ᠬᠦᠬᠡᠬᠤᠲᠠ ᠣᠶ ᠱᠢᠭᠤᠶ ᠪᠠ ᠨᠤᠲᠤᠭ ᠪᠡᠯᠴᠢᠭᠡᠷ ᠤ᠋ᠨ 35 ᠲᠥᠷᠥᠯ ᠵᠦᠶ᠋ᠯ ᠢ᠋ ᠲᠥᠯᠥᠪᠵᠢᠭᠦᠯᠦᠨ ᠬᠡᠷᠡᠭᠵᠢᠬᠦᠯᠵᠦ ᠪᠤᠢ
2026-06-22 17:36:21
ᠵᠣᠬᠢᠶᠠᠭ᠍ᠴᠢ᠄
​ ᠨᠠᠮᠤᠭ
ᠣᠩᠱᠢᠭ᠍ᠰᠠᠨ ᠣᠳᠠᠭ᠎ᠠ᠄
★★★☆☆

2026 ᠣᠨ ᠳ᠋ᠤ ᠬᠥᠬᠡᠬᠣᠲᠠ ᠣᠶ ᠱᠢᠭᠤᠶ ᠪᠠ ᠨᠤᠲᠤᠭ ᠪᠡᠯᠴᠢᠭᠡᠷ ᠤ᠋ᠨ 35 ᠲᠥᠷᠥᠯ ᠵᠦᠶ᠋ᠯ ᠢ᠋ ᠲᠥᠯᠥᠪᠵᠢᠭᠦᠯᠦᠨ ᠬᠡᠷᠡᠭ᠌ᠵᠢᠭᠦᠯᠵᠦ᠍᠂ ᠶᠡᠷᠦᠩᠬᠡᠶ ᠪᠠᠯᠠ ᠣᠷᠣᠭᠤᠯᠤᠯᠲᠠ᠎ᠨᠢ 2.81 ᠳ᠋ᠦᠩᠱᠢᠭᠤᠷ ᠲᠥᠭᠥᠷᠢᠭ ᠲᠤ᠌ ᠬᠦᠷᠴᠡᠶ᠃ ᠲᠥᠷᠥᠯ ᠵᠦᠶ᠋ᠯ ᠳ᠋ᠤ ᠬᠣᠲᠠ ᠵᠢᠨ ᠬᠠᠯᠬᠠᠪᠴᠢ ᠣᠶ ᠵᠢᠨ ᠪᠦᠰᠡ ᠵᠢᠨ ᠪᠥᠲᠥᠭᠡᠨ ᠪᠠᠢᠭᠤᠯᠤᠯᠲᠠ᠂ ᠣᠶ ᠱᠢᠭᠤᠶ ᠪᠠ ᠨᠤᠲᠤᠭ ᠪᠡᠯᠴᠢᠭᠡᠷ᠎ᠦᠨ ᠲᠦᠶ᠋ᠮᠡᠷ ᠢ᠋ ᠰᠡᠷᠭᠡᠢᠯᠡᠬᠦ᠌᠂ ᠣᠶ ᠱᠢᠭᠤᠶ ᠪᠠ ᠨᠤᠲᠤᠭ ᠪᠡᠯᠴᠢᠭᠡᠷ᠎ᠦᠨ ᠡᠬᠢ ᠪᠠᠶᠠᠯᠢᠭ ᠢ᠋ ᠬᠠᠮᠠᠭᠠᠯᠠᠨ ᠰᠡᠷᠭᠦᠭᠡᠬᠦ᠌᠂ ᠣᠨᠴᠠᠯᠢᠭ᠍ᠲᠤ ᠣᠶ ᠱᠢᠭᠤᠶ ᠡᠪᠡᠰᠤᠨ ᠤ᠋ ᠠᠵᠤ ᠦᠶ᠋ᠯᠡᠰ᠎ᠦᠨ ᠬᠥᠭ᠌ᠵᠢᠯᠲᠡ ᠵᠡᠷᠭᠡ ᠬᠦᠷᠢᠶ᠎ᠡ ᠶ᠋ᠢ ᠬᠠᠮᠤᠷᠴᠠᠶ᠃

ᠬᠥᠬᠡᠬᠣᠲᠠ ᠵᠢᠨ ᠣᠶ ᠱᠢᠭᠤᠶ ᠪᠠ ᠨᠤᠲᠤᠭ ᠪᠡᠯᠴᠢᠭᠡᠷ᠎ᠦᠨ ᠲᠣᠪᠴᠢᠶ᠎ᠠ ᠲᠤᠬᠠᠶ ᠵᠢᠨ ᠭᠠᠵᠠᠷ᠎ᠲᠤᠨᠢ ᠪᠠᠢᠴᠠᠭᠠᠨ ᠰᠤᠳᠤᠯᠤᠯᠲᠠ ᠬᠢᠵᠦ᠍᠂ ᠪᠠᠯᠠ ᠮᠥᠩᠭᠥ ᠶ᠋ᠢ ᠢᠳᠡᠪᠬᠢᠲᠡᠶ ᠴᠢᠷᠮᠠᠢᠨ ᠣᠯᠵᠤ᠂ ᠲᠥᠷᠥᠯ ᠵᠦᠶ᠋ᠯ᠎ᠦᠨ ᠪᠣᠯᠤᠮᠵᠢᠲᠤ ᠰᠤᠳᠤᠯᠤᠯ ᠤ᠋ᠨ ᠮᠡᠳᠡᠭᠦᠯᠦᠯᠲᠡ᠂ ᠬᠡᠷᠡᠭ᠌ᠵᠢᠭᠦᠯᠬᠦ᠌ ᠲᠥᠰᠦᠯ᠂ ᠠᠵᠢᠯᠯᠠᠭᠠᠨ ᠤ᠋ ᠵᠢᠷᠤᠭ ᠲᠥᠯᠥᠪᠯᠡᠭᠡ ᠶ᠋ᠢ ᠨᠠᠢᠷᠠᠭᠤᠯᠤᠨ ᠵᠣᠬᠢᠶᠠᠬᠤ ᠪᠠ ᠬᠢᠨᠠᠨ ᠵᠥᠪᠱᠢᠶᠡᠷᠡᠵᠦ᠍ ᠬᠠᠷᠢᠭᠤ ᠥᠭ᠌ᠬᠦ᠂ ᠳᠠᠭᠠᠭᠠᠴᠢᠯᠠᠯᠲᠠ ᠵᠠᠷᠯᠠᠵᠤ ᠳᠠᠭᠠᠭᠠᠴᠢᠯᠠᠯᠲᠠ ᠬᠦᠯᠢᠶᠡᠬᠦ᠌ ᠵᠡᠷᠭᠡ ᠡᠮᠦᠨᠡᠬᠢ ᠬᠤᠭᠤᠴᠠᠭᠠᠨ ᠤ᠋ ᠠᠵᠢᠯ ᠢ᠋ ᠯᠠᠪᠳᠠᠭᠤᠨ ᠪᠠᠲᠤᠲᠠᠶ ᠰᠠᠢᠲᠤᠷ ᠬᠢᠪᠠ᠃ ᠣᠳᠣᠬᠠᠨ ᠪᠣᠯᠲᠠᠯ᠎ᠠ᠂ 30 ᠲᠥᠷᠥᠯ ᠵᠦᠶ᠋ᠯ᠎ᠦᠨ ᠠᠵᠢᠯ ᠨᠢᠭᠡᠨᠲᠡ ᠤᠷᠤᠭ᠍ᠰᠢᠲᠠᠶ ᠡᠬᠢᠯᠡᠵᠦ᠍᠂ ᠠᠵᠢᠯ ᠡᠬᠢᠯᠡᠭᠦᠯᠦᠭ᠌ᠰᠡᠨ ᠨᠣᠷᠮ᠎ᠠ 86% ᠳ᠋ᠤ ᠬᠦᠷᠴᠡᠶ᠃ ᠨᠢᠭᠡᠨᠲᠡ ᠠᠵᠢᠯ ᠡᠬᠢᠯᠡᠭᠦᠯᠦᠭ᠌ᠰᠡᠨ ᠲᠥᠷᠥᠯ ᠵᠦᠶ᠋ᠯ ᠢ᠋ ᠶᠡᠷᠦᠩᠬᠡᠶ᠎ᠳᠡᠭᠡᠨ ᠤᠷᠤᠭ᠍ᠰᠢᠲᠠᠶ ᠠᠬᠢᠭᠤᠯᠵᠤ᠂ ᠡᠭᠦᠨ᠎ᠳᠦ 2026 ᠣᠨ ᠤ᠋ ᠬᠣᠲᠠ ᠵᠢᠨ ᠲᠠᠰ ᠤ᠋ᠨ ᠭᠤᠤᠯᠳᠠᠯᠭ᠎ᠠ᠎ᠲᠠᠶ ᠲᠥᠷᠥᠯ ᠵᠦᠶ᠋ᠯ᠎ᠳᠦ ᠣᠷᠣᠭᠤᠯᠤᠭ᠍ᠰᠠᠨ ᠣᠶ ᠱᠢᠭᠤᠶ ᠪᠠ ᠨᠤᠲᠤᠭ ᠪᠡᠯᠴᠢᠭᠡᠷ᠎ᠦᠨ ᠲᠦᠭ᠌ᠰᠢᠭᠦᠷᠢ ᠶᠡᠬᠡᠲᠡᠶ ᠣᠷᠣᠨ ᠤ᠋ ᠶᠡᠷᠦᠩᠬᠡᠢᠯᠡᠨ ᠵᠠᠰᠠᠬᠤ ᠲᠥᠷᠥᠯ ᠵᠦᠶ᠋ᠯ᠎ᠦᠨ ᠪᠦᠬᠦᠯᠢ ᠴᠣᠭ᠍ᠴᠠ ᠵᠢᠨ ᠠᠬᠢᠴᠠ᠎ᠨᠢ 55% ᠳ᠋ᠤ ᠬᠥᠷᠪᠡ; ᠤᠪᠤᠭ᠎ᠠ ᠴᠡᠴᠡᠷᠯᠢᠭ ᠵᠢᠴᠢ ᠴᠡᠯᠡᠭᠡᠷ ᠲᠠᠯ᠎ᠠ ᠵᠢᠨ ᠡᠷᠭᠢᠨ ᠲᠣᠭᠣᠷᠢᠨ ᠤ᠋ ᠨᠣᠭᠣᠭᠠᠷᠠᠭᠤᠯᠤᠯᠲᠠ ᠶ᠋ᠢ ᠳᠡᠭᠡᠭ᠌ᠰᠢᠯᠡᠭᠦᠯᠬᠦ᠌ ᠥᠭᠡᠷᠡᠴᠢᠯᠡᠯᠲᠡ ᠵᠢᠨ ᠲᠥᠷᠥᠯ ᠵᠦᠢᠯ᠎ᠦᠨ 1059 ᠰᠠᠭᠤᠷᠢ ᠲᠣᠷᠤᠭ ᠪᠤᠳᠠ ᠮᠣᠳᠣ ᠶ᠋ᠢ ᠱᠢᠯᠵᠢᠭᠦᠯᠦᠨ ᠵᠠᠢᠯᠠᠵᠦ᠂ ᠠᠮᠢ ᠠᠬᠤᠢ ᠵᠢᠨ ᠵᠠᠮ ᠤ᠋ᠨ ᠡᠷᠭᠢᠨ ᠲᠣᠭᠣᠷᠢᠨ᠎ᠳᠤ 1150 ᠰᠠᠭᠤᠷᠢ ᠤᠯᠢᠶᠠᠰᠤ ᠶ᠋ᠢ ᠨᠥᠬᠥᠨ ᠲᠠᠷᠢᠵᠤ᠂ 153 ᠰᠠᠭᠤᠷᠢ ᠬᠡᠭᠡᠷ᠎ᠡ ᠵᠢᠨ ᠭᠦᠢᠯᠡᠰᠦ ᠶ᠋ᠢ ᠱᠢᠯᠵᠢᠭᠦᠯᠦᠨ ᠵᠠᠢᠯᠠᠪᠠ; ᠳᠠᠯᠠᠨ ᠬᠠᠷ᠎ᠠ ᠠᠭᠤᠯᠠ ᠵᠢᠨ ᠡᠮᠦᠨ᠎ᠡ ᠬᠤᠷᠮᠤᠢ ᠵᠢᠨ 9.75 ᠲᠦᠮᠡᠨ ᠮᠥ᠍ ᠠᠷᠠᠴᠢᠯᠠᠨ ᠬᠠᠮᠠᠭᠠᠯᠠᠬᠤ ᠣᠷᠣᠨ ᠪᠦᠰᠡ᠎ᠳᠦ ᠨᠥᠬᠥᠵᠦ᠍ ᠳᠠᠷᠢᠬᠤ᠂ ᠵᠠᠰᠠᠵᠤ ᠬᠠᠢᠴᠢᠯᠠᠬᠤ᠂ ᠴᠡᠪᠡᠷᠯᠡᠬᠦ᠌᠂ ᠤᠰᠤᠯᠠᠬᠤ ᠵᠢᠴᠢ ᠲᠦᠢᠮᠡᠷ ᠰᠡᠷᠭᠡᠢᠯᠡᠨ ᠡᠵᠡᠮᠳᠡᠬᠦ᠌ ᠠᠵᠢᠯ ᠢ᠋ ᠦᠷᠨᠢᠬᠦᠯᠵᠦ ᠪᠤᠢ᠃

2026 ᠣᠨ ᠤ᠋ ᠣᠶ ᠱᠢᠭᠤᠶ ᠪᠠ ᠨᠤᠲᠤᠭ ᠪᠡᠯᠴᠢᠭᠡᠷ᠎ᠦᠨ ᠬᠦᠷᠢᠶᠡᠨ᠎ᠳᠡᠬᠢ 35 ᠲᠥᠷᠥᠯ ᠵᠦᠶ᠋ᠯ ᠢ᠋ ᠪᠥᠬᠥ᠌ ᠬᠦᠴᠦᠨ ᠵᠢᠡᠷ ᠵᠢᠡᠨ ᠠᠬᠢᠭᠤᠯᠬᠤ ᠵᠢᠨ ᠬᠠᠮᠲᠤ᠂ ᠬᠦᠬᠡᠬᠤᠲᠠ ᠵᠢᠨ ᠣᠶ ᠱᠢᠭᠤᠶ ᠪᠠ ᠨᠤᠲᠤᠭ ᠪᠡᠯᠴᠢᠭᠡᠷ᠎ᠦᠨ ᠲᠣᠪᠴᠢᠶ᠎ᠠ ᠰᠠᠨᠠᠭᠠᠴᠢᠯᠠᠭ᠎ᠠ᠎ᠡᠴᠡ᠎ᠪᠠᠨ ᠤᠯᠤᠰ ᠤ᠋ᠨ ᠶᠠᠮᠤᠨ ᠵᠥᠪᠯᠡᠯ᠎ᠲᠡᠶ ᠵᠣᠯᠭᠠᠵᠤ᠂ 《ᠠᠷᠪᠠᠨ ᠲᠠᠪᠤᠳᠤᠭᠠᠷ ᠲᠠᠪᠤᠨ ᠵᠢᠯ》 ᠤ᠋ᠨ ᠭᠤᠤᠯᠳᠠᠯᠭ᠎ᠠ᠎ᠲᠠᠶ ᠲᠥᠷᠥᠯ ᠵᠦᠶ᠋ᠯ ᠢ᠋ ᠢᠳᠡᠪᠬᠢᠲᠡᠶ ᠴᠢᠷᠮᠠᠢᠨ ᠤᠯᠪᠠ᠃ ᠣᠳᠣᠬᠠᠨ᠎ᠳᠤ ᠨᠢᠭᠡᠨᠲᠡ 9 ᠭᠤᠤᠯᠳᠠᠯᠭ᠎ᠠ᠎ᠲᠠᠶ ᠲᠥᠷᠥᠯ ᠵᠦᠶ᠋ᠯ ᠢ᠋ ᠵᠠᠯᠭᠠᠭ᠎ᠠ ᠪᠡᠷ ᠴᠢᠷᠮᠠᠢᠨ ᠤᠯᠵᠤ᠂ 2027 ᠣᠨ᠎ᠳᠤ ᠳᠠᠯᠠᠨ ᠬᠠᠷ᠎ᠠ ᠠᠭᠤᠯᠠ ᠵᠢᠨ ᠣᠶ ᠱᠢᠭᠤᠶ ᠪᠠ ᠨᠤᠲᠤᠭ ᠪᠡᠯᠴᠢᠭᠡᠷ᠎ᠦᠨ ᠲᠦᠶ᠋ᠮᠡᠷ᠎ᠦᠨ ᠠᠶᠤᠯ ᠶᠡᠬᠡᠲᠡᠶ ᠣᠷᠣᠨ ᠢ᠋ ᠶᠡᠷᠦᠩᠬᠡᠢᠯᠡᠨ ᠵᠠᠰᠠᠬᠤ ᠵᠡᠷᠭᠡ 4 ᠲᠥᠷᠥᠯ ᠵᠦᠶ᠋ᠯ᠎ᠦᠨ ᠪᠠᠯᠠ ᠮᠥᠩᠭᠥ ᠵᠢᠨ ᠳᠡᠮᠵᠢᠯᠭᠡ ᠶ᠋ᠢ ᠤᠯᠬᠤ ᠪᠡᠷ ᠲᠥᠯᠥᠪᠯᠡᠨ᠂ ᠶᠡᠷᠦᠩᠬᠡᠶ ᠪᠠᠯᠠ ᠣᠷᠣᠭᠤᠯᠤᠯᠲᠠ᠎ᠨᠢ 2.03 ᠳ᠋ᠦᠩᠱᠢᠭᠤᠷ ᠲᠥᠭᠥᠷᠢᠭ ᠲᠤ᠌ ᠬᠦᠷᠴᠦ᠍᠂ ᠬᠣᠯᠪᠣᠭ᠍ᠳᠠᠯ ᠪᠥᠬᠥᠶ ᠠᠵᠢᠯ ᠢ᠋ ᠡᠮᠬᠢ ᠵᠢᠷᠤᠮ ᠲᠠᠢ ᠠᠬᠢᠭᠤᠯᠵᠤ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号