᠃

ᠫᠢᠶᠧᠩᠶᠠᠩ᠎ᠤᠨ ᠡᠯ᠎ᠡ ᠡᠲᠡᠭᠡᠳ᠎ᠦᠨ ᠤᠯᠠᠨ ᠲᠦᠮᠡᠨ ᠪᠣᠯᠤᠨ ᠪᠠᠭᠠᠴᠤᠳ ᠬᠡᠦᠬᠡᠳ ᠪᠠᠶᠠᠷ᠎ᠤᠨ ᠡᠳᠦᠷ᠎ᠦᠨ ᠬᠤᠪᠴᠠᠰᠤ᠎ᠵᠠᠰᠠᠯ᠎ᠢᠶᠡᠷ᠎ᠢᠶᠡᠨ ᠴᠢᠮᠡᠭᠯᠡᠵᠦ᠂ ᠲᠤᠭ ᠳᠠᠯᠪᠠᠭ᠎ᠠ᠂ ᠰᠣᠷᠭᠣᠭ ᠴᠡᠴᠡᠭ ᠪᠣᠯᠤᠨ ᠬᠡᠢᠲᠦ ᠪᠥᠮᠪᠥᠭᠡ ᠠᠳᠭᠤᠵᠤ᠂ ᠳᠤᠮᠳᠠᠳᠤ ᠰᠣᠯᠣᠩᠭᠣᠰ᠎ᠤᠨ ᠨᠥᠬᠥᠷᠯᠡᠯ᠎ᠦᠨ ᠤᠷᠢᠶ᠎ᠠ᠎ᠶ᠋ᠢ ᠥᠨᠳᠥᠷ ᠬᠠᠰᠭᠢᠷᠴᠤ᠌᠂ ᠬᠠᠯᠠᠭᠤᠨ ᠠᠯᠠᠭ᠎ᠠ ᠲᠠᠱᠢᠯᠳᠠ ᠪᠣᠯᠤᠨ ᠤᠷᠠᠢᠯᠠᠬᠤ ᠲᠠᠭᠤᠨ᠎ᠢᠶᠠᠷ ᠠᠢᠯᠴᠢᠯᠠᠷ᠎ᠠ ᠢᠷᠡᠭ᠌ᠰᠡᠨ ᠳᠤᠮᠳᠠᠳᠤ ᠤᠯᠤᠰ᠎ᠤᠨ ᠬᠦᠨᠳᠦᠲᠦ ᠵᠣᠴᠢᠳ᠎ᠢ ᠴᠢᠩ ᠰᠡᠳᠭᠢᠯ᠎ᠡᠴᠡ᠎ᠪᠡᠨ ᠪᠠᠶᠠᠷᠯᠠᠨ ᠤᠭ᠍ᠲᠤᠵᠤ ᠪᠠᠢᠬᠤ᠎ᠪᠠᠨ ᠢᠯᠡᠳᠭᠡᠪᠡ᠃ ᠰᠢ ᠵᠢᠨ ᠫᠢᠩ ᠪᠣᠯᠤᠨ ᠵᠢᠨ ᠵᠧᠩ ᠧᠨ ᠤᠯᠠᠭᠠᠨ ᠬᠡᠪᠢᠰ᠎ᠢ ᠳᠠᠭᠠᠨ ᠠᠯᠬᠤᠵᠦ᠂ ᠤᠭ᠍ᠲᠤᠬᠤ᠎ᠪᠠᠷ ᠢᠷᠡᠭ᠌ᠰᠡᠨ ᠤᠯᠠᠨ ᠲᠦᠮᠡᠨ ᠪᠣᠯᠤᠨ ᠪᠠᠭᠠᠴᠤᠳ ᠬᠡᠦᠬᠡᠳ ᠵᠦᠭ ᠭᠠᠷ ᠳᠠᠯᠠᠯᠤᠨ ᠮᠡᠨᠳᠦᠴᠢᠯᠡᠪᠡ᠃

ᠤᠭ᠍ᠲᠤᠬᠤ ᠶᠣᠰᠣᠯᠠᠯ ᠲᠡᠭᠦᠰᠭᠦ ᠦᠶ᠎ᠡ᠎ᠪᠡᠷ ᠠᠭᠤᠳᠠᠮ ᠲᠠᠯᠠᠪᠠᠢ ᠳᠡᠭᠡᠷ᠎ᠡ ᠳᠤᠮᠳᠠᠳᠤ ᠰᠣᠯᠣᠩᠭᠣᠰ᠎ᠤᠨ ᠬᠣᠣᠰ ᠬᠡᠯᠡᠨ᠎ᠦ ᠤᠭ᠍ᠲᠤᠬᠤ ᠤᠷᠢᠶ᠎ᠠ ᠵᠢ ᠡᠯᠭᠦᠭ᠌ᠰᠡᠨ ᠦᠩᠭᠡᠲᠤ ᠬᠡᠢᠲᠦ ᠪᠥᠮᠪᠥᠭᠡ ᠵᠢ ᠨᠢᠰᠭᠡᠪᠡ᠃ ᠳᠠᠷᠠᠭ᠎ᠠ ᠨᠢ ᠰᠢ ᠵᠢᠨ ᠫᠢᠩ ᠪᠣᠯᠤᠨ ᠫᠸᠩ ᠯᠢ ᠶᠤᠸᠠᠨ ᠲᠡᠷᠭᠡᠨ᠎ᠳᠤ ᠰᠠᠭᠤᠵᠤ ᠵᠢᠨ ᠱᠢᠤ ᠱᠠᠨ ᠵᠤᠴᠢᠳ᠎ᠤᠨ ᠪᠠᠭᠤᠳᠠᠯ᠎ᠳᠤ ᠬᠦᠷᠴᠦ᠍ ᠪᠠᠭᠤᠳᠠᠯᠯᠠᠪᠠ᠃ ᠵᠢᠨ ᠵᠧᠩ ᠧᠨ ᠬᠠᠳᠤᠨ ᠯᠢ ᠱᠢᠤᠸᠠᠢ ᠵᠦ᠍ ᠲᠠᠢ᠎ᠪᠡᠨ ᠵᠤᠴᠢᠳ᠎ᠤᠨ ᠪᠠᠭᠤᠳᠠᠯ᠎ᠳᠤ ᠬᠦᠷᠭᠡᠪᠡ᠃

ᠨᠢᠰᠭᠡᠯ᠎ᠦᠨ ᠪᠠᠭᠤᠳᠠᠯ᠎ᠠᠴᠠ ᠵᠢᠨ ᠿᠢ ᠴᠧᠩ ᠠᠭᠤᠳᠠᠮ ᠲᠠᠯᠠᠪᠠᠢ ᠬᠦᠷᠬᠦ ᠪᠣᠯᠤᠨ ᠵᠢᠨ ᠿᠢ ᠴᠧᠩ ᠠᠭᠤᠳᠠᠮ ᠲᠠᠯᠠᠪᠠᠢ᠎ᠡᠴᠡ ᠵᠢᠨ ᠱᠢᠤ ᠱᠠᠨ ᠵᠤᠴᠢᠳ᠎ᠤᠨ ᠪᠠᠭᠤᠳᠠᠯ ᠬᠦᠷᠬᠦ᠌ ᠵᠠᠮ ᠵᠠᠭᠤᠷ᠎ᠠ ᠰᠣᠯᠣᠩᠭᠣᠰ᠎ᠤᠨ ᠠᠷᠠᠳ ᠤᠯᠠᠨ ᠰᠠᠨᠠᠭᠠᠴᠢᠯᠠᠭ᠎ᠠ ᠡᠴᠡ ᠪᠡᠨ ᠵᠠᠮ᠎ᠤᠨ ᠬᠣᠶᠠᠷ ᠬᠠᠵᠠᠭᠤ᠎ᠪᠠᠷ ᠭᠠᠷ ᠳᠠᠯᠠᠯᠤᠨ ᠰᠢ ᠵᠢᠨ ᠫᠢᠩ᠎ᠦᠨ ᠠᠢᠯᠴᠢᠯᠠᠷ᠎ᠠ ᠢᠷᠡᠭ᠌ᠰᠡᠨ᠎ᠢ ᠪᠠᠶᠠᠷᠯᠠᠨ ᠤᠭ᠍ᠲᠤᠪᠠ᠃

ᠼᠠᠢ ᠴᠢ᠂ ᠸᠠᠩ ᠢ᠎ᠨᠡᠷ ᠣᠷᠣᠯᠴᠠᠵᠠᠢ᠃

ᠱᠢᠨᠬᠤᠸᠠ ᠬᠤᠷᠢᠶ᠎ᠠ ᠵᠢᠨ ᠫᠢᠶᠧᠩᠶᠠᠩ᠎ᠤᠨ 6 ᠰᠠᠷ᠎ᠠ᠎ᠶ᠋ᠢᠨ 8 ᠤ᠋ ᠴᠠᠬᠢᠯᠭᠠᠨ ᠮᠡᠳᠡᠭᠡ

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号