ᠡᠯᠡᠰᠦᠨ ᠴᠦᠯ᠎ᠢ ᠨᠤᠭᠤᠭᠠᠷᠠᠭᠤᠯᠤᠭᠰᠠᠨ 40 ᠵᠢᠯ᠎ᠤᠨ ᠪᠠᠷᠢᠮᠲᠠᠯᠠᠯ
2026-06-29 16:00:06
ᠵᠣᠬᠢᠶᠠᠭ᠍ᠴᠢ᠄
ᠯᠢᠦ ᠬᠤᠩ ᠵᠠᠩ
ᠣᠩᠱᠢᠭ᠍ᠰᠠᠨ ᠣᠳᠠᠭ᠎ᠠ᠄
★★★☆☆

— ᠶᠢᠰᠦᠳᠦᠭᠡᠷ ᠬᠤᠭᠤᠴᠠᠭᠠᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠶᠣᠰᠣ ᠰᠤᠷᠲᠠᠬᠤᠨ᠎ᠤ ᠵᠢᠱ᠌ᠢᠶᠡᠴᠢ ᠠᠯᠠᠱᠠ ᠵᠡᠭᠦᠨ ᠬᠣᠱᠢᠭᠤᠨ᠎ᠤ ᠣᠶ ᠱᠢᠭᠤᠶ ᠶ᠋ᠢᠨ ᠠᠵᠢᠯ᠎ᠤᠨ ᠥᠷᠲᠡᠭᠡ ᠶ᠋ᠢᠨ ᠮᠡᠷᠭᠡᠵᠢᠯᠲᠡᠨ ᠯᠢᠦ ᠬᠣᠩ ᠢ ᠶ᠋ᠢ ᠲᠡᠮᠳᠡᠭ᠌ᠯᠡᠪᠡ


10 ᠭᠠᠷᠤᠶ ᠮᠥ᠍ ᠵᠠᠭ᠂ ᠳᠡᠷᠪᠡᠯᠵᠢ ᠵᠡᠷᠭᠡ ᠡᠯᠡᠰᠦᠨ᠎ᠳᠦ ᠤᠷᠭᠤᠳᠠᠭ ᠤᠷᠭᠤᠮᠠᠯ᠎ᠤᠨ ᠴᠢᠬᠢ ᠮᠣᠳᠣ ᠵᠣᠨ᠎ᠤ ᠨᠡᠷᠡᠨ᠎ᠦ ᠬᠡᠷᠡᠯ ᠳᠤᠤᠷ᠎ᠠ ᠢᠳᠡᠷᠡᠭᠦᠨ᠎ᠢᠶᠡᠷ ᠦᠰᠦᠨ ᠪᠣᠢᠵᠢᠵᠤ ᠪᠠᠢᠭ᠎ᠠ ᠴᠢᠬᠢ ᠮᠣᠳᠣᠳ᠎ᠤᠨ ᠳᠤᠮᠳᠠᠭᠤᠷ ᠯᠢᠦ ᠬᠣᠩ ᠢ ᠨᠠᠭᠠᠰᠢ ᠴᠠᠭᠠᠰᠢ ᠶᠠᠪᠤᠨ ᠶᠠᠭᠠᠷᠠᠯᠲᠠᠢ ᠠᠵᠢᠯᠯᠠᠵᠦ᠂ ᠴᠢᠬᠢ ᠮᠣᠳᠣᠨ᠎ᠳᠤ ᠤᠰᠤ ᠨᠥᠬᠥᠪᠥᠷᠢᠯᠡᠨ᠂ ᠤᠷᠭᠤᠴᠠ ᠶ᠋ᠢᠨ ᠪᠠᠢᠳᠠᠯ᠎ᠢ ᠨᠢ ᠪᠠᠢᠴᠠᠭᠠᠨ ᠦᠵᠡᠬᠦ᠌ ᠶ᠋ᠢᠨ ᠬᠠᠮᠲᠤ ᠨᠠᠷᠢᠨ ᠨᠢᠮᠪᠠᠶ ᠲᠡᠮᠳᠡᠭ᠌ᠯᠡᠯ ᠬᠢᠨ᠎ᠠ᠃ ᠯᠢᠦ ᠬᠣᠩ ᠢ ᠠᠯᠠᠱᠠ ᠵᠡᠭᠦᠨ ᠬᠣᠱᠢᠭᠤᠨ᠎ᠤ ᠤᠢ ᠱᠢᠭᠤᠢ ᠶ᠋ᠢᠨ ᠠᠵᠢᠯ᠎ᠤᠨ ᠥᠷᠲᠡᠭᠡᠨ᠎ᠦ ᠳᠡᠭᠡᠳᠦ ᠵᠡᠷᠭᠡ ᠶ᠋ᠢᠨ ᠢᠨᠵᠧᠨᠧᠷ ᠪᠠᠢᠵᠠᠢ᠃ ᠡᠨᠡ ᠵᠢᠯ᠎ᠦᠨ 3 ᠰᠠᠷ᠎ᠠ᠎ᠳᠤ ᠠᠵᠢᠯ᠎ᠡᠴᠡ᠎ᠪᠠᠨ ᠠᠮᠠᠷᠠᠭ᠍ᠰᠠᠨ᠎ᠤ ᠳᠠᠷᠠᠭ᠎ᠠ ᠲᠡᠷᠡ ᠡᠨᠡ ᠬᠦ᠌ ᠵᠠᠭ ᠮᠣᠳᠣᠨ᠎ᠤ ᠰᠠᠭᠤᠷᠢᠨ᠎ᠳᠤ ᠶᠠᠭᠠᠷᠠᠯᠳᠠᠢ  ᠠᠵᠢᠯᠯᠠᠬᠤ  ᠪᠤᠯᠵᠠᠢ᠃

《ᠪᠢ ᠡᠯᠡᠰᠦ᠎ᠵᠢ ᠵᠠᠰᠠᠵᠤ ᠨᠣᠭᠣᠭᠠᠷᠠᠭᠤᠯᠤᠯᠲᠠ ᠬᠢᠬᠦ᠌ ᠠᠵᠢᠯ᠎ᠳᠤ ᠮᠠᠰᠢ ᠳᠤᠷᠠᠲᠠᠢ᠂ᠠᠵᠢᠯ᠎ᠠᠴᠠ᠎ᠪᠠᠨ ᠠᠮᠠᠷᠠᠭ᠍ᠰᠠᠨ ᠪᠣᠯᠪᠠᠴᠤ᠌ ᠠᠯᠠᠱᠠ ᠶ᠋ᠢᠨ ᠡᠯᠡᠰᠦ᠎ᠵᠢ ᠵᠠᠰᠠᠬᠤ ᠠᠵᠢᠯ᠎ᠳᠤ ᠢᠯᠡᠭᠦᠬᠡᠨ ᠦᠪᠡᠷ᠎ᠤᠨ ᠬᠦᠴᠦᠨ᠎ᠢᠶᠡᠨ ᠡᠷᠬᠦᠶ᠎ᠠ ᠭᠡᠵᠦ ᠪᠤᠳᠤᠵᠦ ᠪᠠᠢᠨ᠎ᠠ》 ᠭᠡᠵᠦ᠍ ᠯᠢᠦ ᠬᠣᠩ ᠢ ᠬᠡᠯᠡᠪᠡ᠃

40 ᠵᠢᠯ᠎ᠦᠨ ᠲᠤᠷᠰᠢ ᠯᠢᠦ ᠬᠣᠩ ᠢ ᠠᠯᠠᠱᠠ ᠶ᠋ᠢᠨ ᠨᠡᠯᠦᠭᠡᠷ ᠶᠡᠬᠡ ᠭᠣᠪᠢ ᠨᠤᠲᠤᠭ᠎ᠲᠤ ᠬᠦᠨᠵᠡᠭᠡᠢᠷᠡᠨ ᠡᠯᠡᠰᠦ ᠵᠢ ᠵᠠᠰᠠᠨ᠂ ᠲᠤᠬᠠᠶ ᠶ᠋ᠢᠨ ᠭᠠᠵᠠᠷ᠎ᠤᠨ ᠮᠠᠯᠴᠢᠳ᠎ᠲᠤ 《ᠡᠯᠡᠰᠦᠨ ᠴᠥᠯ᠎ᠢ ᠨᠤᠭᠤᠭᠠᠷᠠᠭᠤᠯᠤᠭᠰᠠᠨ ᠤᠷᠠᠯᠢᠬᠴᠢᠨ》 ᠬᠡᠮᠡᠭ᠌ᠳᠡᠵᠠᠢ᠃

1986 ᠣᠨ᠎ᠳᠤ᠂ ᠯᠢᠦ ᠬᠣᠩ ᠢ ᠥᠪᠥᠷ ᠮᠣᠩᠭᠣᠯ᠎ᠤᠨ ᠵᠠᠯᠠᠨ ᠠᠢᠯ᠎ᠤᠨ ᠤᠢ ᠱᠢᠭᠤᠢ ᠶ᠋ᠢᠨ ᠦᠢᠯᠡᠰ᠎ᠤᠨ ᠰᠤᠷᠭᠠᠭᠤᠯᠢ᠎ᠡᠴᠡ ᠲᠡᠭᠦᠰᠦᠭ᠌ᠰᠡᠨ᠎ᠦ ᠲᠠᠷᠠᠭ᠎ᠠ ᠨᠥᠬᠥᠴᠡᠯ᠎ᠢᠶᠡᠷ ᠪᠡᠷᠬᠡ ᠬᠠᠲᠠᠭᠤᠵᠢᠯᠲᠠᠢ ᠠᠯᠠᠱᠠ ᠵᠡᠭᠦᠨ ᠬᠣᠱᠢᠭᠤᠨ᠎ᠤ ᠵᠢᠷᠠᠲᠠᠢ ᠤᠯᠤᠰ᠎ᠤᠨ ᠡᠯᠡᠰᠦ ᠵᠢ ᠵᠠᠰᠠᠬᠤ ᠦᠷᠳᠡᠭᠡ᠎ᠳᠦ ᠬᠦᠷᠴᠦ᠍ ᠠᠵᠢᠯᠯᠠᠵᠠᠢ᠃ ᠨᠡᠯᠦᠢᠨ ᠦᠷᠭᠦᠯᠵᠢᠯᠡᠭᠰᠡᠨ ᠤᠯᠠᠭᠠᠨᠪᠤᠬ᠎ᠠ ᠵᠢᠨ ᠡᠯᠡᠰᠦᠨ ᠴᠦᠯ᠂ ᠮᠥᠬᠥᠵᠦ᠍ ᠰᠥᠨᠥᠬᠦ᠌ ᠠᠶᠤᠯ᠎ᠳᠤ ᠲᠤᠯᠭᠠᠷᠠᠭ᠍ᠰᠠᠨ ᠴᠢᠪᠠᠭᠠᠨ ᠮᠣᠳᠣ᠂ ᠤᠢ ᠱᠢᠭᠤᠢ ᠶ᠋ᠢᠨ ᠦᠢᠯᠡᠰ᠎ᠦᠨ ᠬᠥᠭ᠌ᠵᠢᠯᠲᠡ ᠶ᠋ᠢᠨ ᠪᠠᠢᠳᠠᠯ᠂ ᠬᠣᠴᠣᠷᠤᠩᠭᠤᠢ ᠮᠡᠷᠭᠡᠵᠢᠯ ᠲᠥᠬᠥᠭᠡᠷᠦᠮᠵᠢ ᠵᠡᠷᠭᠡ ᠶ᠋ᠢ ᠬᠠᠷᠠᠭᠠᠳ ᠯᠢᠦ ᠬᠣᠩ ᠢ ᠡᠯᠡᠰᠦᠨ᠎ᠳᠦ ᠮᠣᠳᠣ ᠲᠠᠷᠢᠬᠤ ᠢᠲᠡᠭᠡᠯ ᠵᠣᠷᠢᠭ᠎ᠢᠶᠠᠨ ᠤᠯᠠᠮ ᠪᠠᠲᠤᠳᠭᠠᠵᠠᠢ᠃

ᠲᠡᠭᠦᠨ᠎ᠡᠴᠡ ᠬᠣᠢᠰᠢ ᠲᠡᠷᠡ ᠨᠢᠭᠡ ᠰᠡᠳᠭᠢᠯ᠎ᠢᠶᠡᠷ ᠡᠯᠡᠰᠦ ᠵᠢ ᠵᠠᠰᠠᠵᠦ᠂ ᠪᠦᠬᠦ᠌ ᠰᠡᠳᠭᠢᠯ ᠪᠦᠬᠦ᠌ ᠵᠣᠷᠢᠭ᠎ᠢᠶᠠᠷ᠎ᠢᠶᠠᠨ ᠡᠯᠡᠰᠦ ᠵᠢ ᠵᠠᠰᠠᠨ ᠡᠯᠡᠰᠦᠷᠬᠡᠭ᠌ᠵᠢᠯ᠎ᠢ ᠰᠡᠷᠭᠡᠢᠯᠡᠬᠦ ᠦᠢᠯᠡᠰ᠎ᠲᠦ ᠣᠷᠣᠯᠴᠠᠵᠤ᠂ ᠤᠯᠤᠰ᠎ᠤᠨ 《ᠳᠣᠯᠣᠳᠤᠭᠠᠷ ᠲᠠᠪᠤᠨ ᠵᠢᠯ》 ᠤ᠋ᠨ ᠪᠣᠭᠣᠮᠲᠠ ᠱᠢᠪᠲᠤᠯᠬᠤ ᠲᠦᠷᠦᠯ ᠵᠦᠢᠯ ᠪᠣᠯᠬᠤ 《ᠵᠠᠭ ᠮᠣᠳᠣ ᠶ᠋ᠢ ᠰᠡᠷᠭᠦᠭᠡᠨ ᠢᠳᠡᠷᠵᠢᠬᠦᠯᠬᠦ ᠮᠡᠷᠭᠡᠵᠢᠯ᠎ᠦᠨ ᠰᠤᠳᠤᠯᠭᠠᠨ》 ᠳ᠋ᠤ ᠢᠳᠡᠪᠬᠢᠲᠡᠢ ᠣᠷᠣᠯᠴᠠᠵᠠᠢ᠃ ᠵᠣᠨ᠎ᠤ ᠤᠯᠠᠷᠢᠯ᠎ᠳᠤ  ᠲᠡᠷᠡ ᠡᠯᠡᠰᠦᠨ ᠴᠥᠯ᠎ᠦᠨ ᠭᠠᠵᠠᠷ᠎ᠤᠨ ᠭᠠᠳᠠᠷᠭᠤ᠎ᠶᠢᠨ ᠳᠤᠯᠠᠭᠠᠨ᠎ᠤ ᠬᠡᠮᠵᠢᠶ᠎ᠡ ᠨᠢ 50°C᠎ᠡᠴᠡ ᠳᠠᠪᠠᠭ᠍ᠰᠠᠨ ᠠᠭᠠᠭᠢᠮ᠎ᠠ ᠬᠠᠯᠠᠭᠤᠨ ᠳ᠋ᠦ ᠰᠢᠷᠠᠭᠳᠠᠵᠦ ᠪᠠᠢᠳᠠᠭ; ᠡᠪᠦᠯ᠎ᠦᠨ ᠤᠯᠠᠷᠢᠯ᠎ᠳᠤ ᠲᠡᠷᠡ ᠶᠠᠰᠤ ᠶᠠᠩᠭᠢᠨᠠᠮ᠎ᠠ ᠬᠦᠶ᠋ᠲᠡᠨ ᠪᠠ ᠡᠯᠡᠰᠦᠨ ᠱᠢᠭᠤᠷᠭ᠎ᠠ ᠶ᠋ᠢᠨ ᠲᠠᠭᠠᠷᠢᠯᠲᠠ ᠶ᠋ᠢ ᠳᠠᠭᠠᠭᠠᠵᠤ ᠡᠯᠡᠰᠦᠨ ᠲᠡᠯᠡᠶ᠎ᠳᠦ ᠡᠯᠡᠰᠦ ᠶ᠋ᠢ ᠵᠠᠰᠠᠬᠤ ᠰᠤᠳᠤᠯᠭᠠᠨ᠎ᠤ ᠡᠮᠦᠨ᠎ᠡ ᠹᠷᠣᠨᠲ᠎ᠲᠤ ᠶᠠᠭᠠᠷᠠᠳᠠᠭ᠃

ᠯᠢᠦ ᠬᠣᠩ ᠢ ᠢᠮᠠᠭ᠍ᠲᠠ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠱᠢᠨ᠎ᠡ ᠶ᠋ᠢ ᠡᠭᠦᠳᠬᠦ᠌ ᠶ᠋ᠢ ᠠᠮᠢ ᠠᠬᠤᠢ ᠶ᠋ᠢᠨ ᠪᠦᠲᠦᠭᠡᠨ ᠪᠠᠢᠭᠤᠯᠤᠯᠲᠠ ᠶ᠋ᠢ ᠠᠬᠢᠭᠤᠯᠬᠤ ᠵᠠᠩᠭᠢᠯᠠᠭ᠎ᠠ ᠶ᠋ᠢᠨ ᠬᠦᠴᠦᠨ ᠪᠣᠯᠭᠠᠭ᠍ᠰᠠᠭᠠᠷ ᠢᠷᠡᠵᠠᠢ᠃ ᠯᠢᠦ ᠬᠣᠩ ᠢ ᠴᠢᠬᠢ ᠮᠣᠳᠣ ᠳᠤᠲᠠᠭ᠍ᠳᠠᠬᠤ ᠠᠰᠠᠭᠤᠳᠠᠯ᠎ᠢ ᠱᠢᠶ᠋ᠳᠪᠦᠷᠢᠯᠡᠬᠦ᠌ ᠶ᠋ᠢᠨ ᠲᠥᠯᠥᠭᠡ᠂ ᠵᠠᠭ ᠵᠡᠷᠭᠡ ᠡᠯᠡᠰᠦᠨ᠎ᠳᠦ ᠤᠷᠭᠤᠬᠤ ᠤᠷᠭᠤᠮᠠᠯ᠎ᠢ ᠲᠠᠷᠢᠬᠤ ᠲᠤᠷᠱᠢᠯᠲᠠ ᠶ᠋ᠢ ᠲᠦᠷᠦᠭᠦᠯᠡᠨ ᠥᠷᠨᠢᠭᠦᠯᠵᠠᠢ᠃ ᠯᠢᠦ ᠬᠣᠩ ᠢ ᠶ᠋ᠢᠨ ᠰᠤᠳᠤᠯᠭᠠᠨ᠎ᠤ ᠪᠦᠯᠬᠦᠮ 700 ᠭᠠᠷᠤᠶ ᠡᠳᠦᠷ ᠰᠥᠨᠢ ᠶ᠋ᠢᠨ ᠰᠤᠳᠤᠯᠭᠠᠨ᠎ᠢᠶᠠᠷ ᠳᠡᠮᠵᠢᠨ ᠠᠯᠠᠱᠠ ᠣᠷᠣᠨ᠎ᠤ ᠣᠯᠠᠨ ᠵᠢᠯ᠎ᠦᠨ ᠲᠤᠷᠰᠢ ᠭᠡᠭᠡᠭ᠌ᠳᠡᠵᠦ᠍ ᠣᠷᠬᠢᠭ᠍ᠳᠠᠭ᠍ᠰᠠᠨ ᠡᠯᠡᠰᠦᠨ᠎ᠳᠦ ᠤᠷᠭᠤᠬᠤ ᠤᠷᠭᠤᠮᠠᠯ᠎ᠤᠨ ᠴᠢᠬᠢ ᠮᠣᠳᠣ ᠶ᠋ᠢ ᠠᠮᠵᠢᠯᠲᠠ ᠲᠠᠶ ᠪᠤᠢᠵᠢᠭᠤᠯᠵᠦ᠂ 《ᠠᠯᠠᠱᠠ ᠶ᠋ᠢᠨ ᠭᠠᠩ ᠬᠠᠭᠤᠷᠠᠶ ᠡᠯᠡᠰᠦᠨ ᠴᠥᠯ᠎ᠦᠨ ᠵᠠᠭ ᠮᠣᠳᠣ ᠳᠠᠷᠢᠬᠤ ᠵᠢᠴᠢ ᠴᠢᠬᠢ ᠮᠣᠳᠣ ᠪᠣᠢᠵᠢᠭᠤᠯᠬᠤ ᠮᠡᠷᠭᠡᠵᠢᠯ》 ᠢ᠋ ᠳ᠋ᠦᠩᠨᠡᠨ ᠭᠠᠷᠭᠠᠵᠤ᠂ ᠲᠤᠬᠠᠶ ᠶ᠋ᠢᠨ ᠭᠠᠵᠠᠷ᠎ᠤᠨ ᠣᠶ ᠱᠢᠭᠤᠶ ᠡᠵᠡᠩᠨᠡᠬᠦ᠌ ᠵᠠᠭ᠍ᠪᠤᠷ᠎ᠢ 《ᠲᠤᠷᠤᠭ ᠮᠣᠳᠣ᠂ ᠮᠤᠳᠤᠨ ᠮᠠᠲ᠋ᠸᠷᠢᠶᠠᠯ᠎ᠦᠨ ᠣᠶ》 ᠡᠴᠡ 《ᠪᠣᠳᠠ ᠮᠣᠳᠣ᠂ ᠠᠮᠢ ᠠᠬᠤᠶ ᠶ᠋ᠢᠨ ᠤᠢ》 ᠶ᠋ᠢᠨ ᠬᠡᠯᠪᠡᠷᠢ ᠲᠡᠢᠰᠢ ᠬᠤᠪᠢᠷᠠᠭᠤᠯᠬᠤ ᠶ᠋ᠢ ᠠᠬᠢᠭᠤᠯᠵᠠᠢ᠃ ᠲᠡᠭᠦᠨ᠎ᠦ ᠳᠠᠭᠠᠭᠤᠯᠭ᠎ᠠ ᠪᠡᠷ ᠴᠢᠬᠢ ᠮᠣᠳᠣ ᠪᠣᠢᠵᠢᠭᠤᠯᠬᠤ ᠡᠷᠦᠬᠡ 3 ᠪᠠᠢᠭ᠍ᠰᠠᠨ᠎ᠡᠴᠡ᠎ᠪᠠᠨ 37 ᠪᠣᠯᠵᠣ᠂ ᠵᠢᠯ᠎ᠳᠦ 4000 ᠲᠦᠮᠡᠨ ᠰᠠᠭᠤᠷᠢ ᠴᠢᠬᠢ ᠮᠣᠳᠣ ᠬᠠᠩᠭᠠᠵᠤ᠂ ᠦᠶ᠋ᠯᠡᠳᠬᠦᠨ᠎ᠦ ᠥᠷᠲᠡᠭ ᠨᠢ 400 ᠲᠦᠮᠡᠨ ᠲᠥᠭᠥᠷᠢᠭ᠎ᠢ ᠳᠠᠪᠠᠵᠠᠶ᠃

ᠨᠢᠰᠭᠡᠯ᠎ᠢᠶᠡᠷ ᠳᠠᠷᠢᠵᠤ ᠡᠯᠡᠰᠦ ᠶ᠋ᠢ ᠵᠠᠰᠠᠬᠤ ᠳᠤᠮᠳᠠ ᠯᠢᠦ ᠬᠣᠩ ᠢ ᠮᠡᠷᠭᠡᠵᠢᠯ᠎ᠦᠨ ᠡᠮᠵᠡᠭ᠎ᠢ ᠣᠨᠢᠯᠠᠵᠤ ᠂ GPS ᠠᠶᠠᠯᠠᠯ ᠵᠠᠯᠠᠬᠤ ᠠᠵᠢᠯ᠎ᠢ ᠨᠢᠰᠭᠡᠯ᠎ᠢᠶᠡᠷ ᠳᠠᠷᠢᠬᠤ ᠠᠵᠢᠯ᠎ᠳᠤ ᠣᠷᠣᠭᠤᠯᠵᠤ᠂ ᠵᠢᠯ᠎ᠦᠨ ᠥᠪᠡᠷ᠎ᠦᠨ ᠥᠷᠲᠡᠭ᠎ᠢ ᠪᠠᠷᠤᠭ ᠵᠠᠭᠤᠨ ᠲᠦᠮᠡᠨ ᠲᠥᠭᠥᠷᠢᠭ ᠠᠷᠪᠢᠯᠠᠵᠠᠢ; 《ᠬᠤᠷ᠎ᠠ ᠲᠣᠨᠳᠠᠰᠤ ᠶ᠋ᠢᠨ ᠬᠡᠮᠵᠢᠶ᠎ᠡ ᠶ᠋ᠢᠨ ᠡᠵᠡᠮᠱᠢᠯ ᠳᠤᠤᠷᠠᠬᠢ ᠨᠢᠰᠭᠡᠯ᠎ᠢᠶᠡᠷ ᠦᠷ᠎ᠡ ᠰᠠᠴᠤᠬᠤ ᠮᠥᠬᠥᠯᠢᠭ᠌ᠵᠢᠭᠦᠯᠬᠦ᠌ ᠮᠡᠷᠭᠡᠵᠢᠯ》 ᠢ᠋ ᠰᠤᠳᠤᠯᠤᠨ ᠨᠡᠭᠡᠭᠡᠵᠦ᠍᠂ ᠦᠷ᠎ᠡ ᠰᠠᠴᠤᠬᠤ᠎ᠨᠢ ᠲᠡᠩᠴᠡᠭᠦᠷᠢ ᠥᠬᠡᠶ᠂ ᠬᠤᠯᠤᠭᠠᠨ᠎ᠠ ᠲᠠᠤᠯᠠᠢ ᠶ᠋ᠢᠨ ᠬᠤᠤᠷ ᠬᠥᠨᠥᠭᠡᠯ ᠵᠡᠷᠭᠡ ᠬᠦᠴᠢᠷ ᠠᠰᠠᠭᠤᠳᠠᠯ᠎ᠢ ᠱᠢᠪᠲᠤᠯᠤᠨ ᠱᠢᠶ᠋ᠳᠪᠦᠷᠢᠯᠡᠵᠦ᠍᠂ ᠬᠣᠶᠠᠷ ᠵᠦᠶ᠋ᠯ᠎ᠦᠨ ᠤᠯᠤᠰ᠎ᠤᠨ ᠲᠤᠰᠭᠠᠶ ᠠᠱᠢᠭ᠎ᠢ ᠭᠥᠷᠳᠡᠵᠠᠢ᠃ 2024 ᠣᠨ ᠪᠣᠯᠲᠠᠯ᠎ᠠ᠂ ᠲᠡᠷᠡ 417 ᠲᠦᠮᠡᠨ ᠮᠥ᠍ ᠨᠢᠰᠭᠡᠯ᠎ᠢᠶᠡᠷ ᠳᠠᠷᠢᠬᠤ ᠠᠵᠢᠯ᠎ᠢ ᠭᠤᠤᠯᠯᠠᠨ ᠪᠡᠶᠡᠯᠡᠭᠦᠯᠵᠦ᠍᠂ ᠪᠥᠬᠥ᠌ ᠬᠣᠱᠢᠭᠤᠨ᠎ᠤ ᠨᠢᠰᠭᠡᠯ᠎ᠢᠶᠡᠷ ᠳᠠᠷᠢᠬᠤ ᠶᠡᠷᠦᠩᠬᠡᠶ ᠲᠠᠯᠠᠪᠠᠶ ᠶ᠋ᠢᠨ 65.3% ᠶ᠋ᠢ ᠡᠵᠡᠯᠡᠵᠦ᠍᠂ ᠲᠩᠷᠢ ᠡᠯᠡᠰᠦ᠂ ᠤᠯᠠᠭᠠᠨᠪᠤᠬ᠎ᠠ ᠵᠢᠨ ᠡᠯᠡᠰᠦᠨ ᠴᠥᠯ᠎ᠦᠨ ᠬᠥᠪᠡᠭᠡ ᠵᠠᠬ᠎ᠠ ᠶ᠋ᠢᠨ ᠤᠷᠭᠤᠮᠠᠯ᠎ᠤᠨ ᠬᠤᠴᠢᠯᠭ᠎ᠠ ᠶ᠋ᠢᠨ ᠪᠦᠷᠬᠦᠴᠡ᠎ᠨᠢ 5% ᠬᠥᠷᠬᠥ᠌ ᠥᠬᠡᠶ ᠪᠠᠢᠭ᠍ᠰᠠᠨ᠎ᠡᠴᠡ᠎ᠪᠠᠨ ᠳᠡᠭᠡᠭ᠌ᠰᠢᠯᠡᠭᠡᠳ 12.5% — 50.8% ᠪᠣᠯᠵᠣ᠂ ᠪᠥᠬᠥ᠌ ᠣᠷᠳᠣ᠎ᠨᠢ 460 ᠺᠢᠯᠣᠮᠧᠲ᠋ᠷ᠎ᠢ ᠳᠠᠪᠠᠭ᠍ᠰᠠᠨ ᠬᠣᠶᠠᠷ ᠵᠤᠷᠪᠤᠰ 《ᠪᠣᠬᠢᠷᠲᠤᠯ ᠥᠬᠡᠶ᠎ᠪᠡᠷ ᠡᠯᠡᠰᠦ ᠵᠢ ᠴᠢᠲᠦᠷᠯᠡᠬᠦ》 ᠪᠦᠰᠡ ᠭᠠᠷᠭᠠᠵᠤ᠂ ᠬᠣᠶᠠᠷ ᠶᠡᠬᠡ ᠡᠯᠡᠰᠦᠨ ᠴᠥᠯ᠎ᠦᠨ ᠨᠡᠢᠯᠡᠬᠦ᠎ᠵᠢ ᠬᠣᠷᠢᠭ᠍ᠯᠠᠵᠠᠢ᠃

ᠭᠠᠭ᠍ᠴᠠ ᠬᠦ᠌ ᠠᠮᠢ ᠠᠬᠤᠶ ᠶ᠋ᠢᠨ ᠪᠦᠲᠦᠭᠡᠨ ᠪᠠᠢᠭᠤᠯᠤᠯᠲᠠ ᠪᠣᠯᠤᠨ ᠠᠵᠤ ᠦᠢᠯᠡᠰ᠎ᠦᠨ ᠬᠥᠭ᠌ᠵᠢᠯᠲᠡ ᠶ᠋ᠢ ᠨᠢᠭ᠍ᠲᠠ ᠤᠶᠠᠯᠳᠤᠭᠤᠯᠪᠠᠯ ᠰᠠᠶᠢ ᠡᠯᠡᠰᠦ ᠶ᠋ᠢ ᠵᠠᠰᠠᠬᠤ ᠶ᠋ᠢᠨ ᠦᠷᠭᠦᠯᠵᠢᠯᠡᠬᠦ᠌ ᠴᠢᠨᠠᠷ᠎ᠢ ᠪᠡᠶᠡᠯᠡᠭᠦᠯᠵᠦ᠍ ᠴᠢᠳᠠᠨ᠎ᠠ᠃ ᠡᠭᠦᠨ᠎ᠦ ᠲᠤᠯᠠᠳᠠ ᠲᠡᠷᠡ ᠰᠡᠳᠭᠢᠯ ᠲᠠᠯᠪᠢᠨ ᠰᠤᠳᠤᠯᠵᠤ᠂ ᠵᠠᠭ ᠮᠤᠳᠤᠨ᠎ᠤ ᠨᠠᠮᠤᠷ (ᠡᠪᠦᠯ) ᠤ᠋ᠨ ᠤᠯᠠᠷᠢᠯ᠎ᠤᠨ ᠲᠠᠷᠢᠬᠤ ᠠᠷᠭ᠎ᠠ ᠶ᠋ᠢ ᠡᠭᠦᠳᠦᠭ᠌ᠰᠡᠨ ᠪᠥᠭᠡᠳ ᠪᠦᠬᠦ᠌ ᠬᠣᠱᠢᠭᠤᠨ᠎ᠤ ᠡᠯᠡᠰᠦᠨ᠎ᠦ ᠠᠵᠤ ᠦᠢᠯᠡᠰ᠎ᠦᠨ ᠬᠥᠭ᠌ᠵᠢᠯᠲᠡ᠎ᠳᠦ ᠲᠦᠭᠡᠮᠡᠯᠵᠢᠬᠦᠯᠵᠠᠢ᠃ ᠠᠯᠠᠱᠠ ᠵᠡᠭᠦᠨ ᠬᠣᠱᠢᠭᠤᠨ᠎ᠳᠤ 《ᠵᠠᠭᠤᠨ ᠲᠦᠮᠡᠨ ᠮᠦ᠍》 ᠵᠢᠨ ᠵᠠᠭ ᠮᠣᠳᠣ ᠪᠠ ᠴᠠᠭᠠᠨ ᠭᠣᠶᠣᠣ ᠶ᠋ᠢᠨ ᠠᠵᠤ ᠦᠢᠯᠡᠰ᠎ᠦᠨ ᠰᠠᠭᠤᠷᠢᠨ᠎ᠤ ᠲᠦᠷᠦᠯ ᠵᠦᠢᠯ᠎ᠦᠨ ᠪᠦᠳᠦᠭᠡᠨ ᠪᠠᠢᠭᠤᠯᠤᠯᠲᠠ ᠶ᠋ᠢ ᠬᠡᠷᠡᠭ᠌ᠵᠢᠭᠦᠯᠬᠦ᠌ ᠦᠶ᠎ᠡ᠎ᠳᠦ  ᠯᠢᠦ ᠬᠣᠩ ᠢ ᠬᠦᠨᠳᠦ ᠡᠭᠦᠷᠭᠡ ᠶ᠋ᠢ ᠵᠣᠷᠢᠭ᠍ᠲᠠᠢ ᠡᠭᠦᠷᠭᠡᠯᠡᠵᠦ᠍᠂ 《ᠯᠢᠦ ᠬᠣᠩ ᠢ ᠶ᠋ᠢᠨ ᠬᠥᠳᠡᠯᠮᠦᠷᠢ ᠶ᠋ᠢᠨ ᠵᠢᠱ᠌ᠢᠶᠡᠴᠢ ᠶ᠋ᠢᠨ ᠱᠢᠨ᠎ᠡ ᠶ᠋ᠢ ᠡᠭᠦᠳᠬᠦ᠌ ᠠᠵᠢᠯᠯᠠᠬᠤ ᠲᠠᠰᠤᠭ》 ᠤ᠋ᠨ ᠪᠦᠬᠦ᠌ ᠬᠥᠮᠦᠰ᠎ᠦᠨ ᠬᠠᠮᠲᠤ ᠶ᠋ᠢᠨ ᠴᠢᠷᠮᠠᠢᠯᠭ᠎ᠠ᠎ᠪᠠᠷ ᠤᠤᠯ᠎ᠤᠨ 10 ᠵᠢᠯ᠎ᠳᠦ ᠪᠡᠶᠡᠯᠡᠭᠦᠯᠬᠦ᠌᠎ᠪᠡᠷ ᠲᠥᠯᠥᠪᠯᠡᠵᠦ᠍ ᠪᠠᠢᠭ᠍ᠰᠠᠨ ᠢᠨᠵᠧᠨᠧᠷᠢᠩ᠎ᠢ ᠣᠬᠣᠷᠬᠠᠨ 4 ᠵᠢᠯ᠎ᠳᠦ ᠲᠡᠭᠦᠰ ᠠᠮᠵᠢᠯᠲᠠ᠎ᠲᠠᠶ ᠪᠡᠶᠡᠯᠡᠭᠦᠯᠵᠠᠢ᠃ ᠲᠡᠷᠡ ᠪᠠᠰᠠ 《ᠵᠠᠭ᠎ᠤᠨ ᠣᠢᠵᠢᠭᠤᠯᠤᠯᠲᠠ ᠵᠢᠴᠢ ᠬᠠᠮᠢᠶᠠᠷᠴᠤ᠌ ᠬᠠᠮᠠᠭᠠᠯᠠᠬᠤ ᠮᠡᠷᠭᠡᠵᠢᠯ᠎ᠦᠨ ᠲᠦᠷᠢᠮ》 ᠵᠡᠷᠭᠡ ᠣᠯᠠᠨ ᠵᠦᠶ᠋ᠯ᠎ᠦᠨ ᠣᠷᠣᠨ ᠨᠤᠲᠤᠭ᠎ᠤᠨ ᠪᠠᠷᠢᠮᠵᠢᠶ᠎ᠠ ᠶ᠋ᠢ ᠳ᠋ᠦᠩᠨᠡᠨ ᠲᠣᠭ᠍ᠲᠠᠭᠠᠵᠤ᠂ ᠨᠠᠮᠤᠷ᠎ᠤᠨ ᠣᠢᠵᠢᠭᠤᠯᠤᠯᠲᠠ ᠶ᠋ᠢ ᠲᠦᠭᠡᠮᠡᠯᠵᠢᠭᠦᠯᠵᠦ᠂ ᠬᠠᠪᠤᠷ ᠨᠠᠮᠤᠷ᠎ᠤᠨ ᠬᠣᠶᠠᠷ ᠤᠯᠠᠷᠢᠯ᠎ᠳᠤ ᠬᠠᠷᠢᠯᠴᠠᠨ ᠨᠥᠬᠥᠪᠥᠷᠢᠯᠡᠵᠦ᠍ ᠳᠠᠷᠢᠬᠤ᠎ᠪᠠᠷ ᠳᠡᠮᠵᠢᠨ ᠤᠰᠤᠯᠠᠬᠤ ᠤᠳᠠᠭ᠎ᠠ ᠶ᠋ᠢ ᠪᠠᠭᠠᠰᠭᠠᠵᠤ᠂ ᠵᠠᠭ᠎ᠤᠨ ᠣᠢᠵᠢᠭᠤᠯᠤᠯᠲᠠ ᠶ᠋ᠢᠨ ᠴᠠᠭ᠎ᠢ ᠤᠷᠲᠤᠳᠭᠠᠭ᠍ᠰᠠᠨ᠎ᠢᠶᠠᠷ ᠪᠠᠷᠠᠬᠤ ᠥᠬᠡᠶ ᠵᠠᠭ ᠮᠣᠳᠣᠨ᠎ᠤ ᠡᠳᠡᠭᠡᠷᠡᠯᠲᠡ ᠶ᠋ᠢᠨ ᠨᠣᠷᠮ᠎ᠠ ᠶ᠋ᠢ 5% — 10% ᠪᠠᠷ ᠳᠡᠭᠡᠭ᠌ᠰᠢᠯᠡᠭᠦᠯᠵᠡᠶ᠃ ᠲᠡᠷᠡ 15 ᠵᠢᠯ ᠳᠠᠷᠠᠭᠠᠯᠠᠨ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠣᠨᠴᠠ ᠲᠣᠮᠢᠯᠠᠭ᠍ᠴᠢ ᠶ᠋ᠢᠨ ᠲᠤᠱᠢᠶᠠᠯ᠎ᠢ ᠡᠭᠦᠷᠭᠡᠯᠡᠵᠦ᠍᠂ ᠪᠦᠯᠬᠦᠮ᠎ᠢᠶᠡᠨ ᠳᠠᠭᠠᠭᠤᠯᠤᠨ 1000 ᠭᠠᠷᠤᠢ ᠮᠠᠯᠴᠢᠨ ᠲᠠᠷᠢᠶᠠᠴᠢᠨ᠎ᠳᠤ ᠪᠣᠯᠪᠠᠰᠤᠷᠠᠯ ᠬᠦᠷᠲᠡᠭᠡᠵᠦ᠍᠂ ᠬᠡᠳᠦᠨ ᠵᠠᠭᠤᠨ ᠮᠠᠯᠴᠢᠨ ᠲᠠᠷᠢᠶᠠᠴᠢᠨ ᠵᠠᠭ ᠮᠣᠳᠣ ᠲᠠᠷᠢᠬᠤ ᠪᠠ ᠴᠠᠭᠠᠨ ᠭᠣᠶᠣᠣ᠂ ᠤᠯᠠᠭᠠᠨ ᠭᠣᠶᠣᠣ ᠲᠠᠷᠢᠬᠤ᠎ᠳᠤ ᠲᠦᠱᠢᠭ᠌ᠯᠡᠵᠦ᠍ ᠣᠷᠣᠯᠭ᠎ᠠ᠎ᠪᠠᠨ ᠨᠡᠮᠡᠭ᠌ᠳᠡᠭᠦᠯᠵᠠᠢ᠃

ᠠᠯᠠᠱᠠ ᠵᠡᠭᠦᠨ ᠬᠣᠱᠢᠭᠤ ᠯᠢᠦ ᠬᠣᠩ ᠢ ᠶ᠋ᠢᠨ ᠡᠯᠡᠰᠦᠨ᠎ᠦ ᠠᠵᠤ ᠦᠢᠯᠡᠰ᠎ᠦᠨ ᠲᠠᠷᠢᠮᠠᠯ᠎ᠤᠨ ᠮᠡᠷᠭᠡᠵᠢᠯ᠎ᠢ ᠳᠡᠯᠭᠡᠷᠡᠭᠦᠯᠬᠦ᠌᠎ᠪᠡᠷ ᠳᠠᠮᠵᠢᠨ ᠵᠠᠭ ᠮᠣᠳᠣ ᠲᠠᠷᠢᠬᠤ ᠲᠠᠯᠠᠪᠠᠢ ᠶ᠋ᠢ 290 ᠲᠦᠮᠡᠨ ᠮᠦ᠍ ᠪᠣᠯᠭᠠᠨ ᠦᠷᠭᠡᠳᠬᠡᠵᠦ᠂ ᠴᠠᠭᠠᠨ ᠭᠣᠶᠣᠣ᠂ ᠤᠯᠠᠭᠠᠨ ᠭᠣᠶᠣᠣ ᠲᠠᠷᠢᠬᠤ ᠲᠠᠯᠠᠪᠠᠢ᠎ᠶ᠋ᠢ 73 ᠲᠦᠮᠡᠨ ᠮᠦ᠍᠎ᠳᠦ ᠬᠦᠷᠭᠡᠵᠦ᠍᠂ ᠠᠵᠤ ᠠᠬᠤᠢ ᠶ᠋ᠢᠨ ᠦᠷ᠎ᠡ ᠠᠱᠢᠭ᠎ᠢ 3 ᠳ᠋ᠦᠩᠱᠢᠭᠤᠷ ᠲᠥᠭᠥᠷᠢᠭ ᠱᠢᠬᠠᠮ ᠪᠡᠶᠡᠯᠡᠭᠦᠯᠵᠦ᠍᠂ 2 ᠲᠦᠮᠡ ᠭᠠᠷᠤᠢ ᠮᠠᠯᠴᠢᠨ᠎ᠤ ᠬᠥᠮᠦᠨ ᠳᠤᠮᠳᠠᠴᠢ ᠶ᠋ᠢᠨ ᠣᠷᠣᠯᠭ᠎ᠠ ᠶ᠋ᠢ ᠲᠦᠮᠡᠨ ᠲᠥᠭᠥᠷᠢᠭ ᠱᠢᠬᠠᠮ ᠨᠡᠮᠡᠭ᠌ᠳᠡᠭᠦᠯᠵᠠᠢ᠃

2012 ᠣᠨ᠎ᠳᠤ ᠠᠯᠠᠱᠠ ᠵᠡᠭᠦᠨ ᠬᠣᠱᠢᠭᠤᠨ᠎ᠤ ᠣᠷᠳᠣᠬᠦᠯ ᠭᠠᠴᠠᠭ᠎ᠠ᠎ᠳᠤ ᠰᠠᠭᠤᠭ᠎ᠠ ᠨᠢᠭᠡᠳᠦᠭᠡᠷ ᠱᠦᠵᠢ ᠶ᠋ᠢᠨ ᠲᠤᠱᠢᠶᠠᠯ᠎ᠢ ᠡᠭᠦᠷᠭᠡᠯᠡᠭ᠌ᠰᠡᠨ᠎ᠦ ᠳᠠᠷᠠᠭ᠎ᠠ ᠯᠢᠦ ᠬᠣᠩ ᠢ ᠳᠡᠷᠪᠡᠯᠵᠢ ᠳᠠᠷᠢᠬᠤ ᠵᠢ ᠲᠤᠷᠱᠢᠨ ᠳᠠᠷᠢᠭᠠᠳ ᠠᠮᠵᠢᠯᠲᠠ ᠣᠯᠵᠤ᠂ 《ᠵᠠᠭᠤᠨ ᠲᠦᠮᠡᠨ ᠮᠥ᠍ ᠳᠡᠷᠪᠡᠯᠵᠢ ᠳᠠᠷᠢᠬᠤ ᠰᠠᠭᠤᠷᠢᠨ》 ᠢ᠋ ᠲᠥᠯᠥᠪᠵᠢᠭᠦᠯᠵᠦ᠍᠂ ᠮᠠᠯᠴᠢᠳ᠎ᠢ ᠳᠠᠢᠴᠢᠯᠠᠨ ᠠᠮᠢ ᠠᠬᠤᠶ ᠶ᠋ᠢᠨ ᠨᠥᠬᠥᠪᠥᠷᠢ ᠣᠯᠭᠣᠵᠤ᠂ ᠮᠤᠳᠤᠨ ᠦᠷ᠎ᠡ ᠬᠤᠳᠠᠯᠳᠤᠵᠤ ᠣᠷᠣᠯᠭ᠎ᠠ ᠵᠢ ᠨᠢ ᠨᠡᠮᠡᠭ᠌ᠳᠡᠭᠦᠯᠵᠠᠢ᠃ 9 ᠵᠢᠯ᠎ᠦᠨ ᠬᠤᠭᠤᠴᠠᠭᠠᠨ᠎ᠳᠤ ᠲᠣᠰ ᠭᠠᠴᠠᠭᠠᠨ᠎ᠤ ᠬᠠᠮᠲᠤ ᠶ᠋ᠢᠨ ᠬᠤᠷᠠᠮᠳᠤᠭᠤᠯᠭ᠎ᠠ 1 ᠲᠦᠮᠡᠨ ᠲᠥᠭᠥᠷᠢᠭ ᠬᠥᠷᠬᠥ᠌ ᠥᠬᠡᠶ ᠪᠠᠢᠭ᠍ᠰᠠᠨ᠎ᠡᠴᠡ᠎ᠪᠠᠨ 320 ᠲᠦᠮᠡᠨ ᠲᠥᠭᠥᠷᠢᠭ ᠪᠣᠯᠵᠣ᠂ 《ᠠᠮᠢ ᠠᠬᠤᠶ + ᠠᠵᠤ ᠦᠶ᠋ᠯᠡᠰ + ᠬᠥᠭ᠌ᠵᠢᠭᠦᠯᠦᠨ ᠮᠠᠨᠳᠤᠭᠤᠯᠬᠤ》 ᠬᠥᠳᠡᠭᠡ ᠲᠣᠰᠭᠣᠨ᠎ᠤ ᠬᠥᠭ᠌ᠵᠢᠯᠲᠡ ᠶ᠋ᠢᠨ ᠵᠠᠮ᠎ᠢ ᠨᠡᠭᠡᠭᠡᠵᠠᠢ᠃

ᠯᠢᠦ ᠬᠣᠩ ᠢ ᠥᠪᠡᠷ᠎ᠦᠨ ᠵᠠᠯᠠᠭᠤ ᠨᠠᠰᠤ ᠪᠣᠯᠤᠨ ᠣᠶᠤᠨ ᠤᠬᠠᠭᠠᠨ᠎ᠢᠶᠠᠨ ᠡᠯᠡᠰᠦ ᠵᠢ ᠵᠠᠰᠠᠨ ᠡᠯᠡᠰᠦᠷᠭᠡᠭᠵᠢᠯ᠎ᠢ ᠰᠡᠷᠭᠡᠢᠯᠡᠬᠦ ᠦᠶ᠋ᠯᠡᠰ᠎ᠲᠦ ᠵᠣᠷᠢᠭᠤᠯᠵᠠᠢ᠃ ᠣᠢᠷ᠎ᠠ ᠶ᠋ᠢᠨ ᠵᠢᠯ᠎ᠳᠦ ᠯᠢᠦ ᠬᠣᠩ ᠢ ᠤᠷᠢᠳ ᠬᠣᠵᠢᠳ 《ᠪᠥᠬᠥ᠌ ᠤᠯᠤᠰ᠎ᠤᠨ ᠲᠠᠪᠤᠨ ᠰᠠᠷ᠎ᠠ ᠶ᠋ᠢᠨ ᠨᠢᠭᠡᠨ᠎ᠦ ᠬᠥᠳᠡᠯᠮᠦᠷᠢ ᠶ᠋ᠢᠨ ᠵᠢᠱ᠌ᠢᠶᠡᠴᠢ ᠵᠢᠨ ᠱᠠᠩᠨᠠᠯ》᠂ 《ᠪᠥᠬᠥ᠌ ᠤᠯᠤᠰ᠎ᠤᠨ ᠬᠠᠮᠤᠭ᠎ᠤᠨ ᠭᠣᠶᠣ ᠣᠶ ᠱᠢᠭᠤᠶ ᠨᠤᠲᠤᠭ ᠪᠡᠯᠴᠢᠭᠡᠷ᠎ᠦᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠳᠡᠯᠭᠡᠷᠡᠭᠦᠯᠦᠭ᠌ᠴᠢ》 ᠵᠡᠷᠭᠡ ᠣᠯᠠᠨ ᠢᠷᠠᠭᠤ ᠠᠯᠳᠠᠷ᠎ᠢ ᠭᠥᠷᠳᠡᠭ᠌ᠰᠡᠨ ᠪᠥᠭᠡᠳ ᠤᠯᠤᠰ᠎ᠤᠨ ᠣᠶ ᠱᠢᠭᠤᠶ ᠪᠠ ᠨᠤᠳᠤᠭ ᠪᠡᠯᠴᠢᠭᠡᠷ᠎ᠦᠨ ᠲᠣᠪᠴᠢᠶ᠎ᠠ᠎ᠳᠤ 《ᠤᠯᠤᠰ᠎ᠤᠨ ᠣᠶ ᠱᠢᠭᠤᠶ ᠪᠠ ᠨᠤᠲᠤᠭ ᠪᠡᠯᠴᠢᠭᠡᠷ᠎ᠦᠨ ᠲᠤᠰᠭᠠᠶ ᠮᠡᠷᠭᠡᠵᠢᠯᠲᠡᠨ》 ᠢ᠋ᠶ᠋ᠡᠷ ᠤᠷᠢᠭ᠍ᠳᠠᠵᠠᠢ; ᠡᠨᠡ ᠵᠢᠯ᠎ᠦᠨ 4 ᠰᠠᠷ᠎ᠠ᠎ᠳᠤ ᠲᠡᠷᠡ ᠪᠠᠰᠠ ᠶᠢᠰᠦᠳᠦᠭᠡᠷ ᠬᠤᠭᠤᠴᠠᠭᠠᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠶᠣᠰᠣ ᠰᠤᠷᠲᠠᠬᠤᠨ᠎ᠤ ᠵᠢᠱ᠌ᠢᠶᠡᠴᠢ᠎ᠪᠡᠷ ᠰᠣᠩᠭᠣᠭ᠍ᠳᠠᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号