ᠰᠤᠷᠪᠤᠯᠵᠢᠯᠠᠬᠴᠢ ᠦᠪᠦᠷ ᠮᠤᠨᠭᠭᠤᠯ ᠤ᠋ᠨ ᠦᠪᠡᠷᠲᠡᠭᠡᠨ ᠵᠠᠰᠠᠬᠤ ᠤᠷᠤᠨ ᠤ᠋ ᠬᠡᠮᠵᠢᠨ ᠰᠢᠯᠭᠠᠬᠤ ᠰᠤᠳᠤᠯᠭᠠᠨ ᠤ᠋ ᠬᠦᠷᠢᠶᠡᠯᠡᠨᠭ ᠡᠴᠡ ᠤᠢᠯᠠᠭᠠᠬᠰᠠᠨ ᠢ᠋ᠶ᠋ᠡᠷ᠂ ᠲᠦᠷᠦᠭᠦᠬᠡᠨ ᠲᠤᠰ ᠰᠤᠳᠤᠯᠭᠠᠨ ᠤ᠋ ᠬᠦᠷᠢᠶᠡᠯᠡᠩ ᠤ᠋ᠨ ᠬᠢᠨ ᠲᠦᠷᠦᠭᠦᠦ ᠪᠦᠯᠦᠭ ᠤ᠋ᠨ ᠠᠵᠤ ᠠᠬᠤᠢᠯᠠᠯ ᠤ᠋ᠨ ᠨᠡᠭᠦᠷᠡᠰᠦᠲᠥ᠋ᠷᠥᠭ᠌ᠴᠢ ᠭᠠᠳᠠᠭ᠍ᠰᠢᠯᠠᠭᠤᠯᠬᠤ ᠵᠢ ᠴᠠᠭ ᠲᠤᠨᠢ ᠬᠢᠨᠠᠨ ᠬᠡᠮᠵᠢᠬᠦ ᠵᠢ ᠨᠢᠭᠡ ᠴᠣᠭ᠍ᠴᠠᠵᠢᠭᠤᠯᠤᠭ᠍ᠰᠠᠨ ᠮᠠᠱᠢᠨ ᠢ᠋ ᠲᠤᠬᠠᠶ ᠶ᠋ᠢᠨ ᠲᠠᠯᠠᠪᠤᠷ ᠲᠦ᠍ ᠤᠭ᠍ᠰᠠᠷᠠᠬᠤ ᠠᠵᠢᠯ ᠢ᠋ ᠥᠷᠨᠢᠭᠦᠯᠵᠦ᠍᠂ ᠲᠤᠰᠭᠠᠶ ᠮᠡᠷᠭᠡᠵᠢᠯ ᠤ᠋ᠨ ᠠᠵᠢᠯᠲᠠᠨ ᠢ᠋ ᠵᠣᠬᠢᠶᠠᠨ ᠪᠠᠢᠭᠤᠯᠤᠨ ᠬᠥᠬᠡᠬᠣᠲᠠ᠂ ᠪᠤᠭᠤᠲᠤ᠂ ᠣᠷᠳᠣᠰ ᠭᠤᠷᠪᠠᠨ ᠭᠠᠵᠠᠷ ᠤ᠋ᠨ ᠠᠵᠤ ᠠᠬᠤᠢᠯᠠᠯ ᠳ᠋ᠤ ᠭᠦᠨᠵᠡᠭᠡᠢᠷᠡᠨ᠂ 18 ᠠᠵᠤ ᠠᠬᠤᠢᠯᠠᠯ ᠤ᠋ᠨ ᠨᠡᠭᠦᠷᠡᠰᠦᠲᠥ᠋ᠷᠥᠭ᠌ᠴᠢ ᠭᠠᠳᠠᠭ᠍ᠰᠢᠯᠠᠭᠤᠯᠬᠤ ᠵᠢ ᠬᠢᠨᠠᠨ ᠬᠡᠮᠵᠢᠬᠦ ᠨᠢᠭᠡ ᠴᠣᠭ᠍ᠴᠠᠵᠢᠭᠤᠯᠤᠭ᠍ᠰᠠᠨ ᠮᠠᠱᠢᠨ ᠢ᠋ ᠤᠭ᠍ᠰᠠᠷᠠᠵᠤ ᠳᠣᠭᠢᠷᠠᠭᠤᠯᠤᠨ ᠲᠤᠷᠱᠢᠬᠤ ᠶ᠋ᠢᠨ ᠬᠠᠮᠲᠤ ᠲᠣᠭ᠎ᠠ ᠪᠠᠷᠢᠮᠲᠠ ᠴᠤᠭ᠍ᠯᠠᠭᠤᠯᠬᠤ ᠪᠠ ᠳᠡᠭᠡᠭ᠌ᠰᠢ ᠳᠠᠮᠵᠢᠭᠤᠯᠬᠤ ᠵᠢ ᠵᠡᠷᠭᠡ ᠪᠡᠷ ᠥᠷᠨᠢᠭᠦᠯᠪᠡ᠃
ᠨᠡᠭᠦᠷᠡᠰᠦᠲᠥ᠋ᠷᠥᠭ᠌ᠴᠢ ᠭᠠᠳᠠᠭ᠍ᠰᠢᠯᠠᠭᠤᠯᠬᠤ ᠵᠢ ᠴᠠᠭ ᠲᠤᠨᠢ ᠬᠢᠨᠠᠨ ᠬᠡᠮᠵᠢᠬᠦ ᠠᠵᠢᠯ ᠨᠢ ᠥᠪᠡᠷᠲᠡᠭᠡᠨ ᠵᠠᠰᠠᠬᠤ ᠣᠷᠣᠨ ᠤ᠋ ᠵᠠᠬ᠎ᠠ ᠳᠡᠯᠭᠡᠭᠦᠷ ᠤ᠋ᠨ ᠬᠢᠨᠠᠯᠲᠠ ᠬᠠᠮᠢᠶᠠᠷᠤᠯᠲᠠ ᠶ᠋ᠢᠨ ᠲᠣᠪᠴᠢᠶ᠎ᠠ᠂ ᠥᠪᠡᠷᠲᠡᠭᠡᠨ ᠵᠠᠰᠠᠬᠤ ᠣᠷᠣᠨ ᠤ᠋ ᠠᠵᠤ ᠦᠶ᠋ᠯᠡᠳᠪᠦᠷᠢ ᠪᠠ ᠮᠡᠳᠡᠭᠡ ᠵᠠᠩᠭᠢᠵᠢᠯᠲᠠ ᠶ᠋ᠢᠨ ᠲᠢᠩᠬᠢᠮ ᠤ᠋ᠨ 《ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠭᠤᠤᠯᠳᠠᠯᠭ᠎ᠠ ᠲᠠᠢ ᠠᠵᠢᠯ ᠲᠥᠷᠥᠯ ᠤ᠋ᠨ ᠨᠡᠭᠦᠷᠡᠰᠦᠲᠥ᠋ᠷᠥᠭ᠌ᠴᠢ ᠭᠠᠳᠠᠭ᠍ᠰᠢᠯᠠᠭᠤᠯᠬᠤ ᠵᠢ ᠴᠠᠭ ᠲᠤᠨᠢ ᠬᠢᠨᠠᠨ ᠬᠡᠮᠵᠢᠬᠦ ᠵᠢ ᠥᠷᠨᠢᠭᠦᠯᠬᠦ᠌ ᠲᠤᠬᠠᠶ ᠮᠡᠳᠡᠭ᠌ᠳᠡᠯ》 ᠤ᠋ᠨ ᠬᠣᠯᠪᠣᠭ᠍ᠳᠠᠯ ᠪᠥᠬᠥᠶ ᠱᠠᠭᠠᠷᠳᠠᠯᠭ᠎ᠠ ᠵᠢ ᠨᠠᠢᠳᠠᠪᠤᠷᠢᠵᠢᠭᠤᠯᠤᠨ᠂ ᠱᠦᠶ᠋ᠨᠢ᠂ ᠪᠣᠯᠣᠳ ᠲᠡᠮᠦᠷ᠂ ᠴᠠᠬᠢᠯᠭᠠᠨ ᠵᠠᠳᠠᠯᠤᠯ ᠤ᠋ᠨ ᠬᠥᠩᠭᠡᠨᠴᠠᠭᠠᠨ᠂ ᠲᠠᠯᠠᠰᠲᠤ ᠴᠠᠬᠢᠭᠤᠷ ᠵᠡᠷᠭᠡ ᠳᠥᠷᠪᠡᠨ ᠶᠡᠬᠡ ᠭᠤᠤᠯᠳᠠᠯᠭ᠎ᠠ ᠲᠠᠢ ᠠᠵᠢᠯ ᠲᠥᠷᠥᠯ ᠳ᠋ᠤ ᠠᠩᠬᠠᠷᠤᠯ ᠢ᠋ᠶ᠋ᠡᠨ ᠲᠥᠪᠯᠡᠷᠡᠭᠦᠯᠵᠦ᠍᠂ ᠪᠥᠬᠥ᠌ ᠣᠷᠣᠨ ᠤ᠋ ᠭᠤᠤᠯᠳᠠᠯᠭ᠎ᠠ ᠲᠠᠢ ᠨᠡᠭᠦᠷᠡᠰᠦᠲᠥ᠋ᠷᠥᠭ᠌ᠴᠢ ᠭᠠᠳᠠᠭ᠍ᠰᠢᠯᠠᠭᠤᠯᠬᠤ ᠨᠢᠭᠡᠴᠢ ᠵᠢ ᠬᠠᠮᠤᠷᠪᠠ᠃
ᠲᠠᠷᠠᠭᠠᠴᠢ ᠪᠡᠷ᠂ ᠦᠪᠦᠷ ᠮᠤᠨᠭᠭᠤᠯ ᠤ᠋ᠨ ᠦᠪᠡᠷᠲᠡᠭᠡᠨ ᠵᠠᠰᠠᠬᠤ ᠤᠷᠤᠨ ᠤ᠋ ᠬᠡᠮᠵᠢᠨ ᠰᠢᠯᠭᠠᠬᠤ ᠰᠤᠳᠤᠯᠭᠠᠨ ᠤ᠋ ᠬᠦᠷᠢᠶᠡᠯᠡᠨᠭ ᠤ᠋ᠨ ᠬᠢᠨ ᠦᠯᠡᠳᠡᠭ᠌ᠰᠡᠨ ᠠᠵᠤ ᠠᠬᠤᠢᠯᠠᠯ ᠤ᠋ᠨ ᠤᠭ᠍ᠰᠠᠷᠠᠬᠤ ᠠᠵᠢᠯ ᠢ᠋ ᠯᠠᠪᠳᠠᠭᠤᠨ ᠢ᠋ᠶ᠋ᠡᠷ ᠠᠬᠢᠭᠤᠯᠤᠨ᠂ ᠲᠣᠭ᠎ᠠ ᠪᠠᠷᠢᠮᠲᠠ ᠶ᠋ᠢᠨ ᠶᠠᠰᠤ ᠴᠢᠨᠠᠷ ᠢ᠋ ᠡᠵᠡᠮᠳᠡᠬᠦ᠌ ᠱᠢᠰᠲ᠋ᠧᠮ ᠢ᠋ ᠵᠡᠷᠭᠡᠪᠡᠷ ᠰᠠᠢᠲᠤᠷ ᠬᠢᠵᠦ᠍᠂ ᠬᠢᠨᠠᠨ ᠬᠡᠮᠵᠢᠭ᠌ᠰᠡᠨ ᠲᠣᠭ᠎ᠠ ᠪᠠᠷᠢᠮᠲᠠ ᠶ᠋ᠢᠨ ᠵᠥᠪ ᠣᠨᠣᠪᠴᠢᠲᠠᠶ ᠨᠠᠢᠳᠠᠪᠤᠷᠢᠲᠠᠶ ᠪᠠᠢᠬᠤ ᠵᠢ ᠪᠠᠲᠤᠯᠠᠨ᠂ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ ᠤ᠋ᠨ ᠭᠤᠤᠯᠳᠠᠯᠭ᠎ᠠ ᠲᠠᠢ ᠠᠵᠢᠯ ᠲᠥᠷᠥᠯ ᠤ᠋ᠨ ᠨᠡᠭᠦᠷᠡᠰᠦᠲᠥ᠋ᠷᠥᠭ᠌ᠴᠢ ᠭᠠᠳᠠᠭ᠍ᠰᠢᠯᠠᠭᠤᠯᠬᠤ ᠪᠠᠢᠳᠠᠯ ᠢ᠋ ᠲᠣᠳᠣᠷᠬᠠᠶ ᠣᠢᠯᠠᠭᠠᠬᠤ ᠵᠢ ᠦᠨᠡᠨ ᠬᠦ᠌ ᠲᠤᠯᠭᠠᠭᠤᠷᠢᠯᠠᠵᠤ᠂ ᠠᠵᠤ ᠠᠬᠤᠢᠯᠠᠯ ᠤ᠋ᠨ ᠡᠨᠧᠷᠭᠢ ᠠᠷᠪᠢᠯᠠᠵᠤ ᠨᠡᠭᠦᠷᠡᠰᠦᠲᠥ᠋ᠷᠥᠭ᠌ᠴᠢ ᠵᠢᠨ ᠭᠠᠳᠠᠬᠰᠢᠯᠠᠭᠤᠯᠤᠯᠳᠠ ᠵᠢ ᠪᠠᠭᠤᠷᠠᠭᠤᠯᠤᠨ ᠦᠷ᠎ᠡ ᠠᠱᠢᠭ ᠢ᠋ ᠨᠡᠮᠡᠭ᠌ᠳᠡᠭᠦᠯᠬᠦ᠌ ᠳ᠋ᠤ ᠦᠶ᠋ᠯᠡᠴᠢᠯᠡᠨᠡ᠃