ᠬᠤᠳᠠ ᠵᠢᠨ ᠴᠡᠴᠡᠷᠯᠢᠭ ᠵᠢᠠᠨ ᠬᠠᠢᠷᠠᠯᠠᠨ ᠬᠠᠮᠠᠭᠠᠯᠠᠶ᠎ᠠ
2026-06-29 11:26:00
ᠵᠣᠬᠢᠶᠠᠭ᠍ᠴᠢ᠄
ᠦᠷᠴᠠᠶ᠋ᠢᠬᠤ
ᠣᠩᠱᠢᠭ᠍ᠰᠠᠨ ᠣᠳᠠᠭ᠎ᠠ᠄
★★★☆☆

ᠠᠮᠢᠯᠠᠯ ᠪᠢᠯᠬᠠᠬᠰᠠᠨ ᠡᠬᠡ ᠪᠠᠶ᠋ᠢᠭᠠᠯᠢ ᠨᠢ ᠬᠦᠮᠦᠨ ᠠᠷᠠᠳ᠎ᠤᠨ ᠠᠮᠢᠳᠤᠷᠠᠯ᠎ᠤᠨ ᠤᠷᠴᠢᠨ ᠲᠤᠭᠤᠷᠢᠨ ᠎ᠤ ᠠᠰᠠᠭᠤᠳᠠᠯ᠎ᠢ ᠵᠠᠰᠠᠵᠤ ᠴᠢᠳᠠᠬᠤ ᠪᠡᠷ ᠪᠠᠷᠠᠬᠤ ᠦᠭᠡᠢ ᠡᠬᠡ ᠪᠠᠶ᠋ᠢᠭᠠᠯᠢ ᠵᠢᠨ ᠨᠢᠭᠡᠨ ᠭᠡᠰᠡᠭ ᠪᠤᠯᠤᠬᠰᠠᠨ ᠬᠦᠮᠦᠨ᠎ᠤ ᠰᠡᠳᠬᠢᠯ᠎ᠢ ᠴᠦ᠍ ᠠᠳᠠᠯᠢᠬᠠᠨ ᠵᠠᠰᠠᠵᠤ ᠴᠢᠳᠠᠳᠠᠭ ᠰᠢᠳᠢᠳᠦ ᠬᠦᠴᠦᠨ ᠲᠠᠢ᠃ ᠨᠡᠩ ᠢᠯᠠᠩᠭᠤᠶ᠎ᠠ ᠶᠠᠭᠠᠷᠠᠤ ᠳᠠᠪᠴᠢᠭᠤ ᠠᠮᠢᠳᠤᠷᠠᠯ ᠲᠠᠢ ᠬᠤᠳᠠ ᠵᠢᠨ ᠠᠷᠠᠳ ᠲᠦ᠍ ᠠᠪᠴᠤ᠌ ᠬᠡᠯᠡᠪᠡᠯ ᠡᠬᠡ ᠪᠠᠶ᠋ᠢᠭᠠᠯᠢ ᠵᠢᠨ ᠤᠦᠯ ᠲᠦᠷᠬᠦ᠌ ᠵᠢ ᠬᠠᠳᠠᠭᠠᠯᠠᠬᠰᠠᠨ ᠴᠡᠴᠡᠷᠯᠢᠭ᠎ᠤᠨ ᠰᠡᠯᠡᠬᠦᠬᠡᠨ ᠤᠷᠴᠢᠨ ᠨᠢ ᠠᠵᠢᠯ᠎ᠤᠨ ᠶᠠᠳᠠᠷᠠᠭ᠎ᠠ ᠵᠢ ᠳᠠᠶ᠋ᠢᠯᠵᠤ᠂ ᠠᠮᠢᠳᠤᠷᠠᠯ᠎ᠤᠨ ᠴᠢᠯᠡᠭᠡ ᠵᠢ ᠭᠠᠷᠭᠠᠵᠤ᠂ ᠠᠬᠠᠮᠠᠳ ᠲᠤᠮᠤᠭᠠᠳᠠᠳ᠎ᠤᠨ ᠪᠡᠶ᠎ᠡ ᠰᠡᠳᠬᠢᠯ ᠵᠢᠠᠨ ᠴᠢᠬᠢᠷᠠᠬᠵᠢᠭᠤᠯᠬᠤ᠂ ᠠᠩᠭ᠎ᠠ ᠬᠡᠦᠬᠡᠳ᠎ᠤᠨ ᠡᠷᠡᠬᠦᠯ ᠵᠢᠡᠷ ᠦᠰᠦᠨ ᠪᠤᠶ᠋ᠢᠵᠢᠬᠤ᠂ ᠳᠠᠮᠢᠷ᠎ᠤᠨ ᠪᠠᠬᠠᠳᠠᠳ᠎ᠤᠨ ᠵᠠᠪᠠᠯ ᠤᠴᠢᠬᠤ ᠭᠠᠵᠠᠷ ᠪᠤᠯᠵᠤ᠂ ᠬᠤᠳᠠ ᠵᠢᠨ ᠠᠷᠠᠳ᠎ᠤᠨ ᠠᠮᠢᠳᠤᠷᠠᠯ ᠡᠴᠠ ᠰᠠᠯᠵᠤ ᠴᠢᠳᠠᠬᠤ ᠦᠭᠡᠢ ᠲᠠᠪᠠᠳᠠᠢ ᠤᠷᠴᠢᠨ ᠪᠤᠯᠵᠤ ᠪᠠᠶ᠋ᠢᠳᠠᠭ᠃

ᠤᠶ᠋ᠢᠷ᠎ᠠ ᠵᠢᠨ ᠵᠢᠯ ᠡᠴᠡ ᠨᠠᠭᠠᠰᠢ᠂ ᠬᠦᠬᠡᠬᠤᠳᠠ ᠵᠢᠨ ᠴᠡᠴᠡᠷᠯᠢᠭ᠎ᠤᠨ ᠪᠦᠲᠦᠭᠡᠨ ᠪᠠᠶ᠋ᠢᠭᠤᠯᠤᠯᠳᠠ ᠤᠯᠠᠮ ᠵᠢᠡᠷ ᠡᠷᠴᠢᠮ ᠲᠠᠢ ᠶᠠᠪᠤᠬᠳᠠᠵᠤ᠂ ᠨᠡᠷ᠎ᠡ ᠨᠢᠳᠡᠷ ᠲᠡᠭᠡᠨ ᠳᠡᠩᠴᠡᠭᠰᠡᠨ ᠮᠢᠩᠭᠠᠨ ᠴᠡᠴᠡᠷᠯᠢᠭ ᠲᠠᠢ ᠬᠤᠳᠠ ᠪᠤᠯᠵᠤ᠂ ᠠᠮᠢ ᠠᠬᠤᠢ ᠵᠢᠨ ᠦᠷ᠎ᠡ ᠠᠰᠢᠭ᠎ᠢ ᠬᠤᠳᠠ ᠵᠢᠨ ᠠᠷᠠᠳ ᠲᠦ᠍ ᠦᠨᠡᠨ ᠬᠦ᠌ ᠡᠳ᠋ᠯᠡᠭᠦᠯᠵᠤ᠂  ᠵᠢᠷᠭᠠᠯᠳᠤ ᠲᠦᠷᠦᠭᠳᠡᠯ ᠪᠠ ᠬᠦᠷᠳᠡᠮᠵᠢ ᠵᠢᠨ ᠲᠦᠷᠦᠭᠳᠡᠯ᠎ᠢ ᠶᠡᠬᠡᠬᠡᠨ ᠨᠡᠮᠡᠭᠳᠡᠭᠦᠯᠵᠤ ᠪᠠᠶ᠋ᠢᠨ᠎ᠠ᠃ ᠨᠦᠷ ᠶᠡᠬᠡ ᠬᠦᠴᠦᠨ ᠤᠷᠤᠭᠤᠯᠵᠤ ᠪᠦᠲᠦᠭᠡᠨ ᠪᠠᠶ᠋ᠢᠭᠤᠯᠤᠬᠰᠠᠨ ᠠᠮᠢ ᠠᠬᠤᠢ ᠵᠢᠨ ᠦᠷ᠎ᠠ ᠠᠰᠢᠭ ᠢ᠋ ᠬᠤᠳᠠ ᠵᠢᠨ ᠠᠷᠠᠳ ᠪᠤᠯᠭᠠᠨ ᠬᠠᠶ᠋ᠢᠷᠠᠯᠠᠵᠤ ᠬᠠᠮᠠᠭᠠᠯᠠᠬᠤ ᠶᠤᠰᠤᠳᠠᠢ ᠪᠢᠯᠠ᠃ ᠬᠠᠷᠠᠭ᠎ᠠ ᠵᠢ ᠪᠠᠶᠠᠰᠬᠠᠬᠤ ᠰᠠᠶ᠋ᠢᠬᠠᠨ ᠦᠵᠡᠮᠵᠢ ᠵᠢᠨ ᠬᠠᠵᠠᠭᠤ ᠳ᠋ᠥ᠍ ᠪᠠᠰᠠ ᠬᠠᠷᠠᠪᠠᠯ ᠬᠠᠷ᠎ᠠ ᠪᠠᠭᠤᠮᠠᠷ ᠪᠤᠯᠪᠠᠰᠤᠨ ᠪᠤᠰᠤ ᠠᠵᠢᠯᠯᠠᠭ᠎ᠠ ᠬᠠᠶ᠋ᠢᠷᠠᠨ ᠰᠠᠶ᠋ᠢᠬᠠᠨ ᠤᠷᠴᠢᠨ᠎ᠢ ᠴᠢᠮᠡᠭᠡ ᠢᠮᠡᠭᠡ ᠦᠭᠡᠢ  ᠡᠪᠳᠡᠵᠤ ᠪᠠᠶ᠋ᠢᠨ᠎ᠠ᠃

ᠴᠡᠴᠡᠷᠯᠢᠭ ᠎ᠤᠨ ᠠᠵᠢᠯᠴᠢᠳ ᠦᠷᠯᠦᠭᠡ ᠡᠷᠳᠡ ᠪᠡᠷ ᠠᠵᠢᠯ ᠳ᠋ᠠᠭᠠᠨ ᠭᠠᠷᠴᠤ᠌ ᠨᠤᠭᠤᠭᠠᠨ ᠵᠦᠯᠭᠡ ᠪᠠᠨ  ᠤᠰᠤᠯᠠᠵᠤ᠂ ᠪᠤᠵᠠᠷ ᠡᠪᠡᠰᠦ ᠵᠢ ᠨᠢ ᠠᠷᠢᠯᠭᠠᠵᠤ᠂ ᠬᠤᠸᠠᠷ ᠴᠡᠴᠡᠭ ᠵᠢᠠᠨ ᠳᠤᠳᠤᠮᠳᠠᠵᠤ᠂ ᠬᠤᠭ ᠨᠤᠪᠰᠢ ᠵᠢ ᠠᠷᠢᠯᠭᠠᠵᠤ᠂ ᠲᠠᠳᠠᠨᠠᠷ᠎ᠤᠨ ᠬᠠᠯᠠᠭᠤᠨ ᠬᠦᠯᠦᠰᠦ ᠬᠠᠳᠠᠭᠤᠵᠢᠯᠳᠠᠢ ᠬᠦᠳᠡᠯᠮᠦᠷᠢ ᠪᠡᠷ ᠴᠡᠴᠡᠷᠯᠢᠭ᠎ᠤᠨ ᠤᠷᠴᠢᠨ ᠠᠮᠢᠯᠠᠯ ᠪᠢᠯᠬᠠᠵᠤ ᠪᠠᠶ᠋ᠢᠳᠠᠭ᠃ ᠭᠡᠪᠡᠴᠦ᠍ ᠪᠠᠰᠠ ᠴᠦᠬᠡᠨ ᠲᠤᠭᠠᠨ᠎ᠤ ᠬᠦᠮᠦᠰ ᠵᠦᠯᠭᠡᠨ ᠳᠡᠭᠡᠷ᠎ᠡ ᠳᠤᠷ᠎ᠠ ᠪᠡᠷ ᠬᠢᠰᠬᠢᠯᠡᠵᠤ᠂ ᠴᠡᠴᠡᠭ ᠨᠠᠪᠴᠢ ᠵᠢ ᠰᠠᠨᠠᠭ᠎ᠠ ᠪᠡᠷ ᠵᠢᠠᠨ ᠳᠠᠰᠤᠳᠠᠵᠤ᠂ ᠰᠠᠷᠠᠪᠴᠢ ᠬᠤᠩᠬᠢᠯ᠎ᠤᠨ ᠬᠡᠷᠡᠮ ᠬᠠᠨ᠎ᠠ ᠪᠡᠷ ᠳᠤᠷ᠎ᠠ ᠪᠡᠷ ᠪᠢᠴᠢᠨ ᠰᠡᠶ᠋ᠢᠯᠵᠤ᠂ ᠬᠤᠭ ᠨᠤᠪᠰᠢ ᠪᠠᠨ ᠭᠠᠷ᠎ᠤᠨ ᠠᠶ᠎ᠠ ᠪᠡᠷ ᠬᠠᠶᠠᠵᠤ᠂ ᠤᠯᠠᠨ ᠨᠡᠶ᠋ᠢᠳᠡ ᠵᠢᠨ ᠡᠳ᠋ ᠬᠤᠭᠰᠢᠯ᠎ᠢ ᠡᠪᠳᠡᠵᠤ᠂ ᠦᠯᠡᠮᠵᠢ ᠶᠡᠬᠡ ᠬᠦᠴᠦ᠍ ᠤᠷᠤᠭᠤᠯᠵᠤ ᠪᠦᠷᠢᠳᠦᠭᠦᠯᠦᠭᠰᠡᠨ ᠦᠵᠡᠮᠵᠢ ᠵᠢ ᠡᠪᠳᠡᠵᠤ᠂ ᠨᠠᠷᠢᠯᠢᠭ ᠨᠢᠮᠪᠡᠢ ᠠᠷᠠᠴᠢᠯᠠᠵᠤ ᠡᠳᠡᠭᠡᠷᠡᠭᠦᠯᠦᠭᠰᠡᠨ ᠤᠷᠭᠤᠮᠠᠯ᠎ᠢ ᠰᠢᠷᠬᠠᠳᠤᠭᠤᠯᠵᠤ᠂ ᠠᠮᠢ ᠠᠬᠤᠢ ᠵᠢᠨ ᠪᠦᠲᠦᠭᠡᠨ ᠪᠠᠶ᠋ᠢᠭᠤᠯᠤᠯᠳᠠ ᠵᠢᠨ ᠬᠦᠴᠦ᠍ ᠬᠦᠯᠦᠰᠦ ᠵᠢ ᠳᠠᠯᠠᠭᠠᠷᠳᠠᠭᠤᠯᠵᠤ᠂ ᠬᠦᠮᠦᠨ ᠪᠤᠯᠭᠠᠨ᠎ᠤ ᠰᠠᠶ᠋ᠢᠨ ᠰᠠᠶ᠋ᠢᠬᠠᠨ ᠠᠮᠢ ᠠᠬᠤᠢ ᠤᠷᠴᠢᠨ ᠲᠤᠭᠤᠷᠢᠨ᠎ᠢ ᠡᠳ᠋ᠯᠡᠬᠦ᠌ ᠡᠷᠬᠡ ᠵᠢ ᠬᠤᠬᠢᠷᠠᠭᠤᠯᠵᠤ ᠪᠤᠢ᠃

ᠦᠵᠡᠬᠦ᠌ ᠳ᠋ᠥ᠍ ᠶᠠᠯᠢᠮ ᠦᠭᠡᠢ ᠵᠢᠵᠢᠭ ᠶᠠᠪᠤᠳᠠᠯ᠂ ᠬᠢᠬᠦ᠌ ᠳ᠋ᠥ᠍ ᠴᠦ᠍ ᠭᠠᠷ᠎ᠤᠨ ᠠᠶ᠎ᠠ ᠪᠡᠷ ᠪᠤᠯᠤᠬᠰᠠᠨ ᠶᠠᠪᠤᠳᠠᠯ ᠴᠦ᠍ ᠤᠯᠠᠨ᠎ᠤ ᠡᠷᠬᠡ ᠳ᠋ᠥ᠍ ᠬᠠᠯᠳᠠᠬᠰᠠᠨ᠂ ᠤᠯᠳᠠᠰᠢ ᠦᠭᠡᠢ ᠰᠠᠶ᠋ᠢᠬᠠᠨ ᠦᠵᠡᠮᠵᠢ ᠳ᠋ᠥ᠍ ᠰᠡᠪ ᠰᠤᠷᠪᠢ ᠦᠯᠡᠳᠡᠭᠡᠭᠰᠡᠨ ᠶᠠᠪᠤᠳᠠᠯ ᠪᠤᠯᠵᠤ᠂ ᠨᠡᠩ ᠴᠢᠨᠠᠬᠰᠢᠯᠠᠪᠠᠯ ᠪᠤᠰᠤᠳ ᠬᠦᠮᠦᠨ᠎ᠤ ᠪᠤᠯᠪᠠᠰᠤᠨ ᠪᠤᠰᠤ ᠠᠵᠢᠯᠯᠠᠭ᠎ᠠ ᠵᠢ ᠦᠳᠦᠭᠡᠬᠦ᠌ ᠰᠡᠵᠢᠬᠦᠷ ᠪᠤᠯᠴᠢᠬᠠᠳᠠᠭ᠃ ᠬᠦᠬᠡᠬᠤᠳᠠ ᠵᠢᠨ ᠴᠡᠴᠡᠷᠯᠢᠭ ᠎ᠤᠨ ᠨᠤᠭᠤᠭᠠᠷᠠᠭᠤᠯᠤᠯᠳᠠ ᠵᠢᠨ ᠳᠠᠯᠠᠪᠠᠢ 4233.14 ᠾᠸᠺᠲ᠋ᠠᠷ ᠪᠠᠶ᠋ᠢᠵᠤ᠂ ᠬᠦᠮᠦᠨ ᠳᠤᠮᠳᠠᠴᠢ ᠳ᠋ᠥ᠍ ᠨᠤᠬᠳᠠᠬᠤ ᠴᠡᠴᠡᠷᠯᠢᠭ᠎ᠤᠨ ᠨᠤᠭᠤᠭᠠᠷᠠᠭᠤᠯᠤᠯᠳᠠ ᠵᠢᠨ ᠳᠠᠯᠠᠪᠠᠢ17.26 ᠳᠡᠭᠰᠢ ᠲᠦᠷᠪᠡᠯᠵᠢᠨ ᠮᠸᠲᠷ ᠲᠦ᠍ ᠬᠦᠷᠴᠦ᠍ ᠪᠠᠶ᠋ᠢᠳᠠᠭ᠃ ᠡᠶ᠋ᠢᠮᠦ᠍ ᠶᠡᠬᠡ ᠳᠡᠯᠠᠪᠠᠢ ᠭᠠᠵᠠᠷ᠎ᠤᠨ ᠠᠷᠠᠴᠢᠯᠠᠨ ᠬᠠᠮᠠᠭᠠᠯᠠᠯᠳᠠ ᠨᠢ ᠵᠦᠪᠭᠡᠨ ᠴᠡᠴᠡᠷᠯᠢᠭ᠎ᠤᠨ ᠴᠦᠬᠡᠨ ᠲᠤᠭᠠᠨ᠎ᠤ ᠠᠵᠢᠯᠴᠢᠨ ᠳ᠋ᠥ᠍ ᠲᠦᠰᠢᠭᠯᠡᠵᠤ ᠪᠤᠯᠬᠤ ᠦᠭᠡᠢ᠂ ᠪᠦᠲᠦᠭᠡᠨ ᠪᠠᠶ᠋ᠢᠭᠤᠯᠤᠯᠳᠠ ᠵᠢᠨ ᠦᠷ᠎ᠠ ᠠᠰᠢᠭ᠎ᠢ ᠡᠳ᠋ᠯᠡᠵᠤ ᠪᠠᠶ᠋ᠢᠭ᠎ᠠ ᠬᠦᠮᠦᠨ ᠪᠤᠯᠭᠠᠨ ᠬᠠᠶ᠋ᠢᠷ᠎ᠠ ᠬᠠᠷᠢᠭᠤᠴᠠᠯᠭ᠎ᠠ ᠡᠬᠦᠷᠭᠡᠯᠡᠬᠦ  ᠶᠤᠰᠤᠳᠠᠢ᠃

ᠨᠢᠭᠡ ᠴᠠᠭ᠎ᠤᠨ ᠪᠤᠯᠪᠠᠰᠤᠨ ᠪᠤᠰᠤ ᠠᠵᠢᠯᠯᠠᠭ᠎ᠠ ᠨᠢ ᠤᠷᠳᠤ ᠬᠤᠭᠤᠴᠠᠭᠠᠨ᠎ᠤ ᠤᠷᠴᠢᠨ ᠲᠤᠭᠤᠷᠢᠨ᠎ᠤ ᠡᠪᠳᠡᠭᠳᠡᠯ᠎ᠢ ᠪᠤᠢ ᠪᠤᠯᠭᠠᠨ᠎ᠠ᠃ ᠬᠢᠰᠬᠢᠭᠳᠡᠭᠰᠡᠨ ᠵᠦᠯᠭᠡ ᠤᠬᠤᠷᠬᠠᠨ ᠬᠤᠭᠤᠴᠠᠭᠠᠨ ᠳ᠋ᠥ᠍ ᠰᠡᠷᠭᠦᠵᠤ ᠴᠢᠳᠠᠬᠤ ᠦᠭᠡᠢ᠂ ᠬᠤᠭᠤᠯᠵᠤ ᠳᠠᠰᠤᠯᠤᠬᠰᠠᠨ ᠬᠤᠸᠠᠷ ᠴᠡᠴᠡᠭ ᠴᠠᠭ ᠲᠠᠭᠠᠨ ᠳᠡᠯᠭᠡᠷᠡᠵᠤ ᠴᠢᠳᠠᠬᠤ ᠦᠭᠡᠢ᠂ ᠪᠤᠬᠢᠷᠳᠤᠬᠰᠠᠨ ᠭᠤᠤᠯ᠎ᠤᠨ ᠤᠰᠤ ᠴᠡᠪᠡᠷᠰᠢᠬᠦ᠌ ᠳ᠋ᠥ᠍ ᠬᠦᠴᠢᠷ᠂ ᠡᠪᠳᠡᠭᠳᠡᠭᠰᠡᠨ ᠤᠯᠠᠨ ᠨᠡᠶ᠋ᠢᠳᠡ ᠵᠢᠨ ᠲᠦᠭᠦᠭᠡᠷᠦᠮᠵᠢ ᠤᠴᠢᠬᠰᠠᠨ ᠬᠦᠮᠦᠨ ᠪᠤᠯᠭᠠᠨ᠎ᠤ ᠲᠦᠷᠦᠭᠳᠡᠯ᠎ᠢ ᠨᠦᠯᠦᠭᠡᠯᠡᠨ᠎ᠡ᠃ ᠪᠤᠯᠪᠠᠰᠤᠨ ᠪᠤᠰᠤ ᠮᠠᠭᠤ ᠳᠠᠳᠬᠠᠯ ᠬᠤᠳᠠ ᠵᠢᠨ ᠠᠮᠢ ᠠᠬᠤᠢ ᠵᠢᠨ ᠰᠠᠢᠵᠢᠷᠠᠯᠳᠠ᠎ᠵᠢ ᠬᠠᠷᠰᠢᠯᠠᠵᠤ᠂ ᠨᠢᠭᠡ ᠬᠤᠳᠠ ᠵᠢᠨ ᠪᠤᠯᠪᠠᠰᠤᠨ᠎ᠤ ᠬᠢᠷᠢ ᠲᠦᠪᠰᠢᠨ᠎ᠢ ᠳᠤᠷᠤᠬᠰᠢ ᠳᠠᠳᠠᠬᠤ ᠶᠤᠮ᠃

ᠬᠤᠳᠠ ᠵᠢᠨ ᠠᠮᠢ ᠠᠬᠤᠢ ᠤᠷᠴᠢᠨ ᠲᠤᠭᠤᠷᠢᠨ ᠢ᠋ ᠪᠢᠳᠡ ᠬᠠᠮᠳᠤ ᠪᠡᠷ ᠪᠦᠲᠦᠭᠡᠨ ᠪᠠᠶ᠋ᠢᠭᠤᠯᠵᠤ᠂ ᠬᠠᠮᠳᠤ ᠪᠡᠷ ᠡᠳ᠋ᠯᠡᠵᠤ ᠪᠠᠶ᠋ᠢᠨ᠎ᠠ᠃ ᠳᠡᠭᠡᠭᠦᠯᠡᠷ ᠪᠢᠳᠡ ᠮᠠᠭᠤ ᠳᠠᠳᠬᠠᠯ ᠵᠢᠠᠨ ᠳᠠᠶᠠᠬᠳᠠᠵᠤ᠂ ᠪᠤᠯᠪᠠᠰᠳ᠎ᠤ ᠦᠢᠯᠡᠳᠦᠯᠭᠡᠵᠢᠭᠦᠯᠦᠭᠴᠢ᠂ ᠬᠢᠨᠠᠯᠳᠠ ᠬᠠᠮᠢᠶᠠᠷᠤᠯᠳᠠ ᠵᠢᠨ ᠤᠷᠤᠯᠴᠠᠬᠴᠢ ᠪᠤᠯᠵᠤ᠂ ᠦᠪᠡᠷ᠎ᠢ ᠪᠠᠨ ᠴᠢᠩᠭ᠎ᠠ ᠱᠠᠭᠠᠷᠳᠠᠬᠤ ᠵᠢᠨ ᠬᠠᠮᠳᠤ ᠦᠷᠦᠭᠡᠯ᠎ᠤᠨ ᠪᠤᠯᠪᠠᠰᠤᠨ ᠪᠤᠰᠤ ᠠᠵᠢᠯᠯᠠᠭ᠎ᠠ ᠵᠢ ᠬᠤᠷᠢᠬᠯᠠᠵᠤ᠂ ᠬᠠᠷᠢᠯᠴᠠᠨ ᠰᠠᠨᠠᠭᠤᠯᠵᠤ᠂ ᠬᠠᠮᠳᠤ ᠵᠢᠨ 《ᠬᠦᠷᠦᠩᠬᠡ》 ᠪᠤᠯᠤᠬᠰᠠᠨ ᠬᠤᠳᠠ ᠵᠢᠨ ᠴᠡᠴᠡᠷᠯᠢᠭ ᠵᠢᠠᠨ ᠬᠠᠶ᠋ᠢᠷᠠᠯᠠᠨ ᠬᠠᠮᠠᠭᠠᠯᠠᠵᠤ᠂ ᠪᠡᠶ᠎ᠡ ᠰᠡᠳᠬᠢᠯ᠎ᠢ ᠠᠷᠢᠭᠤᠰᠬᠠᠬᠤ ᠬᠦᠭᠵᠢᠶᠡᠨᠳᠦ ᠬᠤᠳᠠ ᠵᠢᠨ ᠰᠡᠯᠡᠭᠦᠭᠡᠨ ᠵᠠᠢ ᠪᠠᠨ ᠪᠦᠬᠦᠳᠡᠭᠡᠷ ᠵᠢᠠᠨ ᠰᠠᠢᠳᠤᠷ ᠠᠷᠠᠴᠢᠯᠠᠨ ᠭᠠᠮᠨᠠᠶ᠎ᠠ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号