ᠤᠯᠠᠨ᠎ᠤ ᠮᠡᠳᠡᠭᠡᠵᠢ᠎ᠪᠡᠷ ᠨᠢᠭᠡ ᠲᠥᠷᠥᠯ᠎ᠦᠨ ᠬᠡᠯᠡᠨ᠎ᠡᠴᠡ ᠥᠭᠡᠷ᠎ᠡ ᠨᠢᠭᠡ ᠲᠥᠷᠥᠯ᠎ᠦᠨ ᠬᠡᠯᠡᠨ᠎ᠳᠦ ᠣᠷᠴᠢᠭᠤᠯᠭ᠎ᠠ ᠬᠢᠬᠦ᠎ᠶᠢᠨ ᠭᠣᠣᠯ ᠵᠣᠷᠢᠯᠲᠠ ᠨᠢ ᠣᠷᠴᠢᠭᠤᠯᠤᠭᠰᠠᠨ ᠠᠭᠤᠯᠭ᠎ᠠ᠎ᠶᠢ ᠬᠥᠮᠥᠰ᠎ᠲᠦ ᠣᠢᠯᠠᠭᠠᠭᠤᠯᠬᠤ᠎ᠶᠢᠨ ᠲᠥᠯᠥᠭᠡ ᠶᠤᠮ᠃ ᠣᠢᠷ᠎ᠠ᠎ᠶᠢᠨ ᠵᠢᠯ᠎ᠦᠳ᠎ᠲᠦ ᠰᠢᠨᠵᠢᠯᠡᠭᠡ ᠣᠬᠠᠭᠠᠨ ᠲᠸᠭᠨᠢᠭ ᠮᠡᠷᠭᠡᠵᠢᠯ᠎ᠦᠨ ᠬᠥᠭᠵᠢᠯᠲᠡ᠎ᠶᠢ ᠳᠠᠭᠠᠯᠳᠤᠨ ᠶᠠᠩᠵᠤ ᠪᠦᠷᠢ᠎ᠶᠢᠨ ᠣᠷᠴᠢᠭᠤᠯᠭ᠎ᠠ᠎ᠶᠢᠨ ᠪᠠᠭᠠᠵᠢ ᠡᠭᠦᠳᠦᠭᠳᠡᠨ ᠭᠠᠷᠴᠦ ᠥᠭᠡᠷ᠎ᠡ ᠥᠭᠡᠷ᠎ᠡ ᠬᠡᠯᠡ ᠲᠠᠢ ᠬᠥᠮᠥᠰ᠎ᠦᠨ ᠬᠣᠭᠣᠷᠣᠨᠳᠤ᠎ᠪᠠᠨ ᠬᠡᠯᠡ ᠠᠮᠠ᠎ᠪᠠᠨ ᠣᠯᠣᠯᠴᠠᠬᠤ᠂ ᠰᠠᠨᠠᠯ᠎ᠢᠶᠠᠨ ᠰᠣᠯᠢᠯᠴᠠᠬᠤ᠎ᠳᠤ ᠲᠤᠩ ᠳᠥᠭᠥᠮ ᠪᠣᠯᠣᠭᠰᠠᠨ ᠪᠠᠢᠨ᠎ᠠ᠃ ᠵᠢᠱ᠌ᠢᠶᠡᠯᠡᠭᠡᠳ ᠶᠠᠷᠢᠬᠤ᠎ᠳᠤ ᠬᠣᠶᠠᠷ ᠤᠯᠤᠰ᠎ᠤᠨ ᠬᠥᠮᠥᠨ ᠬᠣᠭᠣᠷᠣᠨᠳᠤ᠎ᠪᠠᠨ ᠠᠭᠤᠯᠵᠠᠭᠠᠳ ᠶᠠᠷᠢᠯᠴᠠᠬᠤ᠎ᠳᠤ ᠭᠠᠷ ᠤᠳᠠᠰᠤᠨ᠎ᠳᠠᠭᠠᠨ ᠣᠷᠴᠢᠭᠤᠯᠭ᠎ᠠ᠎ᠳᠤ ᠬᠡᠷᠡᠭᠯᠡᠳᠡᠭ ᠲᠤᠰᠬᠠᠢ APP ᠵᠢ ᠤᠭᠰᠠᠷᠠᠵᠤ᠂ ᠭᠠᠷ ᠤᠲᠠᠰᠤ᠎ᠪᠠᠷ᠎ᠢᠶᠠᠨ ᠬᠡᠯᠡᠭᠰᠡᠨ ᠦᠭᠡ᠎ᠪᠡᠨ ᠰᠢᠩᠭᠡᠭᠡᠵᠦ ᠲᠡᠷᠡ ᠳᠠᠷᠤᠢ᠎ᠳᠤ ᠨᠢ ᠣᠷᠴᠢᠭᠤᠯᠵᠤ ᠪᠣᠯᠳᠠᠭ᠃ ᠢᠩᠭᠢᠵᠦ ᠣᠷᠴᠢᠭᠤᠯᠭ᠎ᠠ ᠬᠢᠬᠦ ᠨᠢ ᠬᠡᠳᠦᠢᠪᠡᠷ 100% ᠵᠢᠨ ᠣᠨᠣᠪᠴᠢ᠎ᠶᠢᠨ ᠬᠡᠮᠵᠢᠶᠡᠨ᠎ᠳᠦ ᠬᠦᠷᠴᠦ ᠳᠡᠢᠯᠬᠦ ᠦᠭᠡᠢ ᠴᠤ᠌ ᠭᠡᠰᠡᠨ ᠬᠣᠶᠠᠷ ᠬᠥᠮᠥᠨ ᠬᠣᠭᠣᠷᠣᠨᠳᠤ᠎ᠪᠠᠨ ᠶᠡᠬᠡ ᠲᠥᠯᠥᠪ ᠶᠠᠭᠤ ᠶᠠᠷᠢᠭᠠᠳ ᠪᠠᠢᠭ᠎ᠠ᠎ᠪᠠᠨ ᠣᠢᠯᠠᠭᠠᠭᠤᠯᠵᠤ ᠳᠡᠢᠯᠦᠨ᠎ᠡ᠃ ᠲᠡᠢᠮᠦᠪᠡᠷᠢᠶᠡᠨ ᠦᠩᠭᠡᠷᠡᠭᠰᠡᠨ᠎ᠢ ᠪᠣᠳᠣᠪᠠᠯ ᠣᠷᠴᠢᠭᠤᠯᠭ᠎ᠠ᠎ᠶᠢᠨ ᠠᠵᠢᠯ ᠤᠯᠠᠮ ᠠᠮᠠᠷᠬᠠᠨ ᠪᠣᠯᠬᠤ ᠲᠡᠢᠰᠢ ᠬᠥᠭᠵᠢᠵᠦ ᠪᠠᠢᠨ᠎ᠠ᠃
ᠡᠮᠦᠨ᠎ᠡ ᠬᠡᠳᠦᠨ ᠵᠢᠯ᠎ᠳᠦ ᠣᠷᠴᠢᠭᠤᠯᠭ᠎ᠠ᠎ᠶᠢᠨ ᠰᠣᠹᠲ᠂ ᠣᠷᠴᠢᠭᠤᠯᠭ᠎ᠠ᠎ᠶᠢᠨ APP ᠤᠯᠠᠨ ᠭᠠᠷᠴᠦ ᠪᠠᠢᠭᠰᠠᠨ ᠪᠣᠯ᠂ ᠣᠢᠷ᠎ᠠ᠎ᠶᠢᠨ ᠬᠣᠶᠠᠷ ᠵᠢᠯ᠎ᠡᠴᠡAI ᠮᠡᠷᠭᠡᠵᠢᠯ᠂ ᠥᠭᠡᠷ᠎ᠡ᠎ᠪᠡᠷ ᠬᠡᠯᠡᠪᠡᠯ ᠵᠣᠬᠢᠶᠠᠮᠠᠯ ᠣᠶᠣᠨ ᠴᠢᠳᠠᠪᠣᠷᠢ ᠶᠡᠬᠡᠪᠡᠷ ᠬᠥᠭᠵᠢᠭᠡᠳ ᠤᠯᠠᠨ ᠵᠦᠢᠯ᠎ᠦᠨ ᠵᠣᠬᠢᠶᠠᠮᠠᠯ ᠣᠶᠣᠨᠴᠢᠳᠠᠪᠣᠷᠢ ᠵᠢᠨ ᠣᠷᠴᠢᠭᠤᠯᠭ᠎ᠠ ᠳᠡᠯᠭᠡᠷᠡᠵᠦ ᠡᠬᠢᠯᠡᠵᠡᠢ᠃ ᠭᠡᠪᠡᠴᠦ ᠣᠷᠴᠢᠭᠤᠯᠭ᠎ᠠ᠎ᠶᠢᠨ ᠰᠣᠹᠲ᠂ ᠵᠣᠬᠢᠶᠠᠮᠠᠯ ᠣᠶᠣᠨᠴᠢᠳᠠᠪᠣᠷᠢ ᠵᠢᠨ ᠣᠷᠴᠢᠭᠤᠯᠭ᠎ᠠ᠎ᠶᠢᠨ ᠠᠯᠢ ᠨᠢᠭᠡ ᠨᠢ ᠴᠤ᠌ ᠤᠷᠠᠨ ᠵᠣᠬᠢᠶᠠᠯ᠎ᠤᠨ ᠣᠷᠴᠢᠭᠤᠯᠭ᠎ᠠ ᠬᠢᠬᠦ᠎ᠳᠤ ᠠᠨᠠᠢ ᠪᠠᠢᠬᠤ᠎ᠶᠢ ᠬᠡᠷᠡᠭᠯᠡᠭᠴᠢᠳ ᠣᠷᠴᠢᠭᠤᠯᠭ᠎ᠠ ᠬᠢᠬᠦ ᠶᠠᠪᠤᠴᠠ᠎ᠳᠠᠭᠠᠨ ᠰᠡᠷᠡᠵᠦ ᠮᠡᠳᠡᠵᠡᠢ᠃ ᠲᠡᠭᠡᠪᠡᠯ ᠶᠠᠭᠠᠬᠢᠭᠠᠳ ᠲᠡᠳᠡᠭᠡᠷ ᠣᠷᠴᠢᠭᠤᠯᠭ᠎ᠠ᠎ᠶᠢᠨ ᠪᠠᠭᠠᠵᠢ ᠨᠢ ᠤᠷᠠᠨ ᠵᠣᠬᠢᠶᠠᠯ᠂ ᠰᠢᠯᠦᠭ ᠳᠠᠭᠤᠤ᠎ᠶᠢ ᠣᠨᠣᠪᠴᠢᠲᠠᠢ ᠣᠷᠴᠢᠭᠤᠯᠵᠤ ᠴᠢᠳᠠᠳᠠᠭ ᠦᠭᠡᠢ ᠭᠡᠳᠡᠭ ᠠᠰᠠᠭᠤᠳᠠᠯ᠎ᠢ ᠨᠠᠷᠢᠪᠴᠢᠯᠠᠵᠤ ᠦᠵᠡᠪᠡᠯ ᠣᠷᠴᠢᠭᠤᠯᠭ᠎ᠠ᠎ᠶᠢᠨ ᠪᠠᠭᠠᠵᠢ ᠨᠤᠭᠤᠳ ᠬᠥᠮᠥᠨ ᠲᠥᠷᠥᠯᠬᠢᠲᠡᠨ᠎ᠦ ᠰᠡᠳᠭᠢᠬᠦᠢ᠎ᠶᠢ ᠪᠦᠷᠢᠨ ᠡᠵᠡᠮᠳᠡᠵᠦ ᠴᠢᠳᠠᠬᠤ ᠦᠭᠡᠢ᠂ ᠨᠡᠩ ᠢᠯᠠᠩᠭᠤᠶ᠎ᠠ ᠲᠡᠳᠡᠭᠡᠷ ᠣᠶᠤᠨᠴᠢ ᠪᠦᠲᠦᠭᠡᠭᠳᠡᠭᠦᠨ ᠪᠣᠯ ᠬᠢᠮᠡᠯ᠂ ᠠᠮᠢ ᠦᠭᠡᠢ ᠵᠦᠢᠯᠡᠰ ᠶᠤᠮ᠃ᠲᠡᠢᠮᠦ᠎ᠡᠴᠡ ᠬᠠᠢᠷ᠎ᠠ ᠰᠡᠳᠭᠢᠯᠭᠡ᠎ᠶᠢᠨ ᠡᠯᠸᠮᠸᠨ᠋ᠲ ᠣᠷᠣᠰᠢᠬᠤ ᠦᠭᠡᠢ᠎ᠡᠴᠡ ᠪᠣᠯᠣᠭᠰᠠᠨ ᠪᠠᠢᠬ᠎ᠠ ᠭᠡᠳᠡᠭ ᠨᠢ ᠵᠣᠬᠢᠶᠠᠭ᠍ᠴᠢ ᠶ᠋ᠢᠨ ᠦᠵᠡᠯᠲᠡ ᠶᠣᠮ᠃ ᠲᠡᠳᠡᠭᠡᠷ ᠣᠷᠴᠢᠭᠤᠯᠭ᠎ᠠ᠎ᠶᠢᠨ ᠪᠠᠭᠠᠵᠢ ᠨᠤᠭᠤᠳ ᠠᠯᠪᠠᠨ᠎ᠤ ᠲᠠᠯ᠎ᠠ᠎ᠶᠢᠨ ᠮᠡᠳᠡᠭᠡ᠂ ᠬᠠᠥᠯᠢ ᠳᠦᠷᠢᠮ ᠲᠥᠷᠥ᠎ᠶᠢᠨ ᠪᠣᠳᠣᠯᠭ᠎ᠠ᠎ᠶᠢᠨ ᠴᠢᠨᠠᠷᠲᠠᠢ ᠪᠢᠴᠢᠭ ᠮᠠᠲᠸᠷᠢᠶᠠᠯ᠎ᠢ ᠪᠣᠯ ᠨᠡᠯᠢᠶᠡᠳ ᠣᠨᠣᠪᠴᠢᠲᠠᠢ ᠣᠷᠴᠢᠭᠤᠯᠳᠠᠭ᠃ ᠤᠴᠢᠷ ᠨᠢ ᠲᠡᠳᠡᠭᠡᠷ ᠪᠢᠴᠢᠭ ᠮᠠᠲᠸᠷᠢᠶᠠᠯ᠎ᠳᠤ ᠰᠡᠳᠭᠢᠯᠬᠡ᠎ᠶᠢᠨ ᠦᠩᠭᠡ ᠪᠣᠳᠣᠭ ᠪᠠᠷᠤᠭ ᠪᠠᠢᠬᠤ ᠦᠭᠡᠢ ᠪᠣᠯᠬᠣᠷ ᠬᠠᠮᠢᠶ᠎ᠠ ᠪᠦᠬᠦᠢ ᠲᠣᠭ᠎ᠠ ᠪᠠᠷᠢᠮᠲᠠ᠎ᠶᠢ ᠵᠠᠳᠠᠯᠤᠭᠰᠠᠨ᠎ᠤ ᠰᠠᠭᠤᠷᠢᠨ ᠳᠡᠭᠡᠷ᠎ᠡ ᠠᠮᠠᠷᠬᠠᠨ ᠣᠷᠴᠢᠭᠤᠯᠵᠤ ᠴᠢᠳᠠᠨ᠎ᠠ᠂ ᠡᠰᠡᠷᠭᠦ᠎ᠪᠡᠷ ᠤᠷᠠᠨ ᠵᠣᠬᠢᠶᠠᠯ᠎ᠳᠤ ᠵᠣᠬᠢᠶᠠᠭ᠍ᠴᠢ᠎ᠶᠢᠨ ᠰᠡᠳᠭᠢᠯᠭᠡ ᠭᠦᠨ ᠨᠡᠪᠴᠢᠵᠦ ᠪᠠᠢᠳᠠᠭ᠎ᠠᠴᠠ ᠡᠪᠯᠢᠭ ᠣᠷᠴᠢᠭᠤᠯᠵᠤ ᠴᠢᠳᠠᠳᠠᠭ ᠦᠭᠡᠢ ᠶᠤᠮ ᠪᠠᠢᠳᠠᠭ᠃
ᠳᠡᠯᠡᠬᠡᠢ᠎ᠶᠢᠨ ᠪᠥᠮᠪᠥᠷᠴᠡᠭ ᠳᠡᠭᠡᠷ᠎ᠡ ᠠᠵᠤ ᠲᠥᠷᠥᠨ ᠠᠮᠢᠳᠤᠷᠠᠵᠤ ᠪᠠᠢᠭ᠎ᠠ ᠤᠯᠠᠨ ᠤᠯᠤᠰ ᠣᠷᠣᠨ᠎ᠤ ᠠᠷᠠᠳ ᠢᠷᠭᠡᠳ ᠥᠪᠡᠷ ᠥᠪᠡᠷ᠎ᠦᠨ᠎ᠢᠶᠡᠨ ᠵᠠᠩ ᠠᠷᠠᠨᠰᠢᠨ᠂ ᠰᠣᠶᠣᠯ ᠲᠡᠦᠬᠡ᠎ᠶᠢᠨ ᠤᠯᠠᠮᠵᠢᠯᠠᠯ ᠲᠠᠢ ᠪᠠᠢᠬᠤ᠎ᠶᠢᠨ ᠤᠴᠢᠷ ᠲᠡᠳᠡ᠎ᠨᠡᠷ᠎ᠦᠨ ᠬᠡᠯᠡ ᠰᠡᠳᠭᠢᠬᠦᠢ ᠨᠢ ᠥᠪᠡᠷ ᠥᠪᠡᠷ᠎ᠦᠨ᠎ᠢᠶᠡᠨ ᠣᠨᠴᠠᠯᠢᠭ᠋ ᠲᠠᠢ ᠪᠠᠢᠬᠤ ᠨᠢ ᠶᠠᠷᠢᠶᠠᠨ ᠦᠭᠡᠢ᠃ ᠵᠢᠱ᠌ᠢᠶᠡᠯᠡᠬᠦ᠎ᠳᠦ ᠮᠤᠩᠭᠤᠯ ᠬᠡᠯᠡᠨ᠎ᠳᠦ 《ᠤᠶᠠᠭᠠᠴᠢ》 ᠭᠡᠳᠡᠭ ᠨᠢ ᠮᠣᠷᠢ᠎ᠶᠢ ᠰᠣᠢᠵᠤ᠂ ᠠᠷᠠᠴᠢᠯᠠᠨ ᠳᠣᠳᠣᠮᠳᠠᠵᠤ᠂ ᠳᠠᠰᠬᠠᠯᠵᠢᠭᠤᠯᠤᠨ ᠰᠤᠷᠭᠠᠭᠠᠳ ᠤᠷᠤᠯᠳᠤᠭᠠᠨ᠎ᠳᠤ ᠲᠠᠯᠪᠢᠳᠠᠭ ᠲᠤᠰᠬᠠᠢ ᠮᠡᠷᠭᠡᠵᠢᠯ᠎ᠦᠨ ᠬᠥᠮᠥᠰ᠎ᠦᠨ ᠨᠡᠷᠡᠢᠳᠦᠯ ᠪᠣᠯᠣᠨ᠎ᠠ᠃ ᠣᠳᠣ᠌ ᠰᠣᠨᠢᠨ ᠰᠡᠳᠭᠦᠯᠦᠳᠦᠨ ᠮᠡᠳᠡᠭᠡᠯᠡᠯ᠎ᠢ ᠯᠠᠪᠯᠠᠪᠠᠯ《ᠤᠶᠠᠭᠠᠴᠢ》ᠵᠢ 《吊马人 》 ᠭᠡᠵᠦ ᠣᠷᠴᠢᠭᠤᠯᠬᠤ ᠨᠢ ᠤᠯᠠᠨ ᠬᠠᠷᠠᠭᠳᠠᠵᠤ ᠪᠠᠢᠨ᠎ᠠ᠃ ᠡᠨᠡ ᠣᠷᠴᠢᠭᠤᠯᠭ᠎ᠠ ᠨᠢ 《ᠤᠶᠠᠭᠠᠴᠢ》ᠵᠢ ᠬᠡᠯᠡᠵᠦ ᠪᠠᠢᠨ᠎ᠠ ᠭᠡᠳᠡᠭ᠎ᠢ ᠪᠢᠳᠡ ᠴᠡᠭᠡᠵᠢᠯᠡᠴᠢᠬᠡᠭᠰᠡᠨ ᠪᠣᠯᠬᠣᠷ ᠶᠠᠷᠢᠶᠠᠨ ᠦᠭᠡᠢ ᠡᠪ ᠦᠭᠡᠢ ᠰᠠᠨᠠᠭᠳᠠᠬᠤ ᠦᠭᠡᠢ ᠮᠠᠭᠠᠳ᠃ ᠭᠡᠪᠡᠴᠦ ᠤᠳᠬ᠎ᠠ᠎ᠶᠢ ᠨᠢ ᠨᠠᠷᠢᠪᠴᠢᠯᠠᠨ ᠦᠵᠡᠪᠡᠯ ᠤᠶᠠᠭᠠᠴᠢ ᠬᠥᠮᠥᠨ᠎ᠦ ᠵᠣᠷᠢᠯᠭ᠎ᠠ ᠨᠢ ᠮᠣᠷᠢ᠎ᠶᠢ ᠡᠴᠡᠭᠡᠵᠦ ᠲᠤᠷᠠᠭᠠᠬᠤ᠎ᠶᠢᠨ ᠲᠥᠯᠥᠭᠡ ᠪᠢᠰᠢ᠂ ᠬᠠᠷᠢᠨ ᠤᠷᠤᠯᠳᠤᠭᠠᠨ᠎ᠳᠤ ᠵᠣᠬᠢᠴᠠᠭᠤᠯᠤᠨ ᠪᠣᠯᠪᠠᠰᠤᠷᠠᠭᠤᠯᠬᠤ ᠶᠠᠪᠤᠳᠠᠯ ᠪᠣᠯᠬᠤ ᠶᠤᠮ᠃ ᠬᠢᠲᠡᠳ ᠬᠡᠯᠡᠨ᠎ᠦ《吊马》 ᠭᠡᠳᠡᠭ ᠨᠢ ᠮᠣᠷᠢᠨ᠎ᠤ ᠲᠠᠷᠭᠤ᠎ᠶᠢ ᠪᠠᠭᠤᠷᠠᠭᠤᠯᠵᠤ ᠰᠣᠢᠬᠤ᠎ᠶᠢ ᠵᠢᠭᠠᠵᠤ᠂ ᠬᠠᠷᠢᠨ ᠪᠣᠯᠪᠠᠰᠤᠷᠠᠭᠤᠯᠬᠤ᠎ᠶᠢᠨ ᠤᠳᠬ᠎ᠠ᠎ᠶᠢ ᠤᠮᠳᠤᠭᠠᠢᠯᠠᠭᠰᠠᠨ ᠬᠠᠨᠳᠤᠯᠭ᠎ᠠ ᠲᠠᠢ᠃ ᠲᠡᠢᠮᠦ᠎ᠡᠴᠡ 《ᠤᠶᠠᠭᠠᠴᠢ》 ᠭᠡᠳᠡᠭ ᠦᠭᠡ᠎ᠶᠢ 《训马人》 ᠪᠤᠶᠤ 《训马师》 ᠭᠡᠵᠦ ᠣᠷᠴᠢᠭᠤᠯᠪᠠᠯ ᠮᠣᠷᠢ᠎ᠶᠢ ᠪᠣᠯᠪᠠᠰᠤᠷᠠᠭᠤᠯᠤᠨ ᠰᠤᠷᠭᠠᠬᠤ ᠭᠡᠳᠡᠭ ᠤᠳᠬ᠎ᠠ᠎ᠶᠢ ᠨᠢ ᠨᠡᠩ ᠳᠣᠪᠣᠢᠯᠭᠠᠵᠤ ᠴᠢᠳᠠᠨ᠎ᠠ᠃ ᠲᠡᠷᠡ ᠮᠥᠷᠲᠡᠭᠡᠨ 《ᠤᠶᠠᠭᠠᠴᠢ》 ᠭᠡᠳᠡᠭ ᠨᠢ ᠲᠤᠰᠬᠠᠢ ᠮᠡᠷᠭᠡᠵᠢᠯ᠎ᠦᠨ ᠬᠥᠮᠥᠨ᠂ ᠬᠠᠷᠢᠨ ᠮᠣᠷᠢ ᠤᠶᠠᠭᠰᠠᠭᠠᠷ ᠯᠡ ᠤᠶᠠᠭᠠᠴᠢ ᠪᠣᠯᠴᠢᠬᠠᠳᠠᠭ ᠪᠢᠰᠢ᠂ ᠲᠡᠳᠡᠨᠡᠷ ᠪᠣᠯ ᠮᠣᠷᠢ᠎ᠶᠢ ᠬᠦᠶᠦᠯᠭᠡᠵᠦ ᠪᠣᠯᠪᠠᠰᠤᠷᠠᠭᠤᠯᠳᠠᠭ ᠪᠠᠭ᠍ᠰᠢ᠎ᠶᠢᠨ ᠪᠠᠢᠷᠢ ᠰᠠᠭᠤᠷᠢ ᠲᠠᠢ ᠬᠥᠮᠥᠰ ᠪᠣᠯᠬᠤ ᠶᠤᠮ᠃ ᠬᠡᠷᠪᠡ ᠤᠶᠠᠭᠠᠴᠢ᠎ᠶᠢᠨ ᠮᠡᠷᠭᠡᠵᠢᠯ᠎ᠦᠨ ᠲᠤᠬᠠᠢ ᠰᠠᠢᠬᠠᠨ ᠲᠠᠢᠯᠪᠤᠷᠢᠯᠠᠵᠤ ᠥᠭᠭᠦᠭᠰᠡᠨ ᠦᠭᠡᠢ ᠪᠣᠯ ᠥᠭᠡᠷ᠎ᠡ ᠬᠡᠯᠡ《吊马人 》 ᠭᠡᠳᠡᠭ᠎ᠢ ᠵᠥᠪᠬᠡᠨ ᠮᠣᠷᠢ᠎ᠶᠢ ᠲᠤᠷᠠᠭᠠᠵᠤ ᠡᠴᠡᠭᠡᠳᠡᠭ ᠪᠤᠶᠤ ᠲᠠᠷᠭᠤ᠎ᠶᠢ ᠨᠢ ᠪᠠᠭᠤᠷᠠᠭᠤᠯᠬᠤ᠎ᠶᠢ ᠯᠡ ᠬᠠᠷᠢᠭᠤᠴᠠᠳᠠᠭ ᠬᠥᠮᠥᠰ ᠭᠡᠵᠦ ᠪᠣᠳᠣᠵᠤ ᠮᠡᠳᠡᠨ᠎ᠡ᠃ ᠬᠠᠷᠢᠨ ᠡᠰᠡᠷᠭᠦ᠎ᠪᠡᠷ 《训马师》 ᠭᠡᠵᠦ ᠬᠡᠯᠡᠵᠦ ᠥᠭᠪᠡᠯ ᠤᠶᠠᠭᠠᠴᠢ ᠬᠥᠮᠥᠨ ᠪᠣᠯ ᠮᠣᠷᠢ᠎ᠶᠢ ᠪᠣᠯᠪᠠᠰᠤᠷᠠᠭᠤᠯᠳᠠᠭ ᠬᠥᠮᠥᠨ ᠭᠡᠳᠡᠭ᠎ᠢ ᠠᠮᠠᠷᠬᠠᠨ ᠣᠢᠯᠠᠭᠠᠨ᠎ᠠ᠃ ᠲᠡᠢᠮᠦ ᠪᠣᠯᠬᠣᠷ ᠣᠷᠴᠢᠭᠤᠯᠭ᠎ᠠ ᠬᠢᠬᠦ᠎ᠳᠦ ᠨᠢᠭᠡ ᠬᠡᠯᠡᠨ᠎ᠦ ᠠᠵᠦ ᠠᠬᠣᠢ ᠰᠣᠶᠣᠯ᠎ᠤᠨ ᠰᠠᠭᠤᠷᠢ᠂ ᠲᠡᠷᠡ ᠦᠨᠳᠦᠰᠦᠲᠡᠨ᠎ᠦ ᠬᠢᠨᠢ ᠰᠣᠶᠣᠯ ᠰᠡᠳᠭᠢᠬᠦᠢ᠎ᠶᠢ ᠡᠵᠡᠮᠳᠡᠬᠦ ᠨᠢ ᠬᠢᠷᠢ ᠵᠡᠷᠭᠡ ᠴᠢᠬᠤᠯᠠᠲᠠᠢ ᠭᠡᠳᠡᠭ᠎ᠢ ᠡᠨᠡ ᠵᠢᠱ᠌ᠢᠶ᠎ᠡ ᠮᠠᠨᠳᠦ ᠬᠠᠷᠠᠭᠤᠯᠤᠨ᠎ᠠ᠃
ᠣᠷᠴᠢᠭᠤᠯᠭ᠎ᠠ᠎ᠶᠢ ᠰᠤᠳᠤᠯᠵᠤ ᠪᠠᠢᠭ᠎ᠠ ᠡᠷᠳᠡᠮᠲᠡᠳ ᠪᠠ ᠲᠤᠰᠬᠠᠢ ᠣᠷᠴᠢᠭᠤᠯᠤᠭ᠍ᠴᠢᠳᠤᠨ ᠴᠢᠷᠮᠠᠢᠯᠭ᠎ᠠ᠎ᠪᠠᠷ ᠣᠢᠷ᠎ᠠ᠎ᠶᠢᠨ ᠵᠢᠯ᠎ᠦᠳ ᠲᠦ᠍ ᠤᠯᠠᠨ ᠨᠡᠷ᠎ᠡ ᠲᠣᠮᠢᠶ᠎ᠠ᠎ᠶᠢᠨ ᠣᠷᠴᠢᠭᠤᠯᠭ᠎ᠠ᠎ᠶᠢ ᠳᠦᠷᠢᠮᠵᠢᠭᠦᠯᠵᠦ ᠴᠢᠳᠠᠭᠰᠠᠨ ᠨᠢ ᠪᠠᠶᠠᠷᠯᠠᠭᠤᠰᠢᠲᠠᠢ ᠤᠴᠢᠷ᠃ ᠡᠭᠦᠨ᠎ᠦ ᠲᠤᠬᠠᠢ ᠨᠢᠭᠡ ᠵᠢᠱ᠌ᠢᠶ᠎ᠡ᠎ᠡᠴᠡ ᠡᠰᠢᠯᠡᠪᠡᠯ ᠢᠷᠭᠡᠨ᠎ᠦ ᠬᠠᠥᠯᠢ᠎ᠶᠢᠨ ᠪᠢᠴᠢᠭ᠎ᠦᠨ ᠨᠡᠷ᠎ᠡ ᠲᠣᠮᠢᠶᠠᠨᠤ ᠴᠢᠬᠤᠯᠠ ᠤᠬᠠᠭᠳᠠᠬᠤᠨ ᠪᠣᠯᠬᠤ ᠬᠢᠲᠠᠳ ᠬᠡᠯᠡᠨ᠎ᠦ 《法人》 ᠭᠡᠳᠡᠭ ᠦᠭᠡ᠎ᠶᠢ ᠮᠤᠩᠭᠤᠯ ᠬᠡᠯᠡ᠎ᠪᠡᠷ 《ᠬᠠᠥᠯᠢ᠎ᠶᠢᠨ ᠬᠥᠮᠥᠨ》 ᠭᠡᠵᠦ ᠳᠦᠷᠢᠮᠵᠢᠭᠦᠯᠦᠭᠰᠡᠨ ᠪᠠᠢᠨ᠎ᠠ᠃ ᠦᠩᠭᠡᠷᠡᠭᠰᠡᠨ᠎ᠳᠦ ᠡᠨᠡᠬᠦ ᠨᠡᠷ᠎ᠡ ᠲᠣᠮᠢᠶ᠎ᠠ᠎ᠶᠢ ᠮᠤᠩᠭᠤᠯ ᠬᠡᠯᠡᠨ᠎ᠳᠦ 《ᠬᠠᠥᠯᠢ᠎ᠶᠢᠨ ᠡᠷᠬᠡᠲᠡᠨ》 ᠪᠤᠶᠤ 《 ᠬᠠᠥᠯᠢ᠎ᠶᠢᠨ ᠬᠥᠮᠥᠨ 》 ᠭᠡᠵᠦ ᠣᠷᠴᠢᠭᠤᠯᠵᠤ ᠪᠠᠢᠵᠠᠢ᠃
《ᠬᠠᠥᠯᠢ᠎ᠶᠢᠨ ᠡᠷᠬᠡᠲᠡᠨ 》 ᠪᠠ 《 ᠬᠠᠥᠯᠢ᠎ᠶᠢᠨ ᠬᠥᠮᠥᠨ》 ᠦ ᠠᠯᠢ ᠣᠷᠴᠢᠭᠤᠯᠭ᠎ᠠ ᠨᠢ ᠨᠡᠩ ᠤᠨᠤᠪᠴᠢᠲᠡᠢ ᠪᠣᠢ ᠭᠡᠳᠡᠭ᠎ᠢ ᠰᠢᠨᠵᠢᠯᠡᠬᠦ᠎ᠳᠦ ᠪᠢᠳᠡ ᠡᠷᠬᠡᠪᠰᠢ 《 法人》 ᠭᠡᠳᠡᠭ ᠨᠢ ᠴᠣᠬᠣᠮ ᠶᠠᠮᠠᠷ ᠤᠬᠠᠭᠳᠠᠬᠤᠨ ᠲᠠᠢ ᠦᠭᠡ ᠪᠣᠯᠬᠤ᠂ ᠲᠡᠷᠡ ᠨᠢ ᠴᠣᠬᠣᠮ ᠶᠠᠭᠤ᠎ᠶᠢ ᠲᠥᠯᠥᠭᠡᠯᠡᠨ ᠵᠢᠭᠠᠵᠤ ᠪᠠᠢᠬᠤ᠎ᠶᠢ ᠣᠢᠯᠠᠭᠠᠬᠤ ᠴᠢᠬᠤᠯᠠᠲᠠᠢ ᠃ ᠳᠤᠮᠳᠠᠳᠤ ᠤᠯᠤᠰ᠎ᠤᠨ ᠨᠡᠢᠭᠡᠮ᠎ᠦᠨ ᠰᠢᠨᠵᠢᠯᠡᠬᠦ ᠤᠬᠠᠭᠠᠨ᠎ᠤ ᠬᠦᠷᠢᠶᠡᠯᠡᠩ᠎ᠦᠨ ᠬᠠᠥᠯᠢ ᠴᠠᠭᠠᠵᠠ ᠰᠤᠳᠤᠯᠬᠤ ᠭᠠᠵᠠᠷ᠎ᠤᠨ ᠨᠠᠢᠷᠠᠭᠤᠯᠤᠭᠰᠠᠨ《ᠬᠠᠥᠯᠢ ᠴᠠᠭᠠᠵᠠ᠎ᠶᠢᠨ ᠲᠣᠯᠢ》᠎ᠳᠦ 《法人》 ᠭᠡᠳᠡᠭ ᠨᠢ 《ᠪᠠᠢᠭᠠᠯᠢ ᠬᠥᠮᠥᠨ ᠲᠠᠢ ᠬᠠᠷᠠᠭᠠᠯᠵᠠᠭᠰᠠᠨ ᠤᠬᠠᠭᠳᠠᠬᠤᠨ᠂ ᠢᠷᠭᠡᠨ᠎ᠦ ᠬᠡᠷᠡᠭ᠎ᠦᠨ ᠡᠷᠬᠡ᠎ᠶᠢᠨ ᠪᠡᠶᠡᠴᠢ ᠴᠣᠭᠴᠠ᠎ᠶᠢᠨ ᠬᠢᠷᠢ ᠭᠡᠮ ᠪᠦᠬᠦᠢ ᠨᠡᠢᠭᠡᠮ᠎ᠦᠨ ᠵᠣᠬᠢᠶᠠᠨ ᠪᠠᠢᠭᠤᠯᠤᠯᠲᠠ᠎ᠶᠢ ᠬᠡᠯᠡᠨ᠎ᠡ》 ᠭᠡᠵᠦ ᠲᠠᠢᠯᠪᠤᠷᠢᠯᠠᠵᠠᠢ᠃ ᠲᠣᠰ ᠲᠣᠯᠢ᠎ᠳᠤ ᠪᠠᠰᠠ《ᠢᠷᠭᠡᠨ᠎ᠦ ᠬᠡᠷᠡᠭ᠎ᠦᠨ ᠡᠷᠬᠡ᠎ᠶᠢᠨ ᠪᠡᠶᠡᠴᠢ ᠴᠣᠭᠴᠠ》ᠭᠡᠳᠡᠭ ᠨᠢ《ᠢᠷᠭᠡᠨ᠎ᠦ ᠬᠡᠷᠡᠭ᠎ᠦᠨ ᠡᠷᠬᠡ᠎ᠶᠢ ᠡᠳ᠋ᠯᠡᠵᠦ᠂ ᠢᠷᠭᠡᠨ᠎ᠦ ᠬᠡᠷᠡᠭ᠎ᠦᠨ ᠡᠭᠦᠷᠭᠡ᠎ᠶᠢ ᠡᠭᠦᠷᠭᠡᠯᠡᠳᠡᠭ ᠬᠠᠥᠯᠢ ᠴᠠᠭᠠᠵᠠ᠎ᠶᠢᠨ ᠬᠢᠷᠢ ᠭᠡᠮ ᠮᠥᠨ》 ᠂ 《 ᠣᠷᠴᠢᠨ ᠣᠳᠣ᠌ ᠦᠶ᠎ᠡ᠎ᠶᠢᠨ ᠢᠷᠭᠡᠨ᠎ᠦ ᠬᠠᠥᠯᠢ᠎ᠳᠤ ᠮᠡᠳᠡᠷᠡᠳᠡᠭ ᠢᠷᠭᠡᠨ᠎ᠦ ᠬᠡᠷᠡᠭ᠎ᠦᠨ ᠡᠷᠬᠡ᠎ᠶᠢᠨ ᠪᠡᠶᠡᠴᠢ ᠴᠣᠭᠴᠠ᠎ᠳᠤ 《ᠪᠠᠢᠭᠠᠯᠢ ᠬᠥᠮᠥᠨ》 (自然人) ᠪᠠ 《 ᠬᠠᠥᠯᠢ᠎ᠶᠢᠨ ᠬᠥᠮᠥᠨ 》 ᠭᠡᠵᠦ ᠬᠣᠶᠠᠷ ᠵᠦᠢᠯ ᠪᠠᠢᠳᠠᠭ᠃ ᠪᠠᠢᠭᠠᠯᠢ ᠬᠥᠮᠥᠨ ᠭᠡᠵᠦ ᠮᠠᠬᠠᠪᠤᠳ ᠪᠡᠶ᠎ᠡ ᠪᠠ ᠠᠮᠢ ᠨᠠᠰᠤ ᠪᠦᠬᠦᠢ ᠬᠥᠮᠥᠨ ᠲᠥᠷᠥᠯᠬᠢᠲᠡᠨ᠂ ᠬᠠᠥᠯᠢ᠎ᠶᠢᠨ ᠬᠥᠮᠥᠨ ᠭᠡᠵᠦ ᠮᠠᠬᠠᠪᠤᠳ ᠪᠡᠶ᠎ᠡ ᠪᠠ ᠠᠮᠢ ᠨᠠᠰᠤ ᠦᠭᠡᠢ ᠂ ᠪᠠᠢᠭᠠᠯᠢ ᠬᠥᠮᠥᠨ᠎ᠢᠶᠡᠷ ᠪᠦᠷᠢᠯᠳᠦᠭᠰᠡᠨ᠂ ᠬᠠᠥᠯᠢ ᠴᠠᠭᠠᠵᠠ᠎ᠠᠴᠠ ᠡᠷᠬᠡ᠎ᠶᠢᠨ ᠴᠢᠳᠠᠪᠤᠷᠢ ᠣᠯᠭᠣᠭᠰᠠᠨ ᠨᠡᠢᠭᠡᠮ᠎ᠦᠨ ᠵᠣᠬᠢᠶᠠᠨ ᠪᠠᠢᠭᠤᠯᠤᠯᠲᠠ᠎ᠶᠢ ᠬᠡᠯᠡᠨ᠎ᠡ᠃ ᠢᠷᠭᠡᠨ᠎ᠦ ᠬᠠᠥᠯᠢ᠎ᠳᠤ ᠢᠷᠭᠡᠨ᠎ᠦ ᠬᠡᠷᠡᠭ᠎ᠦᠨ ᠡᠷᠬᠡ᠎ᠶᠢᠨ ᠪᠡᠶᠡᠴᠢ ᠴᠣᠭᠴᠠ ᠶ᠋ᠢ 〈ᠬᠥᠮᠥᠨ〉 ᠭᠡᠵᠦ᠂ ᠢᠷᠭᠡᠨ᠎ᠦ ᠬᠡᠷᠡᠭ᠎ᠦᠨ ᠡᠷᠬᠡ᠎ᠶᠢᠨ ᠪᠡᠶᠡᠴᠢ ᠴᠣᠭᠴᠠ ᠪᠣᠯᠬᠤ ᠬᠠᠥᠯᠢ ᠴᠠᠭᠠᠵᠠ᠎ᠶᠢᠨ ᠬᠢᠷᠢ ᠭᠡᠮ᠎ᠢ 〈ᠬᠥᠮᠥᠨ᠎ᠦ ᠬᠡᠮ (人格) 〉 ᠭᠡᠳᠡᠭ 》 ᠭᠡᠵᠦ ᠲᠠᠢᠯᠪᠤᠷᠢᠯᠠᠵᠠᠢ᠃ ᠲᠡᠢᠮᠦ᠎ᠡᠴᠡ 《 ᠬᠠᠥᠯᠢ᠎ᠶᠢᠨ ᠬᠥᠮᠥᠨ》 ᠪᠠ 《 ᠪᠠᠢᠭᠠᠯᠢ ᠬᠥᠮᠥᠨ》 ᠪᠣᠯ ᠴᠥᠮ ᠢᠷᠭᠡᠨ᠎ᠦ ᠬᠠᠥᠯᠢ ᠳᠡᠭᠡᠷᠡᠬᠢ 《ᠬᠥᠮᠥᠨ》᠂ ᠲᠡᠷᠡ ᠮᠥᠷᠲᠡᠭᠡᠨ ᠬᠠᠷᠢᠯᠴᠠᠨ ᠬᠠᠷᠠᠭᠠᠯᠵᠠᠭᠰᠠᠨ ᠨᠢᠭᠡ ᠬᠣᠣᠰ ᠤᠬᠠᠭᠳᠠᠬᠤᠨ ᠮᠥᠨ᠃ 《ᠬᠠᠥᠯᠢ᠎ᠶᠢᠨ ᠬᠥᠮᠥᠨ》 ᠪᠠ 《 ᠪᠠᠢᠭᠠᠯᠢ ᠬᠥᠮᠥᠨ 》 ᠭᠡᠳᠡᠭ᠎ᠦᠨ 《ᠬᠥᠮᠥᠨ》 ᠦ ᠢᠯᠭᠠᠭ᠎ᠠ᠎ᠶᠢ ᠬᠡᠯᠡᠪᠡᠯ᠂ 《ᠪᠠᠢᠭᠠᠯᠢ ᠬᠥᠮᠥᠨ》 ᠨᠢ ᠬᠤᠪᠢ ᠬᠤᠪᠢ ᠬᠥᠮᠥᠨ᠎ᠢᠶᠡᠷ᠎ᠢᠶᠡᠨ ᠢᠷᠭᠡᠨ᠎ᠦ ᠬᠡᠷᠡᠭ᠎ᠦᠨ ᠪᠡᠶᠡᠴᠢ ᠴᠣᠭᠴᠠ ᠪᠣᠯᠳᠠᠭ ᠪᠠᠢᠬᠤ᠎ᠳᠤ 《 ᠬᠠᠥᠯᠢ᠎ᠶᠢᠨ ᠬᠥᠮᠥᠨ 》 ᠨᠢ ᠬᠠᠷᠢᠨ ᠪᠠᠢᠭᠠᠯᠢ ᠬᠥᠮᠥᠨ ᠪᠠ ᠲᠡᠭᠦᠨ᠎ᠦ ᠡᠳ᠋ ᠬᠦᠷᠦᠩᠭᠡ᠎ᠶᠢᠨ ᠴᠤᠭᠯᠠᠷᠠᠯ᠎ᠢᠶᠠᠷ ᠪᠦᠷᠢᠯᠳᠦᠭᠰᠡᠨ ᠪᠦᠯᠬᠦᠮ ᠪᠤᠶᠤ ᠨᠡᠢᠭᠡᠮ᠎ᠦᠨ ᠵᠣᠬᠢᠶᠠᠨ ᠪᠠᠢᠭᠤᠯᠤᠯᠲᠠ᠎ᠶᠢᠨ ᠬᠤᠪᠢ᠎ᠪᠠᠷ ᠢᠷᠭᠡᠨ᠎ᠦ ᠬᠡᠷᠡᠭ᠎ᠦᠨ ᠪᠡᠶᠡᠴᠢ ᠴᠣᠭᠴᠠ ᠪᠣᠯᠳᠠᠭ ᠪᠠᠢᠵᠠᠢ᠃
ᠬᠢᠲᠠᠳ ᠬᠡᠯᠡᠨ᠎ᠦ 《法人》 ᠭᠡᠳᠡᠭ᠎ᠢ ᠤᠤᠯ ᠨᠢ ᠵᠠᠷᠢᠮ ᠨᠣᠮ᠎ᠳᠤ 《 ᠬᠠᠥᠯᠢ᠎ᠶᠢᠨ ᠡᠷᠬᠡᠲᠡᠨ》 ᠭᠡᠵᠦ ᠣᠷᠴᠢᠭᠤᠯᠵᠤ ᠪᠠᠢᠭᠰᠠᠨ᠎ᠢ ᠬᠡᠷᠡᠭᠯᠡᠬᠦ᠎ᠪᠡᠨ ᠪᠣᠯᠢᠭ᠍ᠰᠠᠨᠤ ᠤᠴᠢᠷ ᠭᠡᠪᠡᠯ᠂ ᠮᠤᠩᠭᠤᠯ ᠬᠡᠯᠡᠨ᠎ᠦ ᠲᠣᠯᠢ ᠪᠢᠴᠢᠭᠦᠳᠲᠦ 《ᠡᠷᠬᠡᠲᠡᠨ》 ᠭᠡᠳᠡᠭ ᠨᠢ ᠬᠥᠮᠥᠨ᠎ᠦ ᠮᠥᠴᠢ ᠡᠷᠬᠡᠲᠡᠨ ᠪᠤᠶᠤ ᠡᠰᠡᠬᠦᠯ᠎ᠡ ᠶᠠᠮᠠᠷ ᠨᠢᠭᠡ ᠠᠵᠢᠯ ᠲᠥᠷᠥᠯ᠎ᠳᠡᠬᠢ ᠡᠷᠬᠡ ᠳᠠᠷᠬ᠎ᠠ ᠲᠠᠢ᠂ ᠪᠤᠰᠤᠳ᠎ᠠᠴᠠ ᠢᠯᠡᠭᠦᠦ ᠡᠷᠬᠡ ᠰᠦᠷ ᠲᠠᠢ 《ᠲᠣᠮᠣ᠌ ᠬᠥᠮᠥᠨ》᠂ ᠨᠡᠢᠭᠡᠮ ᠤᠯᠤᠰ ᠲᠥᠷᠥ᠎ᠶᠢᠨ ᠪᠠᠢᠷᠢ ᠰᠠᠭᠤᠷᠢ ᠥᠨᠳᠥᠷ ᠬᠥᠮᠥᠰ᠎ᠢ ᠬᠡᠯᠡᠳᠡᠭ ᠮᠥᠷᠲᠡᠭᠡᠨ ᠮᠤᠩᠭᠤᠯ ᠬᠡᠯᠡᠨ᠎ᠦ 《ᠡᠷᠬᠡᠲᠡᠨ》 ᠭᠡᠳᠡᠭ ᠨᠢ 《ᠠᠳᠠᠯᠢ ᠲᠡᠭᠰᠢ ᠡᠷᠬᠡ᠎ᠶᠢ ᠡᠳ᠋ᠯᠡᠵᠦ ᠠᠳᠠᠯᠢ ᠲᠡᠭᠰᠢ ᠡᠭᠦᠷᠭᠡ᠎ᠶᠢ ᠡᠭᠦᠷᠭᠡᠯᠡᠳᠡᠭ ᠡᠷᠬᠡ ᠲᠡᠭᠰᠢ ᠪᠡᠶᠡᠴᠢ ᠴᠣᠭᠴᠠ》 ᠭᠡᠰᠡᠨ ᠤᠳᠬ᠎ᠠ ᠰᠠᠨᠠᠭ᠎ᠠ ᠪᠠᠢᠬᠤ ᠦᠭᠡᠢ᠎ᠳᠦ ᠣᠷᠣᠰᠢᠨ᠎ᠠ᠃
ᠣᠷᠴᠢᠭᠤᠯᠭ᠎ᠠ᠎ᠶᠢ ᠠᠪᠤᠨ ᠦᠵᠡᠬᠦ᠎ᠳᠦ ᠠᠮᠠᠷᠬᠠᠨ ᠰᠢᠭ᠋ ᠪᠤᠯᠪᠠᠴᠦ ᠦᠨᠡᠨ᠎ᠳᠡᠭᠡᠨ ᠥᠨᠳᠥᠷ ᠱᠠᠭᠠᠷᠳᠠᠯᠭ᠎ᠠ ᠲᠠᠢ ᠮᠡᠷᠭᠡᠵᠢᠯ᠎ᠦᠨ ᠠᠵᠢᠯ ᠪᠣᠯᠬᠤ ᠶᠤᠮ᠃ ᠬᠡᠷᠪᠡ ᠶᠠᠮᠠᠷ ᠨᠢᠭᠡ ᠮᠡᠷᠭᠡᠵᠢᠯ᠎ᠦᠨ ᠴᠢᠨᠠᠷᠳᠠᠢ ᠪᠢᠴᠢᠭ ᠰᠤᠳᠤᠷ᠎ᠢ ᠣᠷᠴᠢᠭᠤᠯᠬᠤ ᠭᠡᠪᠡᠯ ᠲᠡᠷᠡ ᠮᠡᠷᠭᠡᠵᠢᠯ ᠲᠠᠢ ᠬᠠᠮᠢᠶᠠᠳᠠᠭᠰᠠᠨ ᠡᠷᠲᠡᠨ ᠡᠳᠦᠭᠡ᠎ᠶᠢᠨ ᠤᠯᠠᠨ ᠮᠠᠲᠸᠷᠢᠶᠠᠯ᠎ᠢ ᠤᠷᠪᠠᠭᠤᠯᠵᠤ ᠬᠢᠨᠠᠨ ᠬᠠᠷᠭᠤᠭᠤᠯᠬᠤ ᠴᠢᠬᠤᠯᠠᠲᠠᠢ᠃ ᠵᠥᠪᠬᠡᠨ ᠣᠷᠴᠢᠭᠤᠯᠭ᠎ᠠ᠎ᠶᠢᠨ ᠪᠠᠭᠠᠵᠢ ᠰᠣᠹᠲ᠎ᠲᠦ ᠲᠦᠰᠢᠭᠯᠡᠬᠦ ᠪᠤᠶᠤ ᠵᠠᠯᠬᠠᠭᠤᠷᠡᠯᠠᠴᠠ ᠪᠣᠯᠵᠤ ᠬᠦᠩᠭᠡᠨ ᠬᠠᠭᠤᠳᠠᠮ᠎ᠢᠶᠠᠷ ᠣᠷᠴᠢᠭᠤᠯᠪᠠᠯ ᠵᠣᠬᠢᠰ ᠦᠭᠡᠢ ᠣᠨᠣᠪᠴᠢ ᠦᠭᠡᠢ ᠣᠷᠴᠢᠭᠤᠯᠭ᠎ᠠ ᠭᠠᠷᠬᠤ ᠨᠢ ᠳᠠᠮᠵᠢᠭ᠋ ᠦᠭᠡᠢ᠃ ᠪᠢᠳᠡ ᠡᠷᠲᠡᠨ᠎ᠦ ᠰᠢᠯᠦᠭ ᠳᠠᠭᠤᠯᠠᠯ᠎ᠤᠨ ᠣᠷᠴᠢᠭᠤᠯᠭ᠎ᠠ᠎ᠠᠴᠠ ᠨᠢᠭᠡ ᠵᠢᠱ᠌ᠢᠶ᠎ᠡ ᠦᠵᠡᠶ᠎ᠡ᠃ ᠲᠠᠩ ᠤᠯᠤᠰ᠎ᠤᠨ ᠯᠢ ᠪᠠᠢ᠎ᠶᠢᠨ ᠪᠢᠴᠢᠭᠰᠡᠨ 《赠汪伦》 ᠭᠡᠳᠡᠭ ᠰᠢᠯᠦᠭ᠎ᠦᠨ ᠬᠢᠲᠠᠳ ᠡᠬᠡ ᠨᠢ 《李白乘舟将欲行 / 忽闻岸上踏歌声 / 桃花潭水深千尺 /不及汪伦送我情》 ᠭᠡᠵᠦ ᠲᠡᠮᠳᠡᠭᠯᠡᠭᠳᠡᠵᠡᠢ᠃ ᠡᠨᠡ ᠰᠢᠯᠦᠭ᠎ᠢ ᠮᠤᠩᠭᠤᠯ ᠬᠡᠯᠡ᠎ᠪᠡᠷ ᠬᠡᠪᠯᠡᠭᠳᠡᠭᠰᠡᠨ 《ᠲᠠᠩ ᠤᠯᠤᠰ᠎ᠤᠨ ᠰᠢᠯᠦᠭ ᠭᠤᠷᠪᠠᠨ ᠵᠠᠭᠤᠨ ᠪᠠᠳᠠᠭ》 ᠨᠣᠮ᠎ᠳᠤ《 ᠬᠥᠯᠭᠡ ᠤᠩᠭᠤᠴᠠᠨᠠ ᠭᠠᠷᠴᠤ ᠰᠠᠭᠤᠨ ᠯᠢ ᠪᠠᠢ ᠮᠣᠷᠳᠠᠬᠤ ᠬᠡᠮᠡᠲᠡᠯ᠎ᠡ / ᠬᠥᠯ ᠳᠡᠪᠰᠡᠨ ᠳᠠᠭᠤᠯᠠᠬᠤ ᠳᠠᠭᠤᠨ ᠡᠷᠭᠢ ᠳᠡᠭᠡᠷ᠎ᠡ᠎ᠡᠴᠡ ᠰᠣᠨᠣᠰᠳᠠᠪᠠᠢ / ᠲᠤᠭᠤᠷ᠎ᠤᠨ ᠴᠡᠴᠡᠭᠲᠦ ᠴᠤᠩᠭᠢᠶᠠᠯ᠎ᠤᠨ ᠤᠰᠤᠨ ᠮᠢᠩᠭᠠᠨ ᠲᠣᠬᠣᠢ ᠭᠦᠨ ᠴᠤ᠌ / ᠲᠤᠰᠠᠲᠤ ᠨᠥᠬᠥᠷ ᠸᠠᠩ ᠯᠦᠨᠦ ᠨᠠᠢᠷ ᠲᠣᠷ ᠶᠠᠭᠠᠬᠢᠨ ᠬᠦᠷᠴᠦ ᠴᠢᠳᠠᠮᠤᠢ》 ᠭᠡᠵᠦ ᠣᠷᠴᠢᠭᠤᠯᠤᠭᠰᠠᠨ ᠪᠠᠢᠳᠠᠭ᠃ ᠪᠠᠰᠠ ᠨᠢᠭᠡᠨ ᠨᠣᠮ《ᠳᠤᠮᠳᠠᠳᠤ ᠤᠯᠤᠰ᠎ᠤᠨ ᠡᠷᠲᠡᠨ᠎ᠦ ᠤᠷᠠᠨ ᠵᠣᠬᠢᠶᠠᠯ᠎ᠤᠨ ᠰᠤᠩᠭᠤᠳᠠᠭ ᠪᠦᠲᠦᠭᠡᠯ᠎ᠦᠨ ᠲᠠᠢᠯᠤᠮᠵᠢ 》᠎ᠳᠤ 《ᠰᠠᠯ ᠳ᠋ᠤᠷ ᠭᠠᠷᠴᠤ ᠯᠢ ᠪᠠᠢ ᠪᠢ ᠰᠠᠶᠢ ᠮᠣᠷᠳᠠᠬᠤ ᠬᠡᠮᠡᠲᠡᠯ᠎ᠡ / ᠰᠠᠢᠬᠠᠨ ᠬᠣᠭᠣᠯᠠᠢ ᠬᠥᠪᠡᠭᠡᠨ᠎ᠡ ᠬᠠᠩᠭᠢᠨᠠᠵᠤ ᠠᠯᠬᠤᠭ᠎ᠠ ᠠᠢᠵᠠᠮ ᠵᠣᠬᠢᠴᠠᠨᠠᠮ / ᠲᠤᠤ ᠬᠤᠸᠠ ᠴᠤᠩᠭᠢᠶᠠᠯ᠎ᠤᠨ ᠭᠦᠨ ᠤᠰᠤᠨ ᠮᠢᠩᠭᠠᠨ ᠲᠣᠬᠣᠢ ᠠᠭᠰᠠᠨ ᠴᠤ᠌ / ᠲᠤᠰᠠᠲᠤ ᠨᠥᠬᠥᠷ ᠸᠠᠩ ᠯᠦᠨᠦ ᠰᠡᠳᠭᠢᠯ ᠳ᠋ᠤᠷ ᠬᠡᠷᠬᠢᠨ ᠠᠮᠵᠢᠬᠤ ᠠᠵᠢ》 ᠭᠡᠵᠦ ᠭᠣᠢᠳᠠ ᠣᠷᠴᠢᠭᠤᠯᠤᠭᠰᠠᠨ ᠪᠠᠢᠳᠠᠭ᠃ ᠳᠡᠭᠡᠷᠡᠬᠢ ᠬᠣᠶᠠᠷ ᠨᠣᠮ᠎ᠳᠠᠬᠢ ᠠᠯᠢ ᠨᠢᠭᠡ ᠣᠷᠴᠢᠭᠤᠯᠭ᠎ᠠ ᠨᠢ ᠴᠤ᠌ ᠰᠢᠯᠦᠭ᠎ᠦᠨ ᠠᠷᠰᠢ ᠯᠢ ᠪᠠᠢ᠎ᠶᠢᠨ ᠸᠠᠩ ᠯᠦᠨ ᠭᠡᠳᠡᠭ ᠬᠥᠮᠥᠨ᠎ᠦ ᠨᠠᠢᠷ ᠰᠡᠳᠭᠢᠯ᠎ᠳᠦᠨᠢ ᠳᠣᠭᠳᠣᠯᠵᠤ᠂ ᠰᠠᠯᠵᠤ ᠶᠠᠳᠠᠭᠰᠠᠨ ᠰᠡᠳᠭᠢᠯᠭᠡ᠎ᠶᠢ ᠨᠢ ᠢᠯᠡᠷᠡᠭᠦᠯᠦᠭᠰᠡᠨ ᠪᠠᠢᠳᠠᠭ᠃ ᠣᠷᠴᠢᠭᠤᠯᠤᠭ᠍ᠴᠢ ᠡᠷᠲᠡᠨ᠎ᠦ ᠰᠢᠯᠦᠭ᠎ᠦᠨ ᠬᠡᠮ ᠴᠣᠬᠢᠯᠭ᠎ᠠ᠎ᠶᠢᠨ ᠵᠢᠮ᠎ᠡ᠎ᠶᠢ ᠪᠠᠷᠢᠮᠲᠠᠯᠠᠬᠤ᠎ᠶᠢᠨ ᠳᠠᠭᠠᠦ ᠰᠠᠯᠵᠤ ᠶᠠᠳᠠᠭᠰᠠᠨ ᠬᠣᠶᠠᠷ ᠬᠥᠮᠥᠨ᠎ᠦ ᠨᠠᠢᠷ ᠰᠡᠳᠭᠢᠯᠭᠡ᠎ᠶᠢ ᠳᠣᠪᠣᠢᠯᠭᠠᠬᠤ ᠪᠡᠷ ᠴᠢᠷᠮᠠᠢᠭᠰᠠᠨ ᠨᠢ ᠲᠣᠳᠣ᠌ ᠮᠡᠳᠡᠭᠳᠡᠵᠦ ᠪᠠᠢᠨ᠎ᠠ᠃ ᠣᠷᠴᠢᠭᠤᠯᠤᠭ᠍ᠴᠢ ᠮᠤᠩᠭᠤᠯ ᠦᠭᠡ᠎ᠶᠢ ᠬᠠᠪᠤᠯᠢᠭ᠋ ᠬᠡᠷᠡᠭᠯᠡᠵᠦ᠂ ᠰᠢᠯᠦᠭ᠎ᠦᠨ ᠰᠠᠨᠠᠭ᠎ᠠ ᠠᠬᠤᠢ᠎ᠶᠢ ᠡᠪᠳᠡᠢ ᠢᠯᠡᠳᠭᠡᠵᠦ ᠴᠢᠳᠠᠭᠰᠠᠨ᠎ᠠᠴᠠ ᠡᠨᠡ ᠰᠢᠯᠦᠭ᠎ᠢ ᠮᠤᠩᠭᠤᠯ ᠬᠡᠯᠡ᠎ᠪᠡᠷ ᠤᠩᠰᠢᠭ᠍ᠰᠠᠨ ᠴᠤ᠌ ᠤᠤᠯ᠎ᠤᠨ ᠰᠢᠯᠦᠭ ᠲᠠᠢ᠎ᠪᠠᠨ ᠡᠭᠡᠭᠡ ᠠᠳᠠᠯᠢᠬᠠᠨ ᠦᠨᠦᠷ ᠠᠮᠲᠠ ᠲᠠᠢ᠃ ᠭᠡᠪᠡᠴᠦ ᠵᠣᠬᠢᠶᠠᠭ᠍ᠴᠢ ᠣᠳᠣ᠌᠎ᠶᠢᠨ ᠳᠡᠯᠭᠡᠷᠡᠵᠦ ᠪᠠᠢᠭ᠎ᠠ ᠶᠠᠮᠠᠷ ᠨᠢᠭᠡᠨ ᠬᠢᠲᠠᠳ ᠮᠤᠩᠭᠤᠯ ᠬᠡᠯᠡᠨ᠎ᠦ ᠣᠷᠴᠢᠭᠤᠯᠭ᠎ᠠ᠎ᠶᠢᠨ ᠰᠣᠹᠲ᠎ᠢᠶᠡᠷ ᠣᠷᠴᠢᠭᠤᠯᠤᠭᠰᠠᠨᠤ ᠳ᠋ᠦᠩ᠎ᠳᠦ 《ᠯᠢ ᠪᠠᠢ ᠤᠩᠭᠤᠴᠠᠨ᠎ᠳᠤ ᠰᠠᠭᠤᠭᠠᠳ ᠶᠠᠪᠤᠬᠤ ᠭᠡᠲᠡᠯ᠎ᠡ / ᠭᠡᠨᠡᠳᠲᠡ ᠬᠥᠪᠡᠭᠡ ᠳᠡᠭᠡᠭᠦᠷ ᠤᠶᠠᠩᠭᠠᠯᠠᠨ ᠳᠠᠭᠤᠤ ᠭᠠᠷᠴᠦ ᠡᠬᠢᠯᠡᠯ᠎ᠡ / ᠲᠤᠭᠤᠷ᠎ᠤᠨ ᠴᠡᠴᠡᠭ ᠮᠢᠷᠠᠯᠵᠠᠨ/ ᠸᠠᠩ ᠯᠦᠨ᠎ᠳᠦ ᠪᠡᠯᠡᠭ ᠥᠭᠴᠦ ᠦᠯᠦ ᠠᠮᠰᠠᠯᠠᠮᠤᠢ》 ᠭᠡᠵᠦ ᠣᠷᠴᠢᠭᠤᠯᠤᠭᠰᠠᠨ ᠪᠠᠢᠨ᠎ᠠ᠃ ᠡᠨᠡᠬᠦ ᠮᠠᠰᠢᠨ ᠣᠷᠴᠢᠭᠤᠯᠭ᠎ᠠ᠎ᠶᠢ ᠠᠪᠤᠭᠠᠳ ᠦᠵᠡᠪᠡᠯ ᠡᠩ ᠲᠡᠷᠢᠭᠦᠨ᠎ᠳᠦ ᠦᠭᠡ᠎ᠶᠢ ᠬᠡᠷᠡᠭᠯᠡᠵᠦ ᠪᠠᠢᠬᠤ ᠨᠢ ᠵᠣᠬᠢᠰ ᠦᠭᠡᠢ᠂ ᠣᠢᠯᠠᠭᠠᠮᠵᠢ ᠮᠠᠭᠤᠲᠠᠢ᠃ ᠵᠢᠱ᠌ᠢᠶᠡᠯᠡᠬᠦ᠎ᠳᠦ ᠬᠠᠮᠤᠭ᠎ᠤᠨ ᠰᠡᠭᠦᠯᠴᠢ᠎ᠶᠢᠨ ᠮᠥᠷ ᠪᠣᠯᠬᠤ 《ᠸᠠᠩ ᠯᠦᠨ᠎ᠳᠦ ᠪᠡᠯᠡᠭ ᠥᠭᠴᠦ ᠦᠯᠦ ᠠᠮᠰᠠᠯᠠᠮᠤᠢ》 ᠭᠡᠳᠡᠭ ᠨᠢ ᠬᠢᠲᠠᠳ ᠡᠬᠡ᠎ᠶᠢᠨ 《不及汪伦送我情 》 ᠭᠡᠳᠡᠭ ᠮᠥᠷ ᠪᠠᠳᠠᠭ ᠲᠠᠢ ᠤᠭᠲᠤ ᠬᠠᠮᠢᠶ᠎ᠠ ᠪᠠᠢᠬᠤ ᠦᠭᠡᠢ᠃ ᠪᠢᠳᠡ ᠶᠡᠷᠦ᠎ᠶᠢᠨ ᠣᠢᠯᠠᠭᠠᠯᠲᠠ᠎ᠪᠠᠷ ᠦᠵᠡᠭᠰᠡᠨ ᠴᠤ᠌ ᠠᠳᠠᠭ᠎ᠲᠠᠭᠠᠨ ᠡᠨᠡ ᠮᠥᠷ ᠦᠭᠡᠨ᠎ᠳᠦ 《ᠨᠠᠮ᠎ᠠ᠎ᠶᠢ ᠦᠳᠡᠭᠰᠡᠨ ᠰᠡᠳᠭᠢᠯ》 ᠭᠡᠳᠡᠭ ᠰᠢᠦᠬᠠᠨ ᠦᠭᠡ ᠪᠢᠴᠢᠭᠳᠡᠬᠦ᠎ᠠᠴᠠ ᠪᠢᠰᠢ 《ᠪᠡᠯᠡᠭ᠂ ᠠᠮᠰᠠᠯᠠᠮᠤᠢ》ᠭᠡᠰᠡᠨ ᠦᠭᠡ ᠪᠠᠢᠵᠤ ᠲᠠᠭᠠᠷᠠᠬᠤ ᠦᠭᠡᠢ ᠰᠢᠭ᠋ ᠰᠠᠨᠠᠭᠳᠠᠨ᠎ᠠ᠃ ᠲᠤᠬᠠᠢᠯᠠᠪᠠᠯ ᠡᠨᠡᠬᠦ ᠮᠠᠰᠢᠨ ᠣᠷᠴᠢᠭᠤᠯᠭ᠎ᠠ᠎ᠶᠢᠨ ᠦᠭᠡ ᠦᠭᠦᠯᠡᠪᠤᠷᠢ ᠨᠢ ᠠᠯᠳᠠᠭ᠎ᠠ ᠲᠠᠢ᠎ᠶᠢᠨ ᠤᠯᠠᠮ᠎ᠢᠶᠠᠷ ᠰᠢᠯᠦᠭ᠎ᠦᠨ ᠰᠠᠨᠠᠭ᠎ᠠ ᠠᠬᠤᠢ᠂ ᠰᠡᠳᠭᠢᠯᠭᠡ ᠨᠡᠩ ᠪᠠᠢᠵᠤ ᠴᠢᠳᠠᠬᠤ ᠦᠭᠡᠢ᠃
ᠣᠷᠴᠢᠭᠤᠯᠭ᠎ᠠ᠎ᠶᠢᠨ ᠰᠣᠹᠲ ᠭᠡᠲᠡᠯ᠎ᠡ ᠡᠯ᠎ᠡ ᠵᠦᠢᠯ᠎ᠦᠨ ᠪᠠᠭᠠᠵᠢ ᠪᠦᠲᠦᠭᠡᠭᠳᠡᠵᠦ ᠣᠷᠴᠢᠭᠤᠯᠭ᠎ᠠ ᠬᠢᠬᠦ᠎ᠳᠦ ᠶᠡᠬᠡ ᠲᠤᠰᠠ ᠪᠣᠯᠣᠭᠰᠠᠨ᠎ᠢ ᠵᠣᠬᠢᠶᠠᠯ᠎ᠤᠨ ᠡᠬᠢᠯᠡᠯᠲᠡ᠎ᠳᠦ ᠪᠢᠳᠡ ᠳᠤᠷᠠᠳᠴᠦ ᠦᠩᠭᠡᠷᠡᠭᠰᠡᠨ ᠪᠢᠯᠡ᠃ ᠡᠭᠦᠨ᠎ᠦ ᠤᠯᠠᠮ᠎ᠢᠶᠠᠷ ᠬᠥᠮᠥᠨ 〈ᠬᠣᠵᠢᠮ ᠵᠣᠬᠢᠶᠠᠮᠠᠯ ᠣᠶᠣᠨ ᠴᠢᠳᠠᠪᠤᠷᠢ ᠣᠷᠴᠢᠭᠤᠯᠭ᠎ᠠ᠎ᠶᠢᠨ ᠠᠵᠢᠯ᠎ᠢ ᠬᠡᠳᠦᠬᠡᠨ ᠰᠸᠺᠦ᠋ᠨ᠋ᠳ᠋ ᠳᠦ ᠪᠡᠶᠡᠯᠡᠭᠦᠯᠪᠡᠯ ᠣᠷᠴᠢᠭᠤᠯᠤᠭ᠍ᠴᠢ ᠨᠠᠷ ᠴᠥᠮ ᠠᠵᠢᠯ ᠠᠯᠳᠠᠨ᠎ᠠ〉 ᠭᠡᠰᠡᠨ ᠰᠠᠨᠠᠭᠠᠰᠢᠷᠠᠯ᠎ᠳᠤ ᠠᠪᠲᠠᠵᠤ ᠪᠠᠢᠨ᠎ᠠ᠃ ᠭᠡᠪᠡᠴᠦ ᠡᠳᠦᠬᠡ᠎ᠶᠢᠨ ᠰᠢᠨᠵᠢᠯᠡᠭᠡ ᠣᠬᠠᠭᠠᠨ ᠲᠸᠭᠨᠢᠭ ᠮᠡᠷᠭᠡᠵᠢᠯ᠎ᠦᠨ ᠬᠢᠷᠢ ᠲᠦᠪᠰᠢᠨ᠎ᠡᠴᠡ ᠦᠵᠡᠪᠡᠯ ᠪᠥᠬᠥ ᠵᠦᠢᠯ᠎ᠦᠨ ᠣᠷᠴᠢᠭᠤᠯᠭ᠎ᠠ᠎ᠶᠢ ᠵᠣᠬᠢᠶᠠᠮᠠᠯ ᠣᠶᠣᠨ᠎ᠢᠶᠠᠷ ᠰᠢᠢᠳᠪᠦᠷᠢᠯᠡᠬᠦ ᠬᠡᠮᠵᠢᠶᠡᠨ᠎ᠳᠦ ᠠᠷᠠᠢ ᠬᠥᠷᠥᠭᠡ ᠦᠭᠡᠢ ᠪᠠᠢᠨ᠎ᠠ᠃ ᠲᠡᠢᠮᠦ᠎ᠡᠴᠡ ᠪᠢᠳᠡ ᠵᠣᠪᠠᠵᠤ ᠰᠠᠨᠠᠭᠠᠰᠢᠷᠠᠵᠤ ᠰᠠᠭᠤᠬᠤ᠎ᠶᠢᠨ ᠣᠷᠣᠨ᠎ᠳᠤ ᠣᠷᠴᠢᠭᠤᠯᠬᠤ ᠮᠡᠷᠭᠡᠵᠢᠯ᠎ᠢᠶᠡᠨ ᠳᠡᠭᠡᠭᠰᠢᠯᠡᠭᠦᠯᠵᠦ᠂ ᠨᠢᠳᠦᠨ ᠬᠠᠷᠠᠭ᠎ᠠ᠎ᠪᠠᠨ ᠲᠡᠯᠡᠵᠦ ᠳᠡᠯᠡᠬᠡᠢ᠎ᠶᠢᠨ ᠲᠦᠪᠰᠢᠨ᠎ᠦ ᠣᠷᠴᠢᠭᠤᠯᠭ᠎ᠠ᠎ᠶᠢᠨ ᠤᠨᠤᠯ ᠲᠤᠷᠰᠢᠯᠭ᠎ᠠ᠎ᠶᠢ ᠢᠯᠡᠭᠦᠬᠡᠨ ᠰᠣᠷᠣᠯᠴᠠᠵᠤ ᠰᠠᠭᠤᠬᠤ ᠨᠢ ᠬᠠᠷᠢᠨ ᠣᠯᠵᠠ ᠪᠠᠢᠵᠤ ᠮᠡᠳᠡᠨ᠎ᠡ᠃
(ᠵᠣᠬᠢᠶᠠᠬᠴᠢ ᠵᠢᠨ ᠬᠠᠶᠢᠭ᠋᠄ ᠥᠪᠥᠷ ᠮᠤᠩᠭᠤᠯ᠎ᠤᠨ ᠷᠠᠳᠢᠦ᠌ ᠲᠸᠯᠸᠢᠰ ᠬᠣᠷᠢᠶ᠎ᠠ)