ᠰᠤᠷᠪᠤᠯᠵᠢᠯᠠᠭᠴᠢ ᠤᠢᠷ᠎ᠡ ᠵᠢᠨ ᠡᠳᠦᠷ ᠳᠤᠮᠳᠠᠳᠤ ᠤᠯᠤᠰ᠎ᠤᠨ ᠴᠠᠭ ᠠᠭᠤᠷ᠎ᠤᠨ ᠲᠣᠪᠴᠢᠶ᠎ᠠ᠎ᠡᠴᠡ ᠣᠶ᠋ᠢᠯᠠᠭᠠᠭᠰᠠᠨ ᠵᠢᠡᠷ᠂ ᠭᠦᠢᠵᠧᠦ᠎ᠶᠢᠨ ᠭᠦᠢᠶᠠᠩ᠂ ᠲᠢᠶᠠᠨᠵᠢᠨ᠎ᠤ ᠲᠠᠩᠬᠦ᠋᠂ ᠶᠦᠨᠨᠠᠨ᠎ᠤ ᠲᠸᠩᠴᠦᠩ ᠪᠣᠯᠤᠨ ᠬᠤᠨᠠᠨ᠎ᠤ ᠶᠤᠸᠠᠢ ᠶᠠᠩ ᠵᠡᠷᠭᠡ 4 ᠴᠠᠭ ᠠᠭᠤᠷ᠎ᠤᠨ ᠥᠷᠲᠡᠭᠡ ᠳᠡᠯᠡᠬᠡᠶ᠎ᠶᠢᠨ ᠴᠠᠭ ᠠᠭᠤᠷ᠎ᠤᠨ ᠵᠣᠬᠢᠶᠠᠨ ᠪᠠᠶ᠋ᠢᠭᠤᠯᠤᠯᠲᠠ (WMO) ᠵᠢᠨ ᠵᠠᠭᠤᠨ ᠵᠢᠯ᠎ᠦᠨ ᠴᠠᠭ ᠠᠭᠤᠷ᠎ᠤᠨ ᠥᠷᠲᠡᠭᠡ᠎ᠪᠡᠷ ᠵᠦᠪᠰᠢᠶᠡᠷᠡᠭᠳᠡᠬᠦ ᠨᠡᠷᠡᠰ ᠲᠦ᠍ ᠰᠢᠨ᠎ᠡ ᠪᠡᠷ ᠰᠣᠩᠭᠣᠭᠳᠠᠪᠠ᠃ ᠢᠩᠭᠢᠭᠡᠳ ᠮᠠᠨ᠎ᠤ ᠤᠯᠤᠰ᠎ᠤᠨ 22 ᠴᠠᠭ ᠠᠭᠤᠷ᠎ᠤᠨ ᠥᠷᠲᠡᠭᠡ WMO ᠵᠢᠨ ᠵᠠᠭᠤᠨ ᠵᠢᠯ᠎ᠦᠨ ᠴᠠᠭ ᠠᠭᠤᠷ᠎ᠤᠨ ᠥᠷᠲᠡᠭᠡ᠎ᠪᠡᠷ ᠭᠡᠷᠡᠴᠢᠯᠡᠭᠳᠡᠭᠰᠡᠨ ᠪᠠᠶ᠋ᠢᠨ᠎ᠠ᠃
ᠲᠣᠰ ᠤᠳᠠᠭ᠎ᠠ ᠰᠣᠩᠭᠣᠭᠳᠠᠭᠰᠠᠨ 4 ᠴᠠᠭ ᠠᠭᠤᠷ᠎ᠤᠨ ᠥᠷᠲᠡᠭᠡ ᠨᠢ ᠴᠥᠮ ᠵᠠᠭᠤᠨ ᠵᠢᠯ᠎ᠡᠴᠡ ᠳᠡᠭᠡᠭᠰᠢ ᠦᠷᠭᠦᠯᠵᠢᠯᠡᠭᠰᠡᠨ ᠠᠵᠢᠭᠯᠠᠯᠲᠠ᠎ᠶᠢᠨ ᠲᠡᠦᠬᠡ᠎ᠲᠡᠶ ᠶᠤᠮ᠃ ᠡᠭᠦᠨ᠎ᠳᠦ᠂ ᠲᠠᠩᠬᠦ᠋ ᠵᠢᠨ ᠴᠠᠭ ᠠᠭᠤᠷ᠎ᠤᠨ ᠦᠷᠳᠡᠭᠡ ᠪᠣᠯᠤᠨ ᠶᠤᠸᠠᠢ ᠶᠠᠩ ᠤ᠋ᠨ ᠴᠠᠭ ᠠᠭᠤᠷ᠎ᠤᠨ ᠦᠷᠳᠡᠭᠡ 1909 ᠣᠨ᠎ᠡᠴᠡ ᠡᠬᠢᠯᠡᠨ ᠠᠵᠢᠭᠯᠠᠵᠤ᠂ ᠲᠸᠩᠴᠦᠩ ᠤ᠋ᠨ ᠴᠠᠭ ᠠᠭᠤᠷ᠎ᠤᠨ ᠦᠷᠳᠡᠭᠡ 1911 ᠣᠨ᠎ᠡᠴᠡ ᠡᠬᠢᠯᠡᠨ ᠠᠵᠢᠭᠯᠠᠵᠤ᠂ ᠭᠦᠢᠶᠠᠩ᠎ᠤᠨ ᠴᠠᠭ ᠠᠭᠤᠷ᠎ᠤᠨ ᠦᠷᠳᠡᠭᠡ 1920 ᠣᠨ᠎ᠡᠴᠡ ᠡᠬᠢᠯᠡᠨ ᠠᠵᠢᠭᠯᠠᠪᠠ᠃
ᠳᠤᠮᠳᠠᠳᠤ ᠤᠯᠤᠰ᠎ᠤᠨ ᠴᠠᠭ ᠠᠭᠤᠷ᠎ᠤᠨ ᠲᠣᠪᠴᠢᠶᠠᠨ᠎ᠤ ᠬᠠᠮᠢᠶ᠎ᠠ ᠪᠥᠬᠥᠶ ᠬᠠᠷᠢᠭᠤᠴᠠᠯᠭᠠᠲᠠᠨ᠎ᠤ ᠲᠠᠨᠢᠯᠴᠠᠭᠤᠯᠤᠭᠰᠠᠨ᠎ᠢᠶᠠᠷ᠂ ᠦᠷᠭᠦᠯᠵᠢᠯᠡᠨ ᠠᠵᠢᠭᠯᠠᠬᠤ ᠳᠤᠮᠳᠠ᠂ ᠡᠨᠡ 4 ᠴᠠᠭ ᠠᠭᠤᠷ᠎ᠤᠨ ᠥᠷᠲᠡᠭᠡ᠎ᠨᠢ ᠣᠷᠳᠣ ᠬᠤᠭᠤᠴᠠᠭᠠᠨ᠎ᠤ᠂ ᠲᠣᠭᠲᠠᠭᠤᠨ᠂ ᠴᠢᠬᠤᠯᠠ ᠰᠢᠨᠵᠢᠯᠡᠬᠦ᠌ ᠤᠬᠠᠭᠠᠨ᠎ᠤ ᠦᠨ᠎ᠡ ᠥᠷᠲᠡᠭ᠎ᠲᠡᠶ ᠴᠠᠭ ᠠᠭᠤᠷ᠎ᠤᠨ ᠮᠠᠲ᠋ᠧᠷᠢᠶᠠᠯ᠎ᠢ ᠬᠤᠷᠠᠮᠳᠤᠭᠤᠯᠵᠤ᠂ ᠮᠠᠨ᠎ᠤ ᠤᠯᠤᠰ᠎ᠤᠨ ᠠᠳᠠᠯᠢ ᠪᠤᠰᠤ ᠣᠷᠣᠨ ᠪᠦᠰᠡ᠎ᠶᠢᠨ ᠠᠭᠤᠷ ᠠᠮᠢᠰᠬᠤᠯ᠎ᠤᠨ ᠬᠤᠪᠢᠷᠠᠯᠲᠠ᠎ᠶᠢᠨ ᠵᠢᠮ᠎ᠡ ᠶᠣᠰᠣ᠎ᠶᠢ ᠰᠤᠳᠤᠯᠬᠤ᠂ ᠬᠠᠴᠢᠨ ᠴᠠᠭ ᠠᠭᠤᠷ᠎ᠤᠨ ᠠᠭᠤᠷ ᠠᠮᠢᠰᠬᠤᠯ᠎ᠤᠨ ᠬᠡᠷᠡᠭ᠎ᠢ ᠬᠢᠨᠠᠨ ᠬᠡᠮᠵᠢᠬᠦ᠌ ᠪᠠ ᠴᠠᠭ ᠠᠭᠤᠷ᠎ᠤᠨ ᠤᠷᠢᠳᠴᠢᠯᠠᠭᠰᠠᠨ ᠮᠡᠳᠡᠭᠡ᠎ᠶᠢᠨ ᠦᠢᠯᠡᠴᠢᠯᠡᠭᠡᠨ᠎ᠦ ᠴᠢᠳᠠᠪᠤᠷᠢ᠎ᠶᠢ ᠳᠡᠭᠡᠭᠰᠢᠯᠡᠭᠦᠯᠬᠦ᠌᠎ᠳᠦ ᠰᠠᠭᠤᠷᠢ ᠲᠤᠯᠭᠠᠭᠤᠷᠢᠯᠠᠯ ᠬᠠᠩᠭᠠᠭᠰᠠᠨ ᠪᠠᠶ᠋ᠢᠨ᠎ᠠ᠃
ᠲᠤᠰ ᠬᠠᠷᠢᠭᠤᠴᠠᠯᠭᠠᠲᠠᠨ᠂ ᠳᠤᠮᠳᠠᠳᠤ ᠤᠯᠤᠰ᠎ᠤᠨ ᠴᠠᠭ ᠠᠭᠤᠷ᠎ᠤᠨ ᠲᠣᠪᠴᠢᠶ᠎ᠠ ᠡᠭᠦᠨ᠎ᠢᠶᠡᠷ ᠠᠵᠠ ᠲᠣᠬᠢᠶᠠᠯ ᠪᠣᠯᠭᠠᠵᠤ᠂ ᠴᠠᠭ ᠠᠭᠤᠷ᠎ᠤᠨ ᠥᠷᠲᠡᠭᠡᠨ᠎ᠦ ᠰᠠᠭᠤᠷᠢ ᠲᠥᠬᠥᠭᠡᠷᠦᠮᠵᠢ᠂ ᠠᠵᠢᠯᠯᠠᠭᠠᠨ᠎ᠤ ᠬᠠᠮᠠᠭᠠᠯᠠᠯᠲᠠ᠂ ᠠᠵᠢᠭᠯᠠᠯᠲᠠ᠎ᠶᠢᠨ ᠣᠷᠴᠢᠨ ᠲᠣᠭᠣᠷᠢᠨ ᠪᠠ ᠲᠡᠦᠬᠡ᠎ᠶᠢᠨ ᠮᠠᠲ᠋ᠧᠷᠢᠶᠠᠯ᠎ᠤᠨ ᠬᠠᠮᠠᠭᠠᠯᠠᠯᠲᠠ᠎ᠶᠢᠨ ᠠᠵᠢᠯ᠎ᠢ ᠦᠷᠭᠦᠯᠵᠢᠯᠡᠨ ᠴᠢᠩᠭᠠᠳᠬᠠᠵᠤ᠂ ᠠᠵᠢᠭᠯᠠᠯᠲᠠ᠎ᠶᠢᠨ ᠲᠤᠬᠠᠶ᠋ᠢᠯᠠᠭᠰᠠᠨ ᠠᠵᠢᠯ᠎ᠤᠨ ᠶᠠᠰᠤ ᠴᠢᠨᠠᠷ᠎ᠢ ᠲᠠᠰᠤᠷᠠᠯᠲᠠ ᠥᠬᠡᠶ ᠳᠡᠭᠡᠭᠰᠢᠯᠡᠭᠦᠯᠵᠦ᠍᠂ ᠠᠭᠤᠷ ᠠᠮᠢᠰᠬᠤᠯ᠎ᠤᠨ ᠬᠤᠪᠢᠷᠠᠯᠲᠠ᠎ᠶᠢ ᠰᠤᠳᠤᠯᠬᠤ᠂ ᠭᠠᠮᠰᠢᠭ᠎ᠢ ᠰᠡᠷᠭᠡᠶ᠋ᠢᠯᠡᠵᠦ᠍ ᠭᠠᠮᠰᠢᠭ᠎ᠢ ᠪᠠᠭᠠᠰᠬᠠᠬᠤ ᠪᠠ ᠠᠵᠤ ᠠᠬᠤᠶ ᠨᠡᠶ᠋ᠢᠭᠡᠮ᠎ᠦᠨ ᠬᠥᠭᠵᠢᠯᠲᠡ᠎ᠳᠦ ᠦᠵᠡᠭᠦᠯᠬᠦ᠌ ᠣᠷᠳᠣ ᠬᠤᠭᠤᠴᠠᠭᠠᠨ᠎ᠤ ᠠᠵᠢᠭᠯᠠᠯᠲᠠ᠎ᠶᠢᠨ ᠮᠠᠲ᠋ᠧᠷᠢᠶᠠᠯ᠎ᠤᠨ ᠰᠠᠭᠤᠷᠢ ᠴᠢᠨᠠᠷᠲᠠᠶ ᠦᠢᠯᠡᠳᠦᠯ᠎ᠢ ᠨᠠᠩ ᠰᠠᠶ᠋ᠢᠲᠤᠷ ᠪᠠᠳᠠᠷᠠᠭᠤᠯᠤᠨ᠎ᠠ ᠭᠡᠵᠦ᠍ ᠢᠯᠡᠳᠬᠡᠪᠡ᠃
2016 ᠣᠨ᠎ᠳᠤ᠂ WMO ᠨᠢ ᠣᠷᠳᠣ ᠬᠤᠭᠤᠴᠠᠭᠠᠨ᠎ᠤ ᠲᠡᠦᠬᠡ᠎ᠶᠢᠨ ᠴᠤᠪᠤᠷᠠᠯ᠎ᠤᠨ ᠴᠠᠭ ᠠᠭᠤᠷ᠎ᠤᠨ ᠥᠷᠲᠡᠭᠡ᠎ᠶᠢᠨ ᠦᠢᠯᠡᠳᠦᠯ᠎ᠢ ᠳᠣᠪᠣᠶ᠋ᠢᠯᠭᠠᠵᠤ᠂ ᠭᠡᠰᠢᠭᠦᠳ᠎ᠦᠨ ᠥᠷᠲᠡᠭᠡ ᠴᠡᠭ᠎ᠦᠨ ᠣᠷᠳᠣ ᠬᠤᠭᠤᠴᠠᠭᠠᠨ᠎ᠤ ᠠᠵᠢᠯᠯᠠᠭ᠎ᠠ᠎ᠨᠢ ᠪᠠᠲᠤᠯᠠᠬᠤ ᠲᠠᠯ᠎ᠠ᠎ᠪᠠᠷ ᠦᠵᠡᠭᠦᠯᠦᠭᠰᠡᠨ ᠬᠤᠪᠢ ᠨᠡᠮᠡᠷᠢ᠎ᠶᠢ ᠨᠤᠲᠠᠯᠠᠵᠤ᠂ ᠵᠤᠷᠢᠯᠭ᠎ᠠ ᠨᠢ ᠵᠠᠭᠤᠨ ᠵᠢᠯ᠎ᠦᠨ ᠴᠠᠭ ᠠᠭᠤᠷ᠎ᠤᠨ ᠥᠷᠲᠡᠭᠡ᠎ᠶᠢᠨ ᠭᠡᠷᠡᠴᠢᠯᠡᠯ᠎ᠦᠨ ᠲᠣᠭᠲᠠᠴᠠ᠎ᠶᠢ ᠪᠠᠶ᠋ᠢᠭᠤᠯᠵᠤ᠂ ᠣᠷᠳᠣ ᠬᠤᠭᠤᠴᠠᠭᠠᠨ᠎ᠤ ᠠᠵᠢᠭᠯᠠᠯᠲᠠ᠎ᠶᠢᠨ ᠥᠷᠲᠡᠭᠡ᠎ᠶᠢᠨ ᠬᠠᠮᠠᠭᠠᠯᠠᠯᠲᠠ᠎ᠶᠢ ᠴᠢᠩᠭᠠᠳᠬᠠᠵᠤ᠂ ᠦᠷᠭᠦᠯᠵᠢᠯᠡᠭᠰᠡᠨ᠂ ᠲᠣᠭᠲᠠᠭᠤᠨ᠂ ᠴᠢᠨᠠᠷ ᠰᠠᠶ᠋ᠢᠲᠠᠶ ᠳᠡᠯᠡᠬᠡᠶ᠎ᠶᠢᠨ ᠪᠥᠮᠪᠥᠷᠴᠡᠭ᠎ᠦᠨ ᠰᠢᠰᠲ᠋ᠧᠮ᠎ᠦᠨ ᠠᠵᠢᠭᠯᠠᠯᠲᠠ᠎ᠶᠢᠨ ᠲᠡᠮᠳᠡᠭᠯᠡᠯ᠎ᠢ ᠪᠣᠶ ᠪᠣᠯᠭᠠᠬᠤ᠎ᠶᠢ ᠠᠬᠢᠭᠤᠯᠬᠤ᠎ᠶᠢᠨ ᠲᠦᠯᠦᠭᠡ ᠶᠤᠮ᠃
(ᠰᠢᠨᠬᠤᠸᠠ ᠬᠤᠷᠢᠶ᠎ᠠ ᠵᠢᠨ ᠪᠡᠭᠡᠵᠢᠩ᠎ᠦᠨ ᠴᠠᠬᠢᠯᠭᠠᠨ ᠮᠡᠳᠡᠭᠡ)