ᠲᠦᠷᠦᠬᠦᠬᠡᠨ ᠬᠣᠷᠢᠨ ᠨᠠᠶ᠋ᠮᠠᠳᠤᠭᠠᠷ ᠬᠤᠭᠤᠴᠠᠭᠠᠨ ᠤ᠋ ᠳᠤᠮᠳᠠᠳᠤ ᠤᠯᠤᠰ ᠤ᠋ᠨ ᠪᠡᠭᠡᠵᠢᠩ ᠤ᠋ᠨ ᠣᠯᠠᠨ ᠤᠯᠤᠰ ᠤ᠋ᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠠᠵᠤ ᠦᠶ᠋ᠯᠡᠰ ᠤ᠋ᠨ ᠦᠵᠡᠰᠭᠦᠯᠡᠩ ᠤ᠋ᠨ ᠴᠤᠭ᠍ᠯᠠᠭᠠᠨ ᠤᠯᠤᠰ ᠤ᠋ᠨ ᠬᠤᠷᠠᠯ ᠤ᠋ᠨ ᠲᠥᠪ ᠲᠤ᠌ ᠥᠨᠳᠥᠷᠯᠡᠪᠡ᠃
ᠲᠤᠰ ᠬᠤᠭᠤᠴᠠᠭᠠᠨ ᠤ᠋ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠦᠵᠡᠰᠭᠦᠯᠡᠩ ᠤ᠋ᠨ ᠴᠤᠭ᠍ᠯᠠᠭᠠᠨ ᠨᠢ 《ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠢ᠋ᠢᠡᠷ ᠬᠦᠳᠦᠯᠥᠨ ᠳᠠᠭᠠᠭᠤᠯᠵᠤ ᠢᠷᠡᠭᠡᠳᠦᠢ ᠢ᠋ᠢ ᠴᠣᠭ᠍ᠴᠠᠯᠠᠨ ᠡᠳ᠋ᠯᠡᠬᠦ᠌》 ᠪᠡᠷ ᠭᠣᠣᠯ ᠰᠡᠳᠦᠪ ᠪᠣᠯᠭᠠᠵᠤ᠂ ᠬᠣᠱᠢᠭᠤᠷᠠᠯ ᠮᠡᠷᠭᠡᠵᠢᠯ ᠤ᠋ᠨ ᠲᠠᠯᠠᠪᠠᠢ ᠪᠤᠯᠤᠭᠰᠠᠨ ᠢ᠋ᠢᠡᠷ ᠪᠠᠷᠠᠬᠤ ᠦᠭᠡᠢ ᠣᠷᠣᠨ ᠪᠦᠰᠡ ᠢ᠋ᠢᠨ ᠬᠠᠮᠵᠢᠯᠴᠠᠨ ᠬᠥᠭ᠌ᠵᠢᠬᠦ᠌ ᠬᠥᠭᠥᠷᠭᠡ ᠪᠤᠯᠵᠠᠢ᠃ ᠤᠯᠤᠰ ᠤ᠋ᠨ ᠴᠢᠬᠤᠯᠠ ᠡᠨᠧᠷᠭᠢ ᠪᠠ ᠪᠠᠢᠯᠳᠤᠬᠤ ᠪᠣᠳᠣᠯᠭ᠎ᠠ ᠢ᠋ᠢᠨ ᠡᠬᠢ ᠪᠠᠶᠠᠯᠢᠭ ᠤ᠋ᠨ ᠰᠠᠭᠤᠷᠢᠨ ᠪᠣᠯᠤᠭ᠍ᠰᠠᠨ ᠥᠪᠥᠷ ᠮᠣᠩᠭᠣᠯ 《ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠱᠢᠨ᠎ᠡ ᠢ᠋ᠢ ᠡᠭᠦᠳᠬᠦ᠌》 ᠴᠠᠭ ᠦᠶ᠎ᠡ ᠢ᠋ᠢᠨ ᠱᠢᠯᠭᠠᠯᠲᠠ ᠢ᠋ᠢᠨ ᠰᠡᠳᠦᠪ ᠢ᠋ ᠬᠡᠷᠬᠢᠨ ᠬᠠᠷᠢᠭᠤᠯᠬᠤ ᠪᠤᠯ? 《ᠱᠢᠨ᠎ᠡ ᠴᠢᠨᠠᠷ ᠤ᠋ᠨ ᠦᠶ᠋ᠯᠡᠳᠪᠦᠷᠢᠯᠡᠯ ᠤ᠋ᠨ ᠬᠦᠴᠦᠨ》 ᠬᠠᠯᠠᠮᠱᠢᠯ ᠪᠣᠯᠤᠭ᠍ᠰᠠᠨ ᠦᠨᠤᠳᠤᠷ ᠥᠪᠥᠷ ᠮᠣᠩᠭᠣᠯ ᠤ᠋ᠨ ᠦᠵᠡᠭᠦᠯᠭᠡ ᠢ᠋ᠢᠨ ᠲᠣᠭᠣᠷᠢᠭ ᠲᠣᠳᠣᠷᠬᠠᠶ ᠪᠥᠭᠡᠳ ᠬᠦᠴᠦᠲᠡᠶ ᠬᠠᠷᠢᠭᠤᠯᠲᠠ ᠥᠭ᠌ᠴᠠᠢ᠃
ᠥᠪᠥᠷ ᠮᠣᠩᠭᠣᠯ ᠤ᠋ᠨ ᠦᠵᠡᠭᠦᠯᠭᠡ ᠢ᠋ᠢᠨ ᠲᠣᠭᠣᠷᠢᠭ ᠨᠢ ᠦᠪᠤᠷ ᠮᠤᠩᠭᠤᠯ 《ᠬᠣᠶᠠᠷ ᠬᠠᠯᠬᠠᠪᠴᠢ》᠂ 《ᠬᠣᠶᠠᠷ ᠰᠠᠭᠤᠷᠢᠨ》᠂ 《ᠨᠢᠭᠡ ᠪᠡᠬᠢᠯᠡᠯᠲᠡ》 ᠢ᠋ᠢᠨ ᠪᠠᠢᠯᠳᠤᠬᠤ ᠪᠣᠳᠣᠯᠭ᠎ᠠ ᠢ᠋ᠢᠨ ᠪᠠᠢᠷᠢ ᠲᠣᠭ᠍ᠲᠠᠭᠠᠯᠲᠠ ᠢ᠋ᠢ ᠴᠢᠩᠭ᠎ᠠ ᠡᠵᠡᠮᠳᠡᠵᠦ᠍᠂ ᠱᠢᠨ᠎ᠡ ᠢ᠋ᠢ ᠡᠭᠦᠳᠬᠦ᠌ ᠪᠡᠷ ᠬᠥᠳᠡᠯᠭᠡᠭᠦᠷ ᠪᠣᠯᠭᠠᠬᠤ ᠬᠥᠭ᠌ᠵᠢᠯᠲᠡ ᠢ᠋ᠢᠨ ᠪᠠᠢᠯᠳᠤᠬᠤ ᠪᠣᠳᠣᠯᠭ᠎ᠠ ᠢ᠋ᠢ ᠭᠦᠨᠵᠡᠭᠡᠶ ᠬᠡᠷᠡᠭ᠌ᠵᠢᠭᠦᠯᠦᠨ᠂ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠱᠢᠨ᠎ᠡ ᠡᠬᠦᠳᠦᠯᠳᠡ ᠬᠢᠭᠡᠳ ᠠᠵᠤ ᠦᠶ᠋ᠯᠡᠰ ᠤ᠋ᠨ ᠱᠢᠨ᠎ᠡ ᠡᠬᠦᠳᠦᠯᠳᠡ ᠢ᠋ᠢᠨ ᠭᠦᠨᠵᠡᠭᠡᠶ ᠠᠭᠤᠰᠤᠯᠴᠠᠯ ᠢ᠋ ᠲᠦᠷᠬᠡᠳᠬᠡᠨ ᠠᠬᠢᠭᠤᠯᠤᠭᠰᠠᠨ ᠬᠤᠪᠢᠷᠠᠯᠲᠠ ᠢ᠋ᠢ ᠭᠤᠤᠯᠳᠠᠢ ᠬᠠᠷᠠᠭᠤᠯᠪᠠ᠃ ᠪᠥᠬᠥ᠌ ᠣᠷᠣᠨ ᠤ᠋ 84 ᠠᠵᠤ ᠠᠬᠤᠢᠯᠠᠯ ᠪᠤᠯᠤᠨ ᠦᠵᠡᠭᠦᠯᠭᠡ ᠳ᠋ᠤ ᠣᠷᠣᠯᠴᠠᠭ᠍ᠰᠠᠨ 38 ᠭᠤᠤᠯᠳᠠᠯᠭ᠎ᠠ ᠲᠠᠢ ᠨᠢᠭᠡᠴᠢ ᠢ᠋ᠢᠨ ᠬᠢᠨ 《ᠪᠣᠬᠢᠷᠲᠤᠯ ᠥᠬᠡᠶ ᠬᠥᠳᠡᠯᠭᠡᠭᠦᠷ》᠂ 《ᠮᠠᠲ᠋ᠧᠷᠢᠶᠠᠯ ᠤ᠋ᠨ ᠬᠡᠯᠬᠢᠶᠡᠵᠢᠯ》᠂ 《ᠣᠶᠤᠨᠴᠢ ᠡᠭᠦᠯᠡᠨ ᠲᠠᠷᠢᠬᠢ》᠂ 《ᠤᠮᠠᠷᠠᠲᠤ ᠬᠢᠯᠢ ᠢ᠋ᠢᠨ ᠱᠢᠯᠢᠳᠡᠭ ᠪᠦᠲᠦᠭᠡᠭᠳᠡᠭᠦᠨ》 ᠵᠡᠷᠭᠡ 4 ᠶᠡᠬᠡ ᠬᠦᠷᠢᠶ᠎ᠡ ᠢ᠋ᠢᠨ 100 ᠱᠢᠬᠠᠮ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠦᠷ᠎ᠡ ᠪᠦᠲᠦᠭᠡᠯ ᠢ᠋ ᠠᠪᠴᠢᠷᠠᠵᠤ᠂ ᠡᠬᠢ ᠪᠠᠶᠠᠯᠢᠭ ᠤ᠋ᠨ ᠲᠣᠮᠣ ᠣᠷᠣᠨ ᠡᠴᠡ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠢ᠋ᠢᠡᠷ ᠣᠷᠣᠨ ᠢ᠋ᠢᠡᠨ ᠬᠦᠴᠦᠷᠬᠡᠭ᠌ᠵᠢᠭᠦᠯᠬᠦ᠌ ᠲᠡᠢᠰᠢ ᠬᠡᠯᠪᠡᠷᠢ ᠪᠡᠨ ᠬᠤᠪᠢᠷᠠᠭᠤᠯᠬᠤ ᠲᠡᠮᠡᠴᠡᠯ ᠵᠢᠳᠬᠦᠯ ᠤ᠋ᠨ ᠶᠠᠪᠤᠴᠠ ᠢ᠋ᠢ ᠠᠮᠢᠳᠤᠯᠢᠭ ᠢ᠋ᠢᠡᠷ ᠳᠡᠯᠭᠡᠨ ᠦᠵᠡᠭᠦᠯᠪᠠ᠃
《ᠪᠣᠬᠢᠷᠲᠤᠯ ᠦᠭᠡᠢ ᠬᠥᠳᠡᠯᠭᠡᠭᠦᠷ》 ᠤ᠋ᠨ ᠬᠡᠰᠡᠭ ᠲᠤ᠌᠂ ᠡᠨᠧᠷᠭᠢ ᠢ᠋ᠢᠨ ᠠᠮᠤᠷ ᠲᠦᠪᠱᠢᠨ ᠪᠣᠯᠤᠨ ᠮᠠᠲᠧᠷᠢᠶᠠᠯ ᠤ᠋ᠨ ᠱᠢᠪᠲᠤᠯᠤᠯᠲᠠ ᠲᠠᠢ ᠬᠣᠯᠪᠣᠭ᠍ᠳᠠᠬᠰᠠᠨ ᠬᠠᠲᠠᠭᠤ ᠴᠥᠮ᠎ᠡ ᠢ᠋ᠢᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠳ ᠬᠥᠮᠦᠰ ᠢ᠋ ᠭᠠᠢᠬᠠᠰᠢ ᠠᠯᠳᠠᠭᠤᠯᠤᠨ᠎ᠠ᠃ ᠣᠷᠳᠣᠰ ᠬᠣᠲᠠ ᠢ᠋ᠢᠨ ᠴᠢᠡᠭ ᠡᠢ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠬᠢᠵᠠᠭᠠᠷᠲᠤ ᠺᠣᠮᠫᠠᠨᠢ ᠢ᠋ᠢᠨ ᠠᠪᠴᠢᠷᠠᠭ᠍ᠰᠠᠨ ᠬᠠᠲᠠᠭᠤ ᠲᠥᠯᠥᠪᠲᠦ ᠤᠰᠤᠲᠥ᠋ᠷᠥᠭ᠌ᠴᠢ ᠬᠠᠳᠠᠭᠠᠯᠠᠬᠤ ᠰᠠᠪᠠ ᠢ᠋ᠢᠨ ᠵᠠᠭ᠍ᠪᠤᠷ ᠨᠢ ᠬᠠᠲᠠᠭᠤ ᠲᠥᠯᠥᠪᠲᠦ ᠤᠰᠤᠲᠥ᠋ᠷᠥᠭ᠌ᠴᠢ ᠬᠠᠳᠠᠭᠠᠯᠠᠬᠤ ᠮᠡᠷᠭᠡᠵᠢᠯ ᠤ᠋ᠨ ᠡᠷᠭᠢᠯᠲᠡ ᠢ᠋ᠢᠨ ᠲᠣᠭ᠎ᠠ᠂ ᠠᠮᠤᠷ ᠲᠦᠪᠱᠢᠨ ᠴᠢᠨᠠᠷ᠂ ᠤᠰᠤᠲᠥ᠋ᠷᠥᠭ᠌ᠴᠢ ᠬᠠᠳᠠᠭᠠᠯᠠᠬᠤ ᠨᠢᠭ᠍ᠲᠠᠴᠠ ᠵᠡᠷᠭᠡ ᠲᠠᠯ᠎ᠠ ᠢ᠋ᠢᠨ ᠢᠯᠡᠳᠲᠡ ᠳᠠᠪᠠᠭᠤᠯᠢᠭ ᠢ᠋ ᠬᠠᠷᠠᠭᠤᠯᠵᠠᠢ᠃
ᠤᠯᠤᠰ ᠤ᠋ᠨ ᠴᠢᠬᠤᠯᠠ ᠡᠨᠧᠷᠭᠢ ᠢ᠋ᠢᠨ ᠰᠠᠭᠤᠷᠢᠨ ᠢ᠋ ᠪᠦᠲᠦᠭᠡᠨ ᠪᠠᠢᠭᠤᠯᠬᠤ ᠪᠠᠢᠯᠳᠤᠬᠤ ᠪᠤᠳᠤᠯᠭ᠎ᠠ ᠢ᠋ᠢᠨ ᠪᠠᠢᠷᠢ ᠲᠣᠭ᠍ᠲᠠᠭᠠᠯᠲᠠ ᠢ᠋ᠢᠨ ᠲᠣᠭᠣᠷᠢᠨ ᠳ᠋ᠤ ᠥᠪᠥᠷ ᠮᠣᠩᠭᠣᠯ ᠰᠠᠯᠬᠢᠨ ᠬᠦᠴᠦ ᠭᠡᠷᠡᠯᠴᠢ ᠴᠡᠨᠡᠭ ᠤ᠋ᠨ ᠴᠠᠬᠢᠯᠭᠠᠨ ᠪᠠ ᠤᠰᠤᠲᠥ᠋ᠷᠥᠭ᠌ᠴᠢ ᠬᠠᠳᠠᠭᠠᠯᠠᠬᠤ ᠵᠡᠷᠭᠡ ᠱᠢᠨ᠎ᠡ ᠡᠨᠧᠷᠭᠢ ᠢ᠋ᠢᠨ ᠬᠦᠷᠢᠶᠡᠨ ᠳ᠋ᠤ ᠠᠩᠬᠠᠷᠤᠯ ᠢ᠋ᠢᠡᠨ ᠲᠥᠪᠯᠡᠷᠡᠭᠦᠯᠵᠦ᠍᠂ ᠰᠤᠳᠤᠯᠤᠨ ᠨᠡᠭᠡᠭᠡᠬᠦ᠌ ᠡᠴᠡ ᠬᠡᠷᠡᠭ᠌ᠯᠡᠭᠡᠨ ᠳ᠋ᠤ ᠬᠦᠷᠭᠡᠬᠦ᠌ ᠪᠢᠲᠡᠭᠦᠦ ᠬᠡᠯᠬᠢᠶᠡᠳᠤ ᠠᠮᠢ ᠠᠬᠤᠢ ᠢ᠋ᠢ ᠪᠦᠬᠦ᠌ ᠬᠦᠴᠦ᠍ᠨ ᠢ᠋ᠢᠡᠷ ᠢ᠋ᠢᠡᠨ ᠴᠣᠭ᠍ᠴᠠᠯᠠᠵᠤ ᠪᠠᠢᠨ᠎ᠠ᠃ ᠥᠪᠥᠷ ᠮᠣᠩᠭᠣᠯ ᠤ᠋ᠨ ᠾᠧ ᠴᠤᠸᠠᠩ ᠪᠦᠯᠦᠭ᠌ᠯᠡᠯ ᠤ᠋ᠨ ᠬᠢᠵᠠᠭᠠᠷᠲᠤ ᠺᠣᠮᠫᠠᠨᠢ ᠢ᠋ᠢᠨ ᠳᠡᠯᠭᠡᠨ ᠦᠵᠡᠭᠦᠯᠦᠭ᠌ᠰᠡᠨ ᠾᠧ ᠴᠤᠸᠠᠩ ᠴᠡᠪᠡᠷ ᠡᠨᠧᠷᠭᠢ ᠢ᠋ᠢᠨ ᠡᠨᠧᠷᠭᠢ ᠠᠷᠪᠢᠯᠠᠵᠤ ᠪᠣᠬᠢᠷᠲᠤᠯ ᠭᠠᠳᠠᠭ᠍ᠰᠢᠯᠠᠭᠤᠯᠬᠤ ᠬᠡᠮᠵᠢᠶ᠎ᠡ ᠢ᠋ᠢ ᠪᠠᠭᠠᠰᠭᠠᠬᠤ ᠮᠠᠱᠢᠨ ᠨᠢ ᠨᠢᠭᠡᠨᠲᠡ ᠣᠯᠠᠨ ᠠᠵᠤ ᠦᠶ᠋ᠯᠡᠳᠪᠦᠷᠢ ᠢ᠋ᠢᠨ ᠲᠠᠯᠠᠪᠤᠷ ᠲᠤ᠌ ᠬᠣᠷᠣᠭ᠍ᠳᠠᠯ ᠢ᠋ ᠪᠠᠭᠠᠰᠭᠠᠬᠤ ᠦᠷ᠎ᠡ ᠪᠦᠲᠦᠮᠵᠢ ᠪᠡᠷ ᠢᠯᠡᠳᠲᠡ ᠭᠡᠳᠡᠭ ᠢ᠋ᠢᠡᠨ ᠪᠠᠲᠤᠯᠠᠪᠠ᠃
ᠥᠪᠥᠷ ᠮᠣᠩᠭᠣᠯ ᠬᠣᠪᠣᠷ ᠱᠢᠷᠣᠶ ᠵᠡᠷᠭᠡ ᠪᠠᠢᠯᠳᠤᠬᠤ ᠪᠣᠳᠣᠯᠭ᠎ᠠ ᠢ᠋ᠢᠨ ᠡᠬᠢ ᠪᠠᠶᠠᠯᠢᠭ ᠢ᠋ ᠥᠨᠳᠥᠷ ᠥᠷᠲᠡᠭᠵᠢᠬᠦᠯᠦᠨ ᠠᠱᠢᠭ᠍ᠯᠠᠬᠤ ᠲᠠᠯ᠎ᠠ ᠪᠡᠷ ᠬᠥᠮᠦᠰ ᠤ᠋ᠨ ᠠᠩᠬᠠᠷᠤᠯ ᠢ᠋ ᠠᠳᠠᠯᠢᠬᠠᠨ ᠲᠠᠲᠠᠵᠤ ᠪᠤᠢ᠃ ᠪᠤᠭᠤᠲᠤ ᠢ᠋ᠢᠨ ᠪᠣᠯᠣᠳ ᠲᠡᠮᠦᠷ ᠤ᠋ᠨ ᠠᠭᠤᠷᠬᠠᠶ ᠢ᠋ᠢᠨ ᠰᠤᠳᠤᠯᠭᠠᠨ ᠤ᠋ ᠬᠦᠷᠢᠶᠡᠯᠡᠩ ᠤ᠋ᠨ ᠠᠪᠴᠢᠷᠠᠭ᠍ᠰᠠᠨ ᠲᠣᠭᠣᠰᠣ ᠬᠣᠷᠢᠭ᠍ᠯᠠᠬᠤ ᠡᠳ᠋᠂ ᠬᠡᠲᠦ ᠨᠠᠷᠢᠯᠢᠭ ᠨᠡᠭᠦᠷᠡᠰᠦᠲᠥ᠋ᠷᠥᠭ᠌ᠴᠢᠲᠦ ᠨᠢᠦᠪᠢ ᠢ᠋ᠢᠨ ᠨᠤᠨᠲᠠᠭ ᠵᠡᠷᠬᠡ ᠤᠯᠠᠨ ᠵᠤᠢᠯ ᠤ᠋ᠨ ᠦᠢᠯᠡᠳᠬᠦᠨ ᠨᠢ ᠥᠩᠭᠡᠷᠡᠭ᠌ᠰᠡᠨ ᠤ᠋ 《ᠬᠠᠶᠠᠭ᠍ᠳᠠᠮᠠᠯ ᠡᠳ᠋》 ᠬᠡᠮᠡᠭ᠌ᠳᠡᠵᠦ᠍ ᠪᠠᠢᠭ᠍ᠰᠠᠨ ᠦᠯᠡᠳᠡᠭ᠌ᠳᠡᠯ ᠬᠦᠳᠡᠷ ᠢ᠋ ᠦᠨᠡᠨ ᠬᠦ᠌ 《ᠠᠯᠲᠠ ᠪᠣᠯᠭᠠᠵᠤ》᠂ ᠡᠬᠢ ᠪᠠᠶᠠᠯᠢᠭ ᠤ᠋ᠨ ᠬᠡᠯᠪᠡᠷᠢ ᠢ᠋ᠢᠨ ᠭᠠᠵᠠᠷ ᠣᠷᠣᠨ ᠤ᠋ ᠪᠣᠬᠢᠷᠲᠤᠯ ᠥᠬᠡᠶ ᠲᠡᠢᠰᠢ ᠬᠡᠯᠪᠡᠷᠢ ᠪᠡᠨ ᠬᠤᠪᠢᠷᠠᠭᠤᠯᠬᠤ ᠳ᠋ᠤ ᠬᠠᠭᠤᠯᠪᠤᠷᠢᠯᠠᠵᠤ ᠪᠣᠯᠬᠤᠢᠴᠠ ᠲᠤᠷᠱᠢᠯᠭ᠎ᠠ ᠬᠠᠩᠭᠠᠪᠠ᠃
ᠲᠣᠭᠠᠴᠢᠯᠠᠭ᠍ᠰᠠᠨ ᠠᠵᠤ ᠠᠬᠤᠢ ᠢ᠋ᠢᠨ ᠴᠠᠭ ᠦᠶ᠎ᠡ ᠳ᠋ᠤ ᠪᠤᠳᠤᠯᠲᠠ ᠢ᠋ᠢᠨ ᠬᠦᠴᠦᠨ ᠪᠣᠯ ᠦᠢᠯᠡᠳᠪᠦᠷᠢᠯᠡᠯ ᠤ᠋ᠨ ᠬᠦᠴᠦᠨ ᠮᠥᠨ᠃ ᠲᠤᠰ ᠬᠤᠭᠤᠴᠠᠭᠠᠨ ᠤ᠋ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠦᠵᠡᠰᠭᠦᠯᠡᠩ ᠤ᠋ᠨ ᠴᠤᠭ᠍ᠯᠠᠭᠠᠨ ᠳᠡᠭᠡᠷ᠎ᠡ ᠥᠪᠥᠷ ᠮᠣᠩᠭᠣᠯ ᠤ᠋ᠨ 《ᠲᠣᠭᠠᠴᠢᠯᠠᠭ᠍ᠰᠠᠨ ᠡᠭᠦᠯᠡᠨ ᠲᠠᠷᠢᠬᠢ》 ᠪᠤᠯᠤᠩ ᠮᠠᠰᠢ ᠤᠯᠠᠨ ᠪᠡᠯᠡ ᠣᠷᠣᠭᠤᠯᠤᠯᠲᠠ ᠢ᠋ᠢᠨ ᠪᠠᠢᠭᠤᠯᠤᠮᠵᠢ ᠪᠠ ᠵᠠᠭᠤᠴᠢᠯᠠᠭᠤᠷ ᠤ᠋ᠨ ᠠᠩᠬᠠᠷᠤᠯ ᠤ᠋ᠨ ᠲᠥᠪ ᠪᠣᠯᠪᠠ᠃ 《ᠵᠡᠭᠦᠨ ᠳ᠋ᠡᠬᠢ ᠲᠤᠭ᠎ᠠ ᠪᠠᠷᠢᠮᠳᠠ ᠵᠢ ᠪᠠᠷᠠᠭᠤᠨ ᠳ᠋ᠤ ᠪᠤᠳᠤᠬᠤ》 ᠢᠨᠵᠧᠨᠧᠷᠢᠩ ᠳ᠋ᠤ ᠲᠦᠱᠢᠭ᠌ᠯᠡᠨ᠂ ᠥᠪᠥᠷ ᠮᠣᠩᠭᠣᠯ ᠪᠣᠬᠢᠷᠲᠤᠯ ᠦᠭᠡᠢ ᠪᠤᠳᠤᠯᠲᠠ ᠢ᠋ᠢᠨ ᠬᠦᠴᠦᠨ ᠪᠣᠯᠤᠨ ᠪᠣᠳᠠᠲᠤ ᠴᠣᠭ᠍ᠴᠠ ᠢ᠋ᠢᠨ ᠠᠵᠤ ᠠᠬᠤᠢ ᠢ᠋ᠢ ᠭᠦᠨᠵᠡᠭᠡᠢ ᠠᠭᠤᠰᠤᠯᠴᠠᠭᠤᠯᠵᠤ᠂ ᠪᠤᠳᠤᠯᠲᠠ ᠢ᠋ᠢᠨ ᠬᠦᠴᠦᠨ ᠵᠢᠡᠷ ᠤᠯᠠᠨ ᠠᠵᠢᠯ ᠲᠦᠷᠦᠯ ᠳ᠋ᠤ ᠬᠦᠴᠦᠨ ᠨᠡᠮᠡᠷᠢᠯᠡᠬᠦ ᠥᠷᠭᠡᠨ ᠠᠭᠤᠳᠠᠮ ᠠᠯᠤᠰ ᠢᠷᠡᠭᠡᠳᠦᠢ ᠵᠢ ᠢᠯᠡᠷᠡᠬᠦᠯᠦᠭᠰᠡᠨ ᠪᠠᠢᠨ᠎ᠠ᠃
ᠤᠢᠷ᠎ᠠ ᠤᠭᠲᠠᠷᠭᠤᠢ ᠢ᠋ᠢᠨ ᠠᠵᠤ ᠠᠬᠤᠢ ᠪᠣᠯ ᠣᠳᠣᠬᠠᠨ ᠤ᠋ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠥᠷᠢᠰᠥᠯᠳᠦᠭᠡᠨ ᠤ᠋ ᠬᠠᠯᠠᠮᠱᠢᠯ ᠴᠡᠭ ᠪᠣᠯᠬᠤ ᠪᠥᠭᠡᠳ ᠥᠪᠥᠷ ᠮᠣᠩᠭᠣᠯ ᠤ᠋ᠨ ᠢᠳᠡᠪᠬᠢᠲᠡᠢ ᠲᠥᠯᠥᠪᠵᠢᠭᠦᠯᠵᠦ᠍ ᠪᠠᠢᠭ᠎ᠠ ᠱᠢᠨ᠎ᠡ ᠪᠡᠷ ᠮᠠᠨᠳᠤᠭ᠍ᠰᠠᠨ ᠠᠵᠤ ᠦᠢᠯᠡᠰ ᠪᠣᠯᠤᠨ᠎ᠠ᠃ ᠥᠪᠥᠷ ᠮᠣᠩᠭᠣᠯ ᠤ᠋ᠨ ᠾᠧᠩ ᠢᠦᠶ ᠤᠢᠷ᠎ᠠ ᠤᠭᠲᠠᠷᠭᠤᠢ ᠢ᠋ᠢᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠬᠢᠵᠠᠭᠠᠷᠲᠤ ᠺᠣᠮᠫᠠᠨᠢ ᠢ᠋ᠢᠨ ᠦᠵᠡᠭᠦᠯᠭᠡ ᠢ᠋ᠢᠨ ᠭᠠᠵᠠᠷ ᠲᠦ᠍ ᠬᠣᠶᠠᠷ ᠳᠡᠭᠡᠳᠦ ᠨᠠᠷᠢᠯᠢᠭ ᠦᠵᠦᠭᠦᠷᠯᠢᠭ ᠲᠥᠬᠥᠭᠡᠷᠦᠮᠵᠢ ᠬᠥᠮᠦᠰ ᠤ᠋ᠨ ᠠᠩᠬᠠᠷᠤᠯ ᠢ᠋ ᠲᠠᠲᠠᠯ᠎ᠠ᠃ ᠲᠤᠰ ᠺᠣᠮᠫᠠᠨᠢ ᠨᠢᠭᠡᠨᠲᠡ 3 ᠵᠤᠷᠪᠤᠰ ᠯᠠᠢᠰᠧᠷ ᠷᠠᠳᠠᠷ ᠤ᠋ᠨ ᠦᠢᠯᠡᠳᠪᠦᠷᠢᠯᠡᠯ ᠤ᠋ᠨ ᠱᠤᠭᠤᠮ ᠪᠣᠯᠤᠨ 700 ᠲᠡᠭ᠌ᠰᠢ ᠳᠥᠷᠪᠡᠯᠵᠢᠨ ᠮᠸᠲᠷ ᠤ᠋ᠨ ᠷᠠᠳᠠᠷ ᠤ᠋ᠨ ᠲᠣᠭ᠍ᠲᠠᠭ᠍ᠰᠠᠨ ᠲᠠᠯᠠᠪᠠᠢ ᠢ᠋ᠢ ᠪᠠᠢᠭᠤᠯᠵᠤ᠂ ᠤᠢᠷ᠎ᠠ ᠣᠭ᠍ᠲᠠᠷᠭᠤᠢ ᠢ᠋ᠢᠨ ᠴᠠᠭ ᠠᠭᠤᠷ ᠤ᠋ᠨ ᠬᠢᠨᠠᠨ ᠬᠡᠮᠵᠢᠬᠦ᠌ ᠲᠣᠨᠣᠭ᠍ᠯᠠᠯ ᠦᠢᠯᠡᠳᠬᠦ᠌ ᠬᠣᠭᠣᠰᠣᠨ ᠢ᠋ ᠨᠥᠬᠥᠪᠥᠷᠢᠯᠡᠪᠡ᠃
ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠨᠢ ᠠᠵᠤ ᠦᠢᠯᠡᠳᠪᠦᠷᠢ ᠪᠠ ᠡᠨᠧᠷᠭᠢ ᠢ᠋ᠢᠨ ᠪᠠᠢᠷᠢᠱᠢᠯ ᠢ᠋ ᠳᠠᠬᠢᠨ ᠪᠤᠢ ᠪᠣᠯᠭᠠᠭ᠍ᠰᠠᠨ ᠢ᠋ᠢᠡᠷ ᠪᠠᠷᠠᠬᠤ ᠦᠭᠡᠢ ᠪᠠᠰᠠ ᠰᠣᠶᠣᠯ ᠪᠠ ᠠᠷᠠᠳ ᠤ᠋ᠨ ᠠᠮᠢᠳᠤᠷᠠᠯ ᠤ᠋ᠨ ᠬᠦᠷᠢᠶᠡᠨ ᠳ᠋ᠤ ᠥᠭᠡᠷ᠎ᠡ ᠶᠠᠩᠵᠤ ᠢ᠋ᠢᠨ ᠱᠢᠨ᠎ᠡ ᠡᠭᠦᠳᠦᠯᠲᠡ ᠢ᠋ᠢ ᠪᠤᠢ ᠪᠣᠯᠭᠠᠪᠠ᠃ 《ᠪᠢ ᠪᠣᠯ VR ᠮᠡᠷᠭᠡᠵᠢᠯ ᠬᠢᠵᠦ᠍ ᠪᠠᠢᠭ᠎ᠠ ᠬᠥᠮᠦᠨ᠂ ᠰᠠᠶᠢᠬᠠᠨ 〈ᠮᠤᠨᠢ ᠠᠭᠤᠯᠠ ᠢ᠋ᠢᠨ ᠬᠠᠲᠠᠨ ᠵᠢᠷᠤᠭ ᠤ᠋ᠨ ᠲᠤᠭᠠᠴᠢᠯᠠᠭᠰᠠᠨ ᠠᠮᠢᠯᠠᠯ〉 ᠢ᠋ ᠪᠡᠶᠡᠴᠢᠯᠡᠨ ᠣᠢᠯᠠᠭᠠᠯ᠎ᠠ᠂ ᠮᠢᠩᠭᠠᠨ ᠣᠨ ᠢ᠋ ᠳᠤᠭᠤᠯᠤᠭ᠍ᠰᠠᠨ ᠲᠡᠷᠡ ᠬᠦ᠌ ᠳᠣᠩᠰᠣᠯᠤᠯ ᠨᠢ ᠨᠠᠳᠠ ᠳ᠋ᠤ ᠥᠪᠥᠷ ᠮᠣᠩᠭᠣᠯ ᠤ᠋ᠨ ᠠᠵᠤ ᠠᠬᠤᠢᠯᠠᠯ ᠲᠠᠢ ᠬᠠᠮᠲᠤᠷᠠᠨ ᠠᠵᠢᠯᠯᠠᠬᠤ ᠬᠦᠰᠡᠯ ᠤᠷᠭᠤᠭᠤᠯᠪᠠ》 ᠭᠡᠵᠤ ᠾᠧᠪᠧᠢ ᠡᠴᠡ ᠢᠷᠡᠵᠤ ᠦᠵᠡᠰᠭᠦᠯᠡᠩ ᠳ᠋ᠤ ᠣᠷᠣᠯᠴᠠᠭ᠍ᠰᠠᠨ ᠠᠷᠠᠯᠵᠢᠶᠠᠴᠢᠨ ᠢ ᠴᠧᠨ ᠥᠪᠥᠷ ᠮᠣᠩᠭᠣᠯ ᠤ᠋ᠨ ᠦᠵᠡᠬᠦᠯᠬᠡ ᠲᠣᠭᠣᠷᠢᠭ ᠡᠴᠡ ᠰᠠᠯᠵᠤ ᠶᠠᠳᠠᠨ ᠬᠤᠷᠭᠤᠳᠠᠨ᠎ᠠ᠃
《ᠤᠮᠠᠷᠠᠲᠤ ᠬᠢᠯᠢ ᠢ᠋ᠢᠨ ᠱᠢᠯᠢᠳᠡᠭ ᠪᠦᠲᠦᠭᠡᠭ᠌ᠳᠡᠬᠦᠨ》 ᠤ᠋ ᠬᠡᠰᠡᠭ ᠲᠤ᠌᠂ ᠴᠠᠴᠠᠷᠭᠠᠨ᠎ᠠ ᠢ᠋ᠢᠨ ᠱᠢᠭᠦᠰᠦ᠂ ᠴᠠᠭᠠᠨ ᠭᠣᠶᠣᠣ᠂ ᠲᠡᠮᠡᠭᠡᠨ ᠰᠦ ᠵᠢᠨ ᠪᠦᠲᠦᠭᠡᠭ᠌ᠳᠡᠬᠦᠨ᠂ ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠭᠠᠷ ᠤᠷᠠᠯᠠᠯ᠂ ᠪᠣᠷᠴᠠ ᠵᠡᠷᠭᠡ ᠪᠦᠲᠦᠭᠡᠭ᠌ᠳᠡᠬᠦᠨ ᠤᠯᠠᠨ ᠤ᠋ ᠠᠡᠭᠬᠠᠷᠤᠯ ᠢ᠋ ᠲᠠᠲᠠᠨ᠎ᠠ᠃ ᠦᠪᠤᠷ ᠮᠤᠩᠭᠤᠯ ᠣᠳᠣ ᠦᠶ᠎ᠡ ᠢ᠋ᠢᠨ ᠠᠮᠢᠳᠤ ᠪᠣᠳᠠᠰ ᠤ᠋ᠨ ᠮᠡᠷᠭᠡᠵᠢᠯ ᠪᠠ ᠨᠠᠷᠢᠯᠢᠭ ᠪᠤᠯᠪᠠᠰᠤᠷᠠᠭᠤᠯᠬᠤ ᠮᠡᠷᠭᠡᠵᠢᠯ ᠢ᠋ᠢᠡᠷ ᠳᠠᠮᠵᠢᠨ ᠲᠠᠯ᠎ᠠ ᠨᠤᠲᠤᠭ ᠤ᠋ᠨ ᠪᠣᠬᠢᠷᠲᠤᠯ ᠦᠭᠡᠢ ᠡᠬᠢ ᠪᠠᠶᠠᠯᠢᠭ ᠢ᠋ ᠥᠨᠳᠥᠷ ᠨᠡᠮᠡᠯᠲᠡ ᠥᠷᠲᠡᠭ ᠪᠦᠬᠦᠢ ᠲᠠᠸᠠᠷ ᠪᠣᠯᠭᠠᠨ ᠬᠤᠪᠢᠷᠠᠭᠤᠯᠪᠠ᠃ ᠡᠬᠦᠨ ᠤ᠋ ᠬᠠᠮᠳᠤ 《ᠮᠠᠯᠵᠢᠯ ᠤ᠋ᠨ ᠲᠠᠯᠠᠪᠠᠶ ᠡᠴᠡ ᠬᠣᠭᠣᠯᠠᠨ ᠱᠢᠷᠡᠭᠡ ᠬᠦᠷᠲᠡᠯ᠎ᠡ》᠂ 《ᠲᠤᠷᠱᠢᠯᠲᠠ ᠢ᠋ᠢᠨ ᠲᠠᠰᠤᠭ ᠡᠴᠡ ᠡᠷᠡᠭᠦᠯ ᠮᠡᠨᠳᠦ ᠬᠦᠷᠲᠡᠯ᠎ᠡ》 ᠴᠦᠮ ᠪᠣᠬᠢᠷᠲᠤᠯ ᠥᠬᠡᠶ ᠪᠠᠢᠬᠤ ᠵᠢ ᠲᠠᠬᠡᠳᠦᠯᠡᠭᠰᠡᠨ 《ᠥᠪᠥᠷ ᠮᠣᠩᠭᠣᠯ ᠨᠡᠷᠡᠮᠵᠢᠲᠦ》 ᠲᠦᠷᠦᠯ ᠲᠡᠮᠳᠡᠭ ᠢ᠋ ᠡᠬᠦᠳᠴᠠᠢ᠃
ᠲᠤᠰ ᠦᠵᠡᠰᠭᠦᠯᠡᠩ ᠤ᠋ᠨ ᠴᠤᠭ᠍ᠯᠠᠭᠠᠨ ᠤ᠋ ᠬᠤᠭᠤᠴᠠᠭᠠᠨ ᠳ᠋ᠤ᠂ ᠥᠪᠥᠷ ᠮᠣᠩᠭᠣᠯ ᠤ᠋ᠨ ᠦᠵᠡᠬᠦᠯᠬᠡ ᠵᠢᠨ ᠲᠣᠭᠣᠷᠢᠭ ᠨᠡᠢᠲᠡ 376 ᠠᠵᠤ ᠠᠬᠤᠢᠯᠠᠯ ᠤ᠋ᠨ ᠬᠢᠨ ᠤ᠋ ᠲᠤᠬᠠᠶ ᠢ᠋ᠢᠨ ᠲᠠᠯᠠᠪᠤᠷ ᠲᠤ᠌ ᠬᠦᠷᠦᠯᠴᠡᠨ ᠢᠷᠡᠵᠤ ᠲᠣᠭᠣᠷᠢᠨ ᠦᠵᠡᠬᠦ᠌ ᠢ᠋ᠢ ᠵᠣᠯᠭᠠᠭᠤᠯᠵᠤ᠂ ᠲᠤᠰᠭᠠᠶ ᠬᠤᠳᠠᠯᠳᠤᠭᠠᠴᠢᠨ ᠵᠢᠴᠢ ᠲᠣᠭᠣᠷᠢᠨ ᠦᠵᠡᠬᠦ᠌ ᠬᠥᠮᠦᠰ ᠢ᠋ ᠨᠡᠢᠲᠡ 2.3 ᠲᠦᠮᠡ ᠭᠠᠷᠤᠶ ᠬᠥᠮᠦᠨ ᠤᠳᠠᠭ᠎ᠠ ᠭᠥᠯᠢᠶᠡᠨ ᠠᠪᠴᠠᠶ᠃ ᠬᠠᠩᠭᠠᠯᠭ᠎ᠠ ᠬᠡᠷᠡᠭ᠌ᠴᠡᠭᠡ ᠢ᠋ᠢ ᠵᠣᠯᠭᠠᠭᠤᠯᠬᠤ ᠠᠭᠤᠷ ᠠᠮᠢᠰᠭᠤᠯ ᠥᠳᠭᠡᠨ ᠵᠤᠵᠠᠭᠠᠨ ᠪᠠᠢᠵᠤ᠂ ᠱᠢᠨ᠎ᠡ ᠡᠨᠧᠷᠭᠢ᠂ ᠱᠢᠨ᠎ᠡ ᠮᠠᠲ᠋ᠧᠷᠢᠶᠠᠯ᠂ ᠲᠣᠭᠠᠴᠢᠯᠠᠭ᠍ᠰᠠᠨ ᠠᠵᠤ ᠠᠬᠤᠶ᠂ ᠤᠨᠴᠠᠯᠢᠬ᠍ᠳᠤ ᠮᠠᠯ ᠤ᠋ᠨ ᠠᠱᠢᠭ ᠱᠢᠮ᠎ᠡ ᠲᠠᠷᠢᠶᠠᠯᠠᠩ ᠤ᠋ᠨ ᠪᠦᠲᠦᠭᠡᠭ᠌ᠳᠡᠬᠦᠨ ᠵᠡᠷᠭᠡ ᠭᠤᠤᠯᠳᠠᠯᠭ᠎ᠠ ᠲᠠᠢ ᠬᠦᠷᠢᠶ᠎ᠠ ᠴᠠᠷᠠᠭ᠎ᠠ ᠵᠢᠨ ᠲᠤᠭᠤᠷᠢᠨ ᠳ᠋ᠤ ᠨᠡᠢᠲᠡ 100 ᠭᠠᠷᠤᠶ ᠵᠦᠶ᠋ᠯ ᠤ᠋ᠨ ᠬᠠᠮᠲᠤᠷᠠᠯᠴᠠᠭᠠᠨ ᠤ᠋ ᠰᠠᠨᠠᠮᠵᠢ ᠲᠣᠭ᠍ᠲᠠᠪᠠ᠃
ᠲᠤᠰ ᠬᠤᠭᠤᠴᠠᠭᠠᠨ ᠤ᠋ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠦᠵᠡᠰᠭᠦᠯᠡᠩ ᠤ᠋ᠨ ᠴᠤᠭ᠍ᠯᠠᠭᠠᠨ ᠤ᠋ ᠬᠤᠭᠤᠴᠠᠭᠠᠨ ᠳ᠋ᠤ᠂ ᠳᠤᠮᠳᠠᠳᠤ ᠤᠯᠤᠰ(ᠥᠪᠥᠷ ᠮᠣᠩᠭᠣᠯ) ᠤ᠋ᠨ ᠴᠢᠯᠥᠭᠡᠲᠦ ᠠᠷᠠᠯᠵᠢᠶᠠᠨ ᠤ᠋ ᠲᠤᠷᠱᠢᠯᠲᠠ ᠢ᠋ᠢᠨ ᠣᠷᠣᠨ ᠤ᠋ ᠲᠥᠯᠥᠪᠵᠢᠭᠦᠯᠭᠡ ᠪᠠᠢᠷᠢᠱᠢᠭᠤᠯᠤᠯᠲᠠ ᠠᠩᠬ᠎ᠠ ᠤᠳᠠᠭ᠎ᠠ ᠲᠥᠪᠯᠡᠷᠡᠩᠭᠦᠢ ᠢᠯᠡᠷᠡᠵᠦ᠍᠂ ᠤᠮᠠᠷᠠᠰᠢ ᠨᠡᠭᠡᠭᠡᠯᠳᠠ ᠬᠢᠬᠦ᠌ ᠴᠢᠩᠭ᠎ᠠ ᠲᠤᠬᠢᠶ᠎ᠠ ᠢ᠋ᠢ ᠳᠠᠮᠵᠢᠭᠤᠯᠪᠠ᠃ ᠥᠪᠡᠷᠲᠡᠭᠡᠨ ᠵᠠᠰᠠᠬᠤ ᠣᠷᠣᠨ ᠤ᠋ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠲᠢᠩᠬᠢᠮ ᠤ᠋ᠨ ᠬᠠᠮᠢᠶ᠎ᠠ ᠪᠥᠬᠥᠶ ᠬᠠᠷᠢᠭᠤᠴᠠᠯᠭᠠᠲᠠᠨ ᠤ᠋ ᠢᠯᠡᠷᠬᠡᠢᠯᠡᠭᠰᠡᠨ ᠢ᠋ᠢᠡᠷ᠂ ᠥᠪᠥᠷ ᠮᠣᠩᠭᠣᠯ ᠶᠠᠭ ᠥᠪᠡᠷᠲᠡᠭᠡᠨ ᠵᠠᠰᠠᠬᠤ ᠣᠷᠣᠨ ᠤ᠋ ᠨᠠᠮ ᠤ᠋ᠨ ᠬᠤᠷᠢᠶ᠎ᠠ ᠢ᠋ᠢᠨ 《1571》 ᠠᠵᠢᠯ ᠤ᠋ᠨ ᠪᠠᠢᠷᠢᠯᠠᠭᠤᠯᠤᠯᠲᠠ ᠳ᠋ᠤ ᠰᠠᠭᠤᠷᠢᠯᠠᠨ᠂ ᠥᠪᠥᠷ ᠮᠣᠩᠭᠣᠯ ᠤ᠋ᠨ ᠴᠢᠯᠥᠭᠡᠲᠦ ᠠᠷᠠᠯᠵᠢᠶᠠᠨ ᠤ᠋ ᠲᠤᠷᠱᠢᠯᠲᠠ ᠢ᠋ᠢᠨ ᠣᠷᠣᠨ ᠤ᠋ ᠪᠥᠲᠥᠭᠡᠨ ᠪᠠᠢᠭᠤᠯᠤᠯᠲᠠ ᠬᠥᠭ᠌ᠵᠢᠬᠦᠯᠦᠯᠲᠡ ᠪᠡᠷ ᠪᠠᠢᠷᠢ ᠲᠣᠭ᠍ᠲᠠᠭᠠᠯᠲᠠ ᠪᠣᠯᠭᠠᠨ᠂ ᠪᠡᠭᠡᠵᠢᠩ ᠥᠪᠥᠷ ᠮᠣᠩᠭᠣᠯ ᠤ᠋ᠨ ᠬᠠᠮᠵᠢᠯᠴᠠᠭᠠᠨ ᠤ᠋ ᠪᠠᠢᠯᠳᠤᠬᠤ ᠪᠣᠳᠣᠯᠭ᠎ᠠ ᠢ᠋ᠢᠨ ᠠᠵᠠ ᠲᠣᠬᠢᠶᠠᠯ ᠳ᠋ᠤ ᠭᠦᠨᠵᠡᠭᠡᠶ ᠲᠦᠱᠢᠭ᠌ᠯᠡᠵᠤ᠂ 《ᠰᠠᠭᠤᠷᠢ ᠰᠤᠳᠤᠯᠭᠠᠨ — ᠮᠡᠷᠭᠡᠵᠢᠯ ᠤ᠋ᠨ ᠪᠣᠭᠣᠮᠲᠠ ᠱᠢᠪᠲᠤᠯᠤᠯᠲᠠ — ᠦᠷ᠎ᠡ ᠪᠦᠲᠦᠭᠡᠯ ᠤ᠋ᠨ ᠬᠤᠪᠢᠷᠠᠭᠤᠯᠤᠯᠲᠠ — ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ — ᠮᠥᠩᠭᠥᠨ ᠭᠦᠶ᠋ᠯᠭᠡᠭᠡᠨ — ᠴᠢᠳᠠᠪᠤᠷᠢᠲᠠᠨ ᠤ᠋ ᠲᠤᠯᠭᠠᠭᠤᠷᠢᠯᠠᠯ》 ᠤ᠋ᠨ ᠪᠥᠬᠥ᠌ ᠶᠠᠪᠤᠴᠠ ᠢ᠋ᠢᠨ ᠱᠢᠨ᠎ᠡ ᠢ᠋ᠢ ᠡᠭᠦᠳᠬᠦ᠌ ᠬᠡᠯᠬᠢᠶ᠎ᠡ ᠢ᠋ᠢ ᠲᠦᠷᠭᠡᠳᠭᠡᠨ ᠪᠠᠢᠭᠤᠯᠵᠤ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠱᠢᠨ᠎ᠡ ᠡᠬᠦᠳᠦᠯᠳᠡ ᠬᠢᠭᠡᠳ ᠠᠵᠤ ᠦᠶ᠋ᠯᠡᠰ ᠤ᠋ᠨ ᠱᠢᠨ᠎ᠡ ᠡᠬᠦᠳᠦᠯᠳᠡ ᠵᠢᠨ ᠭᠦᠨᠵᠡᠭᠡᠶ ᠠᠭᠤᠰᠤᠯᠴᠠᠯ ᠢ᠋ ᠯᠠᠪᠳᠠᠭᠤᠨ ᠪᠠᠲᠤᠲᠠᠶ ᠠᠬᠢᠭᠤᠯᠵᠤ᠂ ᠭᠠᠵᠠᠷ ᠣᠷᠣᠨ ᠤ᠋ ᠪᠤᠳᠠᠳᠤ ᠪᠠᠢᠳᠠᠯ ᠳ᠋ᠠᠭᠠᠨ ᠲᠣᠬᠢᠷᠠᠭᠤᠯᠤᠨ ᠥᠨᠳᠥᠷ ᠲᠦᠪᠱᠢᠨ ᠪᠥᠬᠥᠶ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠪᠡᠶ᠎ᠡ ᠪᠡᠨ ᠳᠠᠭᠠᠭᠠᠵᠤ ᠬᠦᠴᠦᠷᠬᠡᠭ᠌ᠵᠢᠬᠦ᠌ ᠢ᠋ᠢ ᠬᠦᠴᠦᠯᠡᠨ ᠲᠦᠷᠭᠡᠳᠭᠡᠵᠤ ᠪᠠᠢᠨ᠎ᠠ᠃
ᠱᠢᠨ᠎ᠡ ᠵᠠᠮ ᠢ᠋ ᠰᠦᠪᠡᠭ᠌ᠴᠢᠯᠡᠵᠦ᠍᠂ ᠱᠢᠨ᠎ᠡ ᠬᠦᠴᠦᠨ ᠢ᠋ ᠬᠤᠷᠠᠮᠳᠤᠭᠤᠯᠵᠤ᠂ ᠱᠢᠨ᠎ᠡ ᠪᠠᠢᠳᠠᠯ ᠢ᠋ ᠡᠬᠦᠳᠦᠨ᠎ᠠ᠃ ᠥᠪᠥᠷ ᠮᠣᠩᠭᠣᠯ ᠶᠠᠭ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠱᠢᠨ᠎ᠡ ᠢ᠋ᠢ ᠡᠭᠦᠳᠬᠦ᠌ ᠪᠡᠷ ᠴᠢᠨᠠᠷ ᠰᠠᠢᠲᠠᠢ ᠬᠥᠭ᠌ᠵᠢᠯᠲᠡ ᠢ᠋ᠢ ᠬᠦᠳᠦᠯᠥᠨ ᠳᠠᠭᠠᠭᠤᠯᠬᠤ ᠡᠷᠡᠰ ᠵᠣᠷᠢᠭ ᠢ᠋ᠢᠡᠷ᠂ ᠨᠡᠭᠡᠭᠡᠯᠲᠡᠲᠡᠢ ᠪᠠᠭ᠍ᠲᠠᠭᠠᠮᠵᠢᠲᠠᠢ᠂ ᠬᠠᠮᠲᠤᠷᠠᠯᠴᠠᠭ᠎ᠠ ᠬᠢᠵᠦ᠍ ᠬᠠᠮᠲᠤ ᠪᠡᠷ ᠠᠱᠢᠭ ᠬᠦᠷᠳᠡᠬᠦ᠌ ᠴᠣ ᠱᠢᠨ᠎ᠡ ᠳᠦᠷᠰᠦ ᠪᠠᠢᠳᠠᠯ ᠢ᠋ᠢᠡᠷ᠂ ᠪᠦᠬᠦ᠌ ᠲᠠᠯᠠᠬᠡᠢ ᠵᠢᠨ ᠱᠢᠨ᠎ᠡ ᠢ᠋ᠢ ᠡᠭᠦᠳᠬᠦ᠌ ᠡᠬᠢ ᠪᠠᠶᠠᠯᠢᠭ ᠢ᠋ ᠱᠢᠩᠭᠡᠭᠡᠨ ᠠᠪᠴᠤ᠌᠂ ᠭᠠᠵᠠᠷ ᠣᠷᠣᠨ ᠤ᠋ ᠪᠤᠳᠠᠳᠤ ᠪᠠᠢᠳᠠᠯ ᠳ᠋ᠠᠭᠠᠨ ᠲᠤᠬᠢᠷᠠᠭᠤᠯᠤᠨ ᠱᠢᠨ᠎ᠡ ᠴᠢᠨᠠᠷ ᠤ᠋ᠨ ᠦᠢᠯᠡᠳᠪᠦᠷᠢᠯᠡᠯ ᠤ᠋ᠨ ᠬᠦᠴᠦᠨ ᠢ᠋ ᠬᠥᠭ᠌ᠵᠢᠭᠦᠯᠬᠦ᠌ ᠶᠡᠬᠡ ᠠᠤᠭ᠎ᠠ ᠰᠢᠯᠭᠠᠯᠳᠠ ᠵᠢᠨ ᠲᠤᠮᠳᠠ ᠳᠤᠮᠳᠠᠳᠤ ᠤᠯᠤᠰ ᠤ᠋ᠨ ᠮᠠᠶᠢᠭ ᠤ᠋ᠨ ᠣᠳᠣᠬᠢᠴᠢᠯᠠᠯᠳᠠ ᠵᠢᠨ ᠥᠪᠥᠷ ᠮᠣᠩᠭᠣᠯ ᠤ᠋ᠨ ᠱᠢᠨ᠎ᠡ ᠬᠠᠭᠤᠳᠠᠰᠤ ᠢ᠋ᠢ ᠴᠢᠷᠮᠠᠢᠨ ᠪᠢᠴᠢᠭ᠌ᠯᠡᠵᠦ᠍ ᠪᠠᠢᠨ᠎ᠠ᠃