ᠥᠪᠡᠷᠲᠡᠭᠡᠨ ᠵᠠᠰᠠᠬᠤ ᠣᠷᠣᠨ᠎ᠤ ᠳᠤᠮᠳᠠᠳᠤ ᠤᠯᠤᠰ᠎ᠤᠨ ᠡᠪ ᠬᠠᠮᠲᠤ᠌ ᠨᠠᠮ ᠪᠠᠶ᠋ᠢᠭᠤᠯᠤᠭᠳᠠᠭᠰᠠᠨ 105 ᠵᠢᠯ᠎ᠦᠨ ᠤᠢ᠎ᠶᠢ ᠪᠡᠯᠭᠡᠯᠡᠬᠦ᠌ ᠳᠠᠭᠤᠤ ᠬᠥᠭᠵᠢᠮ᠎ᠦᠨ ᠦᠳᠡᠰᠢᠯᠡᠭᠡ 《ᠮᠥᠩᠬᠡ᠎ᠶᠢᠨ ᠲᠤᠭ》 ᠬᠥᠬᠡᠬᠣᠲᠠ᠎ᠳᠤ ᠶᠠᠪᠤᠭᠳᠠᠪᠠ
2026-06-30 09:52:43
ᠵᠣᠬᠢᠶᠠᠭ᠍ᠴᠢ᠄
ᠯᠢ ᠬᠠᠨ
ᠣᠩᠱᠢᠭ᠍ᠰᠠᠨ ᠣᠳᠠᠭ᠎ᠠ᠄
★★★☆☆

ᠸᠠᠩ ᠸᠧᠢ ᠵᠦᠩ    ᠪᠦᠦ ᠭᠠᠩ    ᠵᠠᠩ ᠶᠠᠨ ᠺᠦᠨ    ᠱ᠌ᠢ ᠭᠤᠸᠠᠩ ᠬᠤᠢ ᠲᠣᠭᠯᠠᠯᠲᠠ᠎ᠶᠢ ᠰᠣᠨᠢᠷᠬᠠᠪᠠ


6 ᠰᠠᠷ᠎ᠠ᠎ᠶᠢᠨ 29 ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠳᠤᠮᠳᠠᠳᠤ ᠤᠯᠤᠰ᠎ᠤᠨ ᠡᠪ ᠬᠠᠮᠲᠤ᠌ ᠨᠠᠮ ᠪᠠᠶ᠋ᠢᠭᠤᠯᠤᠭᠳᠠᠭᠰᠠᠨ 105 ᠵᠢᠯ᠎ᠦᠨ ᠤᠢ᠎ᠶᠢ ᠪᠡᠯᠭᠡᠯᠡᠬᠦ᠌ ᠳᠠᠭᠤᠤ ᠬᠥᠭᠵᠢᠮ᠎ᠦᠨ ᠦᠳᠡᠰᠢᠯᠡᠭᠡ 《ᠮᠥᠩᠬᠡ᠎ᠶᠢᠨ ᠲᠤᠭ》 ᠬᠥᠬᠡᠬᠣᠲᠠ᠎ᠳᠤ ᠶᠠᠪᠤᠭᠳᠠᠪᠠ᠃ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠱᠦᠵᠢ᠂ ᠠᠷᠠᠳ᠎ᠤᠨ ᠲᠥᠯᠥᠭᠡᠯᠡᠭᠴᠢᠳ᠎ᠦᠨ ᠶᠡᠬᠡ ᠬᠤᠷᠠᠯ᠎ᠤᠨ ᠪᠠᠶ᠋ᠢᠩᠭᠤ᠎ᠶᠢᠨ ᠬᠣᠷᠢᠶ᠎ᠠ ᠵᠢᠨ ᠡᠷᠬᠢᠯᠡᠭᠴᠢ ᠸᠠᠩ ᠸᠧᠢ ᠵᠦᠩ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠳᠡᠳ᠋ ᠱᠦᠵᠢ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠲᠡᠷᠢᠭᠦᠯᠡᠭᠴᠢ ᠪᠦᠦ ᠭᠠᠩ᠂ ᠥᠪᠡᠷᠲᠡᠭᠡᠨ ᠵᠠᠰᠠᠬᠤ ᠣᠷᠣᠨ᠎ᠤ ᠤᠯᠤᠰ ᠲᠦᠷᠦ᠎ᠶᠢᠨ ᠵᠥᠪᠯᠡᠯᠭᠡᠨ᠎ᠦ ᠲᠡᠷᠢᠭᠦᠯᠡᠭᠴᠢ ᠵᠠᠩ ᠶᠠᠨ ᠺᠦᠨ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠳᠡᠳ᠋ ᠱᠦᠵᠢ᠂ ᠤᠯᠤᠰ ᠲᠦᠷᠦ᠍ ᠬᠠᠤᠯᠢ ᠴᠠᠭᠠᠵᠠ᠎ᠶᠢᠨ ᠬᠣᠷᠢᠶ᠎ᠠ ᠵᠢᠨ ᠱᠦᠵᠢ ᠱ᠌ᠢ ᠭᠤᠸᠠᠩ ᠬᠤᠢ ᠡᠯ᠎ᠡ ᠡᠲᠡᠭᠡᠳ᠎ᠦᠨ ᠬᠥᠮᠦᠰ᠎ᠦᠨ ᠲᠥᠯᠥᠭᠡᠯᠡᠭᠴᠢᠳ᠎ᠲᠡᠶ ᠬᠠᠮᠲᠤ᠎ᠪᠠᠷ ᠳᠤᠮᠳᠠᠳᠤ ᠤᠯᠤᠰ᠎ᠤᠨ ᠡᠪ ᠬᠠᠮᠲᠤ᠌ ᠨᠠᠮ᠎ᠤᠨ 105 ᠵᠢᠯ᠎ᠦᠨ ᠰᠦᠷ ᠳᠠᠯᠠᠶ᠋ᠢᠴᠠᠲᠠᠢ ᠭᠡᠷᠡᠯ ᠰᠠᠴᠤᠷᠠᠩᠭᠤᠢ ᠲᠡᠦᠬᠡᠨ ᠶᠠᠪᠤᠴᠠ᠎ᠶᠢ ᠡᠷᠭᠢᠴᠡᠭᠦᠯᠵᠦ᠍᠂ ᠬᠤᠪᠢᠰᠬᠠᠯ᠎ᠤᠨ ᠳᠤᠷᠠᠰᠤᠮᠵᠢ᠎ᠶᠢ ᠡᠷᠢᠯᠬᠢᠯᠡᠵᠦ᠍᠂ ᠬᠤᠪᠢᠰᠬᠠᠯ᠎ᠤᠨ ᠵᠣᠷᠢᠭ ᠰᠠᠨᠠᠭ᠎ᠠ᠎ᠶᠢ ᠤᠬᠠᠵᠤ᠂ ᠬᠤᠪᠢᠰᠬᠠᠯ᠎ᠤᠨ ᠬᠦᠴᠦᠨ᠎ᠢ ᠰᠢᠩᠭᠡᠭᠡᠨ ᠠᠪᠤᠪᠠ᠃

ᠲᠤᠰ ᠤᠷᠤᠢ᠂ ᠥᠪᠥᠷ ᠮᠣᠩᠭᠣᠯ᠎ᠤᠨ ᠤᠷᠠᠯᠢᠭ ᠵᠦᠴᠦᠭᠡ᠎ᠶᠢᠨ ᠬᠦᠷᠢᠶᠡᠯᠡᠩ᠎ᠦᠨ ᠳᠠᠭᠤᠤ ᠬᠥᠭᠵᠢᠮ᠎ᠦᠨ ᠲᠢᠩᠬᠢᠮ᠎ᠳᠦ ᠳ᠋ᠧᠩ ᠎ᠤᠨ ᠬᠡᠷᠡᠯ ᠬᠢᠯᠠᠯᠵᠠᠵᠤ᠂ ᠬᠦᠷ ᠬᠥᠭᠵᠢᠶᠡᠨ᠎ᠢᠶᠡᠷ ᠪᠢᠯᠬᠠᠨ᠎ᠠ᠃ ᠳᠠᠭᠤᠤ ᠬᠥᠭᠵᠢᠮ᠎ᠦᠨ ᠦᠳᠡᠰᠢᠯᠡᠭᠡ ᠨᠢ ᠨᠠᠶ᠋ᠢᠷᠠᠯ ᠳᠠᠭᠤᠤ 《ᠤᠯᠠᠭᠠᠨ ᠲᠤᠭ᠎ᠤᠨ ᠮᠠᠭᠲᠠᠭᠠᠯ》 ᠤ᠋ᠨ ᠰᠦᠷ ᠵᠢᠪᠬᠤᠯᠠᠩᠲᠤ᠌ ᠬᠦᠭ ᠠᠶᠠᠰ ᠎ᠤᠨ ᠳᠤᠮᠳᠠ ᠠᠯᠭᠤᠷᠬᠠᠨ ᠳᠡᠯᠭᠡᠭᠳᠡᠵᠦ᠍᠂ 《ᠬᠠᠳᠤᠨ ᠭᠣᠣᠯ᠎ᠢ ᠬᠠᠮᠠᠭᠠᠯᠠᠶ᠎ᠠ》᠂ 《ᡂᠢ ᠱᠦᠢ ᠭᠣᠣᠯ᠎ᠢ ᠳᠥᠷᠪᠡᠨᠲᠡ ᠭᠡᠲᠦᠯᠦᠭᠰᠡᠨ ᠭᠠᠶ᠋ᠢᠬᠠᠮᠰᠢᠭᠲᠤ᠌ ᠴᠡᠷᠢᠭ ᠤ᠋ᠨ ᠪᠤᠳᠤᠯᠭ᠎ᠠ》 ᠵᠡᠷᠭᠡ ᠰᠣᠩᠭᠣᠳᠠᠭ ᠳᠠᠭᠤᠤ᠎ᠲᠠᠶ ᠬᠠᠮᠲᠤ᠎ᠪᠠᠷ ᠳᠤᠮᠳᠠᠳᠤ ᠤᠯᠤᠰ᠎ᠤᠨ ᠡᠪ ᠬᠠᠮᠲᠤ᠌ ᠨᠠᠮ᠎ᠤᠨ ᠳᠤᠮᠳᠠᠳᠤ ᠤᠯᠤᠰ᠎ᠤᠨ ᠠᠷᠠᠳ ᠲᠦᠮᠡᠨ᠎ᠢ ᠪᠦᠯᠬᠦᠮᠳᠡᠭᠦᠯᠦᠨ ᠳᠠᠭᠠᠭᠤᠯᠵᠤ ᠴᠢᠰᠤ ᠤᠷᠤᠰᠬᠠᠨ ᠲᠡᠮᠡᠴᠡᠭᠰᠡᠨ᠂ ᠨᠤᠭᠤᠷᠠᠰᠢ ᠦᠭᠡᠢ ᠲᠡᠮᠡᠴᠡᠭᠰᠡᠨ ᠤᠯᠠ ᠮᠥᠷ᠎ᠢ ᠢᠯᠡᠷᠡᠭᠦᠯᠪᠡ᠃ ᠰᠢᠨ᠎ᠡ᠎ᠪᠡᠷ ᠵᠤᠬᠢᠶᠠᠬᠰᠡᠨ ᠨᠠᠶ᠋ᠢᠷᠠᠯ ᠬᠥᠭᠵᠢᠮ 《ᠬᠠᠮᠲᠤ᠌ ᠣᠷᠣᠰᠢᠬᠤ ᠣᠳᠣᠨ ᠮᠡᠴᠢᠳ》᠂ 《ᠲᠦᠮᠡᠨ ᠠᠭᠲᠠ᠎ᠶᠢᠨ ᠲᠦᠪᠡᠷᠭᠡᠨ ᠰᠢᠨ᠎ᠡ ᠬᠠᠭᠤᠳᠠᠰᠤ᠎ᠶᠢ ᠵᠢᠷᠤᠭᠯᠠᠨᠠᠮ》 ᠵᠡᠷᠭᠡ ᠨᠢ ᠥᠪᠥᠷ ᠮᠣᠩᠭᠣᠯ᠎ᠤᠨ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠦ ᠬᠦᠰᠡᠯ ᠨᠠᠶ᠋ᠢᠳᠠᠯᠭ᠎ᠠ᠎ᠶᠢ ᠪᠠᠲᠤ᠌ ᠴᠡᠭᠡᠵᠢᠯᠡᠵᠦ᠍᠂ ᠠᠴᠢ ᠡᠨᠡᠷᠢᠯ᠎ᠳᠦ ᠲᠠᠯᠠᠷᠬᠠᠨ ᠡᠷᠡᠮᠡᠬᠡᠶ᠋ᠢᠯᠡᠨ ᠤᠷᠤᠭᠰᠢᠯᠠᠬᠤ ᠲᠡᠮᠡᠴᠡᠯ᠎ᠦᠨ ᠳᠦᠷᠰᠦ ᠪᠠᠶ᠋ᠢᠳᠠᠯ᠎ᠢ ᠭᠦᠢᠴᠡᠳ ᠢᠯᠡᠷᠡᠭᠦᠯᠵᠦ᠍᠂ ᠤᠷᠰᠺᠸᠲᠷᠡ ᠬᠥᠭᠵᠢᠮ 《ᠬᠢᠯᠪᠠᠭᠠᠳᠤ ᠨᠡᠷᠡᠨ᠎ᠦ ᠳᠤᠤᠷ᠎ᠠ》᠂ 《ᠬᠦᠰᠡᠯ ᠪᠢᠯᠬᠠᠬᠰᠡᠨ ᠬᠥᠳᠡᠭᠡ ᠲᠠᠯ᠎ᠠ》 ᠪᠣᠯᠤᠨ 《ᠲᠡᠭᠷᠢᠯᠢᠭ ᠵᠠᠶᠠᠭᠠᠨ ᠤ᠋ ᠬᠤᠷᠤᠢ》 ᠭᠡᠬᠦ ᠲᠠᠭᠤᠤ ᠨᠢ ᠦᠨᠳᠦᠰᠦᠲᠡᠨ᠎ᠨᠦᠭᠦᠳ᠎ᠦᠨ ᠬᠥᠪᠡᠭᠦᠳ ᠥᠬᠢᠳ᠎ᠦᠨ ᠰᠡᠳᠬᠢᠯ ᠨᠢᠭᠡᠳᠦᠨ ᠨᠠᠮ᠎ᠢᠶᠠᠨ ᠬᠦᠷᠢᠶᠠᠯᠠᠵᠤ᠂ ᠬᠦᠰᠡᠯ ᠵᠡᠭᠦᠳᠦ᠎ᠪᠡᠨ ᠲᠡᠷᠭᠡᠯᠰᠢᠭᠦᠯᠬᠦ᠌᠎ᠪᠡᠷ ᠤᠷᠤᠭᠰᠢᠯᠠᠨ ᠳᠠᠪᠰᠢᠬᠤ ᠤᠯᠤᠰ ᠵᠢᠡᠨ ᠬᠠᠢᠷᠠᠯᠠᠬᠤ ᠬᠠᠶ᠋ᠢᠷ᠎ᠠ ᠰᠡᠳᠬᠢᠯᠭᠡ᠎ᠶᠢ ᠢᠯᠡᠷᠡᠭᠦᠯᠪᠡ᠃ ᠬᠥᠭᠵᠢᠮ ᠬᠠᠪᠰᠤᠷᠭᠠᠭᠰᠠᠨ ᠰᠢᠯᠦᠭ 《ᠵᠠᠭᠤᠨ ᠵᠢᠯ ᠤ᠋ᠨ ᠵᠠᠯᠭᠠᠮᠵᠢ·ᠴᠢᠩ ᠦᠨᠡᠨᠴᠢ᠎ᠪᠡᠷ ᠨᠠᠮ᠎ᠵᠢᠡᠨ ᠳᠠᠭᠠᠨᠠᠮ》 ᠨᠢ ᠭᠠᠶ᠋ᠢᠬᠠᠮᠰᠢᠭᠲᠤ᠌ ᠣᠨ ᠰᠠᠷ᠎ᠠ᠎ᠶᠢ ᠡᠷᠭᠢᠴᠡᠭᠦᠯᠵᠦ᠍᠂ ᠨᠠᠮ᠎ᠳᠠᠭᠠᠨ ᠲᠠᠯᠠᠷᠬᠠᠬᠤ ᠰᠡᠳᠬᠢᠯᠭᠡ ᠪᠠ ᠰᠠᠶ᠋ᠢᠨ ᠰᠠᠶ᠋ᠢᠬᠠᠨ ᠠᠮᠢᠳᠤᠷᠠᠯ᠎ᠤᠨ ᠲᠤᠬᠠᠶ ᠮᠠᠭᠲᠠᠭᠠᠯ᠎ᠢ ᠪᠠᠭᠳᠠᠭᠠᠭᠰᠠᠠ ᠪᠠᠢᠯ᠎ᠠ᠃ ᠳᠠᠭᠤᠤ ᠬᠥᠭᠵᠢᠮ᠎ᠦᠨ ᠦᠳᠡᠰᠢᠯᠡᠭᠡ ᠨᠢ ᠨᠠᠶ᠋ᠢᠷᠠᠯ ᠳᠠᠭᠤᠤ 《ᠡᠪ ᠬᠠᠮᠲᠤ᠌ ᠨᠠᠮ ᠪᠠᠶ᠋ᠢᠬᠤ ᠦᠭᠡᠢ ᠪᠣᠯ ᠰᠢᠨ᠎ᠡ ᠳᠤᠮᠳᠠᠳᠤ ᠤᠯᠤᠰ ᠪᠠᠢᠬᠤ ᠦᠭᠡᠢ》 ᠪᠡᠷ ᠥᠨᠳᠥᠷᠯᠡᠵᠦ᠍᠂ ᠥᠷᠭᠡᠨ ᠤᠯᠠᠨ ᠺᠠᠳ᠋ᠷ ᠤᠯᠠᠨ ᠲᠦᠮᠡᠨ᠎ᠢ ᠰᠢ ᠵᠢᠨ ᠫᠢᠩ ᠨᠥᠬᠥᠷ᠎ᠢᠶᠡᠷ ᠭᠣᠣᠯ ᠪᠣᠯᠭᠠᠭᠰᠠᠨ ᠨᠠᠮ᠎ᠤᠨ ᠲᠥᠪ ᠬᠣᠷᠢᠶ᠎ᠠ᠎ᠶᠢᠨ ᠲᠣᠭᠣᠷᠢᠨ᠎ᠳᠤ ᠨᠡᠩ ᠨᠢᠭᠲᠠᠷᠠᠨ ᠪᠦᠯᠬᠦᠮᠳᠡᠵᠦ᠍᠂ ᠨᠡᠩ ᠡᠷᠡᠰ ᠪᠠᠲᠤ᠌ ᠢᠲᠡᠭᠡᠯ ᠵᠣᠷᠢᠭ᠂ ᠨᠡᠩ ᠴᠤᠭ ᠪᠠᠳᠠᠷᠠᠩᠭᠤᠢ ᠵᠣᠷᠢᠭ ᠰᠠᠨᠠᠭ᠎ᠠ᠎ᠪᠠᠷ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠳᠠ ᠵᠢᠨ ᠥᠪᠥᠷ ᠮᠣᠩᠭᠣᠯ᠎ᠤᠨ ᠰᠢᠨ᠎ᠡ ᠬᠠᠭᠤᠳᠠᠰᠤ᠎ᠶᠢ ᠴᠢᠷᠮᠠᠶ᠋ᠢᠨ ᠪᠢᠴᠢᠭᠯᠡᠬᠦ᠌᠎ᠶᠢ ᠵᠣᠷᠢᠭᠵᠢᠭᠤᠯᠪᠠ᠃

ᠪᠦᠬᠦᠶ᠋ᠢᠯᠡ ᠳᠠᠭᠤᠤ ᠬᠥᠭᠵᠢᠮ᠎ᠦᠨ ᠦᠳᠡᠰᠢᠯᠡᠭᠡ ᠨᠢ ᠨᠠᠮ ᠪᠠᠶ᠋ᠢᠭᠤᠯᠤᠭᠳᠠᠭᠰᠠᠨ 105 ᠵᠢᠯ᠎ᠦᠨ ᠲᠤᠷᠰᠢᠬᠢ ᠨᠡᠶ᠋ᠢᠲᠡᠯᠢᠭ ᠲᠥᠯᠥᠭᠡᠯᠡᠬᠦ᠌ ᠴᠢᠨᠠᠷ ᠪᠠ ᠮᠠᠨ᠎ᠤ ᠣᠷᠣᠨ᠎ᠤ ᠤᠢ᠌ᠷ᠎ᠠ᠎ᠶᠢᠨ ᠬᠣᠶᠠᠷ ᠵᠢᠯ᠎ᠦᠨ ᠰᠢᠨ᠎ᠡ ᠵᠣᠬᠢᠶᠠᠨ ᠪᠦᠲᠦᠭᠡᠯᠭᠡ᠎ᠶᠢᠨ ᠳᠠᠭᠤᠤ ᠬᠥᠭᠵᠢᠮ᠎ᠢᠶᠡᠷ ᠭᠣᠣᠯ ᠪᠣᠯᠭᠠᠵᠤ᠂ ᠨᠠᠶ᠋ᠢᠷᠠᠯ ᠬᠥᠭᠵᠢᠮ᠂ ᠦᠨᠳᠦᠰᠦᠲᠡᠨ᠎ᠦ ᠬᠥᠭᠵᠢᠮ᠂ ᠨᠠᠶ᠋ᠢᠷᠠᠯ ᠳᠠᠭᠤᠤ᠂ ᠭᠣᠴᠣᠯᠠᠯ ᠳᠠᠭᠤᠤ᠂ ᠬᠣᠣᠰᠯᠠᠯ ᠳᠠᠭᠤᠤ᠂ ᠦᠵᠡᠭᠳᠡᠯᠲᠦ᠍ ᠰᠢᠯᠦᠭ᠎ᠦᠨ ᠤᠷᠠᠨ ᠤᠩᠰᠢᠯᠭ᠎ᠠ ᠵᠡᠷᠭᠡ ᠬᠡᠯᠪᠡᠷᠢ᠎ᠶᠢ ᠠᠭᠤᠰᠤᠯᠴᠠᠭᠤᠯᠵᠤ᠂ ᠰᠦᠷ ᠵᠢᠪᠬᠤᠯᠠᠩᠲᠤ᠌ ᠬᠦᠭ ᠠᠶᠠᠰ᠂ ᠬᠥᠮᠦᠰ᠎ᠢ ᠤᠷᠮᠠᠰᠢᠭᠤᠯᠤᠨ ᠵᠣᠷᠢᠭᠵᠢᠭᠤᠯᠬᠤ ᠳᠠᠭᠤᠤ ᠨᠤᠭᠤᠳ ᠨᠢ ᠲᠠᠯᠠᠪᠠᠢ ᠳᠠᠶᠠᠭᠠᠷ ᠤ᠋ᠨ ᠨᠢᠵᠢᠭᠢᠨᠡᠭᠰᠡᠨ ᠠᠯᠠᠭ᠎ᠠ ᠲᠠᠰᠢᠯᠳᠠ ᠵᠢ ᠤᠯᠪᠠ᠃

ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠂ ᠠᠷᠠᠳ᠎ᠤᠨ ᠲᠥᠯᠥᠭᠡᠯᠡᠭᠴᠢᠳ᠎ᠦᠨ ᠶᠡᠬᠡ ᠬᠤᠷᠠᠯ᠎ᠤᠨ ᠪᠠᠶ᠋ᠢᠩᠭᠤ᠎ᠶᠢᠨ ᠬᠣᠷᠢᠶ᠎ᠠ᠂ ᠵᠠᠰᠠᠭ᠎ᠤᠨ ᠣᠷᠳᠣᠨ᠂ ᠤᠯᠤᠰ ᠲᠦᠷᠦ᠎ᠶᠢᠨ ᠵᠥᠪᠯᠡᠯᠭᠡᠨ᠎ᠦ ᠤᠳᠤᠷᠢᠳᠬᠤ ᠨᠥᠬᠥᠳ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠥᠨᠳᠥᠷ ᠵᠡᠷᠭᠡ᠎ᠶᠢᠨ ᠰᠢᠭᠦᠬᠦ᠌ ᠬᠣᠷᠢᠶᠠᠨ᠎ᠤ ᠳᠠᠷᠤᠭ᠎ᠠ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠪᠠᠶ᠋ᠢᠴᠠᠭᠠᠬᠤ ᠬᠣᠷᠢᠶᠠᠨ᠎ᠤ ᠪᠠᠶ᠋ᠢᠴᠠᠭᠠᠬᠤ ᠳᠠᠷᠤᠭ᠎ᠠ᠂ ᠥᠪᠥᠷ ᠮᠣᠩᠭᠣᠯ᠎ᠤᠨ ᠴᠡᠷᠢᠭ᠎ᠦᠨ ᠲᠣᠭᠣᠷᠢᠭ᠂ ᠵᠡᠪᠰᠡᠭᠲᠦ᠍ ᠴᠠᠭᠳᠠᠭ᠎ᠠ᠎ᠶᠢᠨ ᠥᠪᠥᠷ ᠮᠣᠩᠭᠣᠯ᠎ᠤᠨ ᠶᠡᠷᠦᠩᠬᠡᠶ ᠠᠩᠭᠢ᠎ᠶᠢᠨ ᠭᠤᠤᠯ ᠤᠳᠤᠷᠢᠳᠬᠤ ᠨᠥᠬᠥᠳ᠂ ᠬᠡᠰᠡᠭ ᠮᠤᠵᠢ᠎ᠶᠢᠨ ᠲᠡᠰ᠎ᠤᠨ ᠠᠵᠢᠯ᠎ᠡᠴᠡ᠎ᠪᠠᠨ ᠠᠮᠠᠷᠠᠭᠰᠠᠨ ᠠᠬᠠᠮᠠᠳ ᠨᠥᠬᠥᠳ᠂ ᠣᠷᠣᠨ᠎ᠤ ᠰᠢᠭᠤᠳ ᠬᠠᠷᠢᠶ᠎ᠠ ᠰᠠᠯᠠᠭ᠎ᠠ ᠮᠥᠴᠢᠷ᠂ ᠥᠪᠡᠷᠲᠡᠭᠡᠨ ᠵᠠᠰᠠᠬᠤ ᠣᠷᠣᠨ᠎ᠳᠤ ᠰᠠᠭᠤᠭ᠎ᠠ ᠲᠥᠪ᠎ᠦᠨ ᠬᠣᠯᠪᠣᠭᠳᠠᠯ ᠪᠦᠬᠦᠢ ᠨᠢᠭᠡᠴᠢ᠎ᠶᠢᠨ ᠭᠤᠤᠯ ᠬᠠᠷᠢᠭᠤᠴᠠᠯᠭᠠᠲᠠᠨ ᠨᠥᠬᠥᠳ᠂ ᠥᠪᠡᠷᠲᠡᠭᠡᠨ ᠵᠠᠰᠠᠬᠤ ᠣᠷᠣᠨ᠎ᠤ 2026 ᠣᠨ᠎ᠤ 《ᠬᠣᠶᠠᠷ ᠰᠢᠯᠢᠳᠡᠭ ᠨᠢᠭᠡ ᠲᠡᠷᠢᠭᠦᠨ》 ᠢ᠋ ᠬᠥᠬᠢᠭᠦᠯᠦᠨ ᠰᠠᠶ᠋ᠢᠰᠢᠶᠠᠬᠤ ᠶᠡᠬᠡ ᠬᠤᠷᠠᠯ᠎ᠳᠤ ᠣᠷᠣᠯᠴᠠᠭᠰᠠᠨ ᠬᠥᠬᠢᠭᠦᠯᠦᠨ ᠰᠠᠶ᠋ᠢᠰᠢᠶᠠᠭᠳᠠᠭᠰᠠᠨ ᠲᠥᠯᠥᠭᠡᠯᠡᠭᠴᠢ᠂ ᠠᠷᠠᠳᠴᠢᠯᠠᠭᠰᠠᠨ ᠨᠠᠮ ᠪᠦᠯᠦᠭ᠂ ᠨᠠᠮ ᠪᠦᠯᠦᠭ᠎ᠦᠨ ᠪᠤᠰᠤ ᠬᠥᠮᠦᠰ᠂ ᠦᠢᠯᠡᠳᠪᠦᠷᠢ ᠬᠤᠳᠠᠯᠳᠤᠭᠠᠨ᠎ᠤ ᠡᠲᠡᠭᠡᠳ᠎ᠦᠨ ᠲᠥᠯᠥᠭᠡᠯᠡᠭᠴᠢ᠂ ᠬᠥᠳᠡᠯᠮᠦᠷᠢ᠎ᠶᠢᠨ ᠵᠢᠱ᠌ᠢᠶᠡᠴᠢ᠂ ᠶᠣᠰᠣ ᠰᠤᠷᠲᠠᠬᠤᠨ᠎ᠤ ᠵᠢᠱ᠌ᠢᠶᠡᠴᠢ᠂ ᠰᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠮᠡᠷᠭᠡᠵᠢᠯᠲᠡᠨ ᠪᠠ ᠴᠢᠯᠥᠭᠡᠯᠡᠬᠦ᠌ ᠴᠡᠷᠢᠭ᠂ ᠵᠡᠪᠰᠡᠭᠲᠦ᠍ ᠴᠠᠭᠳᠠᠭ᠎ᠠ᠎ᠶᠢᠨ ᠴᠡᠷᠢᠭ ᠠᠡᠭᠬᠢ᠎ᠶᠢᠨ ᠳᠠᠷᠤᠭ᠎ᠠ ᠪᠠᠶ᠋ᠢᠯᠳᠤᠭᠴᠢ᠂ ᠴᠡᠷᠢᠭ᠎ᠡᠴᠡ ᠬᠠᠯᠠᠭᠳᠠᠭᠰᠠᠳ᠎ᠤᠨ ᠵᠢᠱ᠌ᠢᠶᠡᠴᠢ ᠵᠡᠷᠭᠡ 400 ᠭᠠᠷᠤᠢ ᠬᠥᠮᠦᠨ ᠳᠠᠭᠤᠤ ᠬᠥᠭᠵᠢᠮ᠎ᠦᠨ ᠦᠳᠡᠰᠢᠯᠡᠭᠡ᠎ᠶᠢ ᠰᠣᠨᠢᠷᠬᠠᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号