ᠰᠤᠷᠪᠤᠯᠵᠢᠯᠠᠬᠴᠢ ᠦᠪᠦᠷ ᠮᠤᠨᠭᠭᠤᠯ ᠤ᠋ᠨ ᠴᠠᠬᠢᠯᠭᠠᠨ ᠬᠦᠴᠦᠨ ᠤ᠋ ᠪᠦᠯᠦᠭᠯᠡᠯ ᠡᠴᠡ ᠤᠢᠯᠠᠭᠠᠬᠰᠠᠨ ᠢ᠋ᠶ᠋ᠡᠷ᠂ ᠲᠤᠰ ᠪᠦᠯᠦᠭᠯᠡᠯ ᠤ᠋ᠨ ᠬᠢᠨ ᠴᠠᠬᠢᠯᠭᠠᠨ ᠬᠠᠩᠭᠠᠬᠤ ᠦᠶ᠋ᠯᠡᠴᠢᠯᠡᠭᠡᠨ ᠤ᠋ ᠱᠢᠰᠲ᠋ᠧᠮ ᠢ᠋ ᠲᠠᠰ ᠳᠡᠪᠱᠢᠭᠦᠯᠬᠦ᠌᠂ ᠴᠠᠬᠢᠯᠭᠠᠨ ᠬᠡᠷᠡᠭ᠌ᠯᠡᠭᠡᠨ ᠤ᠋ ᠬᠤᠳᠠᠯᠳᠤᠭ᠎ᠠ ᠡᠷᠬᠢᠯᠡᠬᠦ ᠣᠷᠴᠢᠨ ᠨᠥᠬᠥᠴᠡᠯ ᠢ᠋ ᠱᠢᠯᠢᠳᠡᠭ᠌ᠵᠢᠭᠦᠯᠬᠦ᠌ ᠪᠡᠷ ᠭᠤᠤᠯ ᠡᠭᠦᠷᠭᠡ ᠪᠣᠯᠭᠠᠵᠤ᠂ ᠨᠠᠩ ᠣᠯᠠᠨ ᠪᠣᠳᠠᠲᠠᠶ ᠠᠷᠭ᠎ᠠ ᠰᠠᠢᠨ ᠠᠷᠭ᠎ᠠ ᠬᠡᠮᠵᠢᠶ᠎ᠡ ᠠᠪᠴᠤ᠌᠂ ᠠᠵᠤ ᠠᠬᠤᠢᠯᠠᠯ ᠢ᠋ ᠴᠠᠬᠢᠯᠭᠠᠨ ᠬᠡᠷᠡᠭᠯᠡᠬᠦ ᠲᠤᠬᠠᠢᠯᠠᠬᠰᠠᠨ ᠠᠵᠢᠯ ᠭᠦᠢᠴᠡᠳᠭᠡᠬᠦ ᠳ᠋ᠤ ᠨᠠᠩ ᠰᠡᠳᠭᠢᠯ ᠠᠮᠤᠷ ᠪᠣᠯᠭᠠᠵᠤ᠂ ᠠᠷᠠᠳ ᠣᠯᠠᠨ ᠢ᠋ ᠴᠠᠬᠢᠯᠭᠠᠨ ᠬᠡᠷᠡᠭ᠌ᠯᠡᠬᠦ᠌ ᠳ᠋ᠤ ᠨᠠᠩ ᠲᠠᠭᠠᠯᠠᠮᠵᠢᠲᠠᠶ ᠪᠣᠯᠭᠠᠬᠤ ᠪᠡᠷ ᠬᠦᠴᠦᠯᠡᠨ ᠴᠢᠷᠮᠠᠢᠵᠤ ᠪᠠᠢᠨ᠎ᠠ᠃
ᠣᠢᠷ᠎ᠠ ᠶ᠋ᠢᠨ ᠵᠢᠯ ᠡᠴᠡ ᠨᠠᠭᠠᠰᠢ᠂ ᠴᠠᠬᠢᠯᠭᠠᠨ ᠬᠦᠴᠦᠨ ᠤ᠋ ᠪᠦᠯᠦᠭᠯᠡᠯ ᠤ᠋ᠨ ᠬᠢᠨ ᠴᠠᠬᠢᠯᠭᠠᠨ ᠬᠡᠷᠡᠭ᠌ᠯᠡᠬᠦ᠌ ᠬᠤᠳᠠᠯᠳᠤᠭ᠎ᠠ ᠡᠷᠬᠢᠯᠡᠬᠦ ᠣᠷᠴᠢᠨ ᠨᠥᠬᠥᠴᠡᠯ ᠢ᠋ ᠱᠢᠯᠢᠳᠡᠭ᠌ᠵᠢᠭᠦᠯᠬᠦ ᠵᠢ ᠠᠬᠢᠭᠤᠯᠵᠤ᠂ ᠵᠠᠭᠤᠨ ᠲᠦᠮᠡ ᠱᠢᠬᠠᠮ ᠬᠡᠷᠡᠭ᠌ᠯᠡᠭ᠌ᠴᠢᠳ ᠤ᠋ᠨ ᠰᠦᠶ᠋ᠳᠭᠡᠯ ᠲᠤᠰᠢᠶᠠᠬᠤ ᠥᠬᠡᠶ ᠪᠡᠷ ᠴᠠᠬᠢᠯᠭᠠᠨ ᠵᠠᠯᠭᠠᠬᠤ ᠵᠢ ᠪᠡᠶᠡᠯᠡᠭᠦᠯᠪᠡ; ᠴᠠᠬᠢᠯᠭᠠᠨ ᠬᠡᠷᠡᠭᠯᠡᠬᠦ ᠲᠤᠬᠠᠢᠯᠠᠬᠰᠠᠨ ᠠᠵᠢᠯ ᠭᠦᠢᠴᠡᠳᠭᠡᠬᠦ ᠴᠠᠭ ᠬᠤᠭᠤᠴᠠᠭ᠎ᠠ ᠵᠢ 50% ᠡᠴᠡ ᠳᠡᠭᠡᠭ᠌ᠰᠢ ᠪᠡᠷ ᠪᠣᠭᠣᠨᠢᠰᠭᠠᠵᠤ᠂ ᠨᠢᠭᠡ ᠪᠦᠯᠦᠭ ᠬᠠᠭᠤᠴᠢᠨ ᠰᠠᠭᠤᠭᠠᠯᠢ ᠠᠷᠠᠳ ᠤ᠋ᠨ ᠲᠣᠭᠣᠷᠢᠭ ᠤ᠋ᠨ ᠴᠠᠬᠢᠯᠭᠠᠨ ᠬᠠᠩᠭᠠᠬᠤ ᠲᠦᠬᠦᠭᠡᠷᠦᠮᠵᠢ ᠵᠢ ᠥᠭᠡᠷᠡᠴᠢᠯᠡᠬᠦ᠌᠂ ᠴᠠᠬᠢᠯᠭᠠᠨ ᠢ᠋ᠶ᠋ᠡᠷ ᠨᠡᠭᠦᠷᠡᠰᠦ ᠵᠢ ᠤᠷᠤᠯᠠᠭᠤᠯᠬᠤ ᠵᠢᠴᠢ ᠪᠤᠢᠳᠠ ᠪᠥᠭ᠌ᠯᠡᠭᠦᠦ ᠮᠠᠯᠵᠢᠬᠤ ᠲᠠᠷᠢᠶᠠᠯᠠᠬᠤ ᠡᠷᠦᠬᠡ ᠳ᠋ᠤ ᠴᠠᠬᠢᠯᠭᠠᠨ ᠨᠡᠪᠲᠡᠷᠡᠭᠦᠯᠬᠦ᠌ ᠢᠨᠵᠧᠨᠧᠷᠢᠩ ᠵᠡᠷᠭᠡ ᠵᠢ ᠪᠡᠶᠡᠯᠡᠭᠦᠯᠵᠦ᠍᠂ ᠴᠠᠬᠢᠯᠭᠠᠨ ᠵᠠᠯᠭᠠᠬᠤ ᠲᠤᠬᠠᠢᠯᠠᠬᠰᠠᠨ ᠠᠵᠢᠯ ᠢ᠋ ᠵᠠᠰᠠᠭ ᠤ᠋ᠨ ᠤᠷᠳᠤᠨ ᠪᠠ ᠴᠠᠬᠢᠯᠭᠠᠨ ᠬᠠᠨᠭᠭᠠᠬᠤ ᠠᠵᠤ ᠠᠬᠤᠢᠯᠠᠯ ᠬᠠᠮᠲᠤᠷᠠᠨ ᠡᠷᠬᠢᠯᠡᠬᠦ᠌᠂ ᠨᠢᠭᠡ ᠰᠦᠯᠵᠢᠶ᠎ᠡ ᠪᠡᠷ ᠨᠡᠢᠳᠡᠮ ᠭᠦᠢᠴᠡᠳᠭᠡᠬᠦ᠌ ᠵᠢ ᠪᠡᠶᠡᠯᠡᠭᠦᠯᠪᠡ᠃
ᠤᠢᠯᠠᠭᠠᠬᠰᠠᠨ ᠢ᠋ᠶ᠋ᠡᠷ᠂ ᠴᠠᠬᠢᠯᠭᠠᠨ ᠬᠦᠴᠦᠨ ᠤ᠋ ᠪᠦᠯᠦᠭᠯᠡᠯ ᠤ᠋ᠨ ᠬᠢᠨ ᠳᠠᠷᠠᠭᠠᠴᠢ ᠪᠠᠷ ᠴᠠᠬᠢᠯᠭᠠᠨ ᠬᠡᠷᠡᠭ᠌ᠯᠡᠬᠦ᠌ ᠬᠤᠳᠠᠯᠳᠤᠭ᠎ᠠ ᠡᠷᠭᠢᠯᠡᠬᠦ᠌ ᠣᠷᠴᠢᠨ ᠨᠥᠬᠥᠴᠡᠯ ᠢ᠋ ᠦᠷᠭᠦᠯᠵᠢᠯᠡᠨ ᠱᠢᠯᠢᠳᠡᠭ᠌ᠵᠢᠭᠦᠯᠵᠦ᠍᠂ ᠴᠠᠬᠢᠯᠭᠠᠨ ᠬᠡᠷᠡᠭᠯᠡᠬᠦ ᠲᠤᠬᠠᠢᠯᠠᠬᠰᠠᠨ ᠠᠵᠢᠯ ᠢ᠋ ᠭᠦᠢᠴᠡᠳᠭᠡᠬᠦ ᠶᠠᠪᠤᠴᠠ ᠵᠢ ᠦᠷᠬᠦᠯᠵᠢᠯᠡᠨ ᠴᠤᠮᠬᠠᠳᠬᠠᠬᠤ ᠪᠤᠯᠤᠨ᠎ᠠ᠃ 2026 ᠣᠨ ᠳ᠋ᠤ ᠬᠥᠬᠡᠬᠣᠲᠠ ᠪᠤᠭᠤᠲᠤ ᠣᠷᠳᠣᠰ ᠤᠯᠠᠭᠠᠨᠴᠠᠪ ᠣᠷᠣᠨ ᠤ᠋ ᠬᠣᠲᠠ ᠪᠠᠯᠭᠠᠰᠤᠨ ᠤ᠋ ᠳᠤᠤᠷ᠎ᠠ ᠳᠠᠷᠤᠯᠲᠠᠲᠤ ᠴᠠᠬᠢᠯᠭᠠᠨ ᠤ᠋ ᠵᠠᠯᠭᠠᠬᠤ ᠬᠡᠪᠴᠢᠶ᠎ᠡ ᠵᠢ 160 ᠺᠢᠯᠦᠸᠠᠲ ᠡᠴᠡ 200 ᠺᠢᠯᠦᠸᠠᠲ ᠪᠣᠯᠭᠠᠨ ᠳᠡᠭᠡᠭ᠌ᠰᠢᠯᠡᠭᠦᠯᠵᠦ᠂ ᠴᠠᠬᠢᠯᠭᠠᠨ ᠵᠠᠯᠭᠠᠬᠤ ᠲᠤᠬᠠᠢᠯᠠᠬᠰᠠᠨ ᠠᠵᠢᠯ ᠢ᠋ ᠨᠢᠭᠡ ᠰᠦᠯᠵᠢᠶ᠎ᠡ ᠪᠡᠷ ᠨᠡᠢᠳᠡᠮ ᠭᠦᠶ᠋ᠴᠡᠳᠭᠡᠬᠦ᠌᠂ ᠪᠥᠬᠥ᠌ ᠶᠠᠪᠤᠴᠠ ᠵᠢ ᠰᠦᠯᠵᠢᠶ᠎ᠡ ᠪᠡᠷ ᠭᠦᠶ᠋ᠴᠡᠳᠭᠡᠬᠦ᠌ ᠵᠢ ᠪᠡᠶᠡᠯᠡᠭᠦᠯᠦᠨ᠎ᠡ᠃ ᠠᠷᠠᠳ ᠤ᠋ᠨ ᠠᠮᠢᠳᠤᠷᠠᠯ ᠳ᠋ᠤ ᠬᠡᠷᠡᠭ᠌ᠯᠡᠬᠦ᠌ ᠴᠠᠬᠢᠯᠭᠠᠨ ᠤ᠋ ᠳᠤᠲᠠᠭᠤᠳᠠᠯ ᠢ᠋ ᠨᠥᠬᠥᠪᠥᠷᠢᠯᠡᠵᠦ᠍᠂ 2026 ᠣᠨ ᠳ᠋ᠤ ᠮᠠᠯᠵᠢᠬᠤ ᠲᠠᠷᠢᠶᠠᠯᠠᠬᠤ ᠣᠷᠣᠨ ᠤ᠋ 1700 ᠵᠤᠷᠪᠤᠰ ᠴᠠᠬᠢᠯᠭᠠᠨ ᠲᠦᠭᠡᠭᠡᠬᠦ᠌ ᠱᠤᠭᠤᠮ ᠢ᠋ ᠥᠭᠡᠷᠡᠴᠢᠯᠡᠨ ᠰᠢᠨᠡᠳᠭᠡᠵᠦ᠂ ᠪᠣᠢᠳᠠ ᠪᠦᠭ᠌ᠯᠡᠭᠦᠦ ᠭᠠᠴᠠᠭ᠎ᠠ ᠪᠤᠯᠤᠨ ᠬᠢᠯᠢ ᠬᠢᠵᠠᠭᠠᠷ ᠤ᠋ᠨ ᠮᠠᠯᠵᠢᠬᠤ ᠣᠷᠣᠨ ᠳ᠋ᠤ ᠲᠤᠤᠷ ᠴᠠᠬᠢᠯᠭᠠᠨ ᠢ᠋ 《ᠨᠡᠪᠲᠡᠷᠡᠭᠦᠯᠬᠦ ᠶᠤᠰᠤᠲᠠᠢ ᠳ᠋ᠤᠨᠢ ᠪᠦᠬᠦᠨ ᠢ᠋ ᠨᠡᠪᠲᠡᠷᠡᠭᠦᠯᠬᠦ᠌》 ᠵᠢ ᠪᠡᠶᠡᠯᠡᠭᠦᠯᠦᠨ᠎ᠡ᠃159 ᠨᠠᠰᠤᠲᠠᠨ ᠢ᠋ ᠠᠰᠠᠷᠠᠬᠤ ᠬᠦᠷᠢᠶᠡᠯᠡᠩ᠂ 171 ᠪᠠᠷᠢᠮᠵᠢᠶᠠᠵᠢᠭ᠍ᠰᠠᠨ ᠱᠢᠯᠭᠠᠯᠲᠠ ᠶ᠋ᠢᠨ ᠴᠡᠭ ᠵᠡᠷᠭᠡ ᠵᠠᠩᠭᠢᠯᠠᠭ᠎ᠠ ᠶ᠋ᠢᠨ ᠠᠷᠠᠳ ᠤ᠋ᠨ ᠠᠮᠢᠳᠤᠷᠠᠯ ᠤ᠋ᠨ ᠲᠠᠯᠠᠪᠤᠷ ᠭᠠᠵᠠᠷ ᠤ᠋ᠨ ᠬᠣᠣᠰ ᠴᠠᠬᠢᠯᠭᠠᠨ ᠡᠭᠦᠰᠭᠡᠭ᠌ᠴᠢ ᠶ᠋ᠢᠨ ᠥᠭᠡᠷᠡᠴᠢᠯᠡᠯᠲᠡ ᠵᠢ ᠪᠡᠶᠡᠯᠡᠭᠦᠯᠵᠦ᠂ ᠤᠨ ᠬᠤᠪᠢᠶᠠᠨ 5000 ᠭᠠᠷᠤᠢ ᠬᠠᠭᠤᠴᠢᠨ ᠰᠠᠭᠤᠭᠠᠯᠢ ᠠᠷᠠᠳ ᠤ᠋ᠨ ᠲᠣᠭᠣᠷᠢᠭ ᠤ᠋ᠨ ᠴᠠᠬᠢᠯᠭᠠᠨ ᠬᠠᠩᠭᠠᠬᠤ ᠲᠥᠬᠥᠭᠡᠷᠦᠮᠵᠢ ᠶ᠋ᠢᠨ ᠦᠮᠴᠢᠯᠡᠯ ᠤ᠋ᠨ ᠡᠷᠬᠡ ᠵᠢ ᠱᠢᠯᠵᠢᠭᠦᠯᠦᠨ ᠲᠤᠱᠢᠶᠠᠬᠤ ᠥᠭᠡᠷᠡᠴᠢᠯᠡᠯᠲᠡ ᠵᠢ ᠪᠡᠶᠡᠯᠡᠭᠦᠯᠦᠨ᠎ᠡ᠃ ᠴᠠᠬᠢᠯᠭᠠᠨ ᠬᠠᠩᠭᠠᠬᠤ ᠨᠠᠢᠳᠠᠪᠤᠷᠢᠲᠤ ᠴᠢᠨᠠᠷ ᠢ᠋ ᠳᠡᠭᠡᠭ᠌ᠰᠢᠯᠡᠭᠦᠯᠦᠨ᠂ ᠡᠨᠡ ᠵᠢᠯ ᠱᠢᠶᠠᠨ ᠤ᠋ ᠬᠡᠪᠴᠢᠶᠡᠨ ᠤ᠋ 《ᠴᠠᠬᠢᠯᠭᠠᠨ ᠵᠤᠬᠰᠤᠭᠠᠬᠤ ᠦᠭᠡᠢ ᠪᠠᠷ ᠴᠠᠬᠢᠯᠭᠠᠨ ᠬᠦᠴᠦᠨ ᠤ᠋ ᠰᠢᠰᠲᠸᠮ ᠤ᠋ᠨ ᠠᠵᠢᠯ ᠢ᠋ ᠦᠷᠨᠢᠭᠦᠯᠬᠦ》 ᠵᠢᠱ᠌ᠢᠶ᠎ᠡ ᠦᠵᠡᠭᠦᠯᠬᠦ᠌ ᠲᠤᠭᠤᠷᠢᠭ ᠢ᠋ 15 ᠪᠠᠢᠭᠤᠯᠵᠤ᠂ 《ᠠᠷᠪᠠᠨ ᠲᠠᠪᠤᠳᠤᠭᠠᠷ ᠲᠠᠪᠤᠨ ᠵᠢᠯ》 ᠤ᠋ᠨ ᠰᠡᠭᠦᠯᠴᠢ ᠪᠣᠯᠬᠤ ᠳ᠋ᠤ ᠱᠢᠶᠠᠨ ᠤ᠋ ᠬᠡᠪᠴᠢᠶᠡᠨ ᠤ᠋ 《ᠴᠠᠬᠢᠯᠭᠠᠨ ᠵᠤᠬᠰᠤᠭᠠᠬᠤ ᠦᠭᠡᠢ ᠪᠠᠷ ᠴᠠᠬᠢᠯᠭᠠᠨ ᠬᠦᠴᠦᠨ ᠤ᠋ ᠰᠢᠰᠲᠸᠮ ᠤ᠋ᠨ ᠠᠵᠢᠯ ᠢ᠋ ᠦᠷᠨᠢᠭᠦᠯᠬᠦ》 ᠵᠢᠱ᠌ᠢᠶ᠎ᠡ ᠦᠵᠡᠭᠦᠯᠬᠦ᠌ ᠲᠤᠭᠤᠷᠢᠭ ᠢ᠋ 30 ᠪᠠᠢᠭᠤᠯᠵᠤ ᠳᠠᠭᠤᠰᠭᠠᠨᠠ᠃