2026 ᠤᠨ ᠤ᠋ ᠤᠯᠤᠰ ᠤ᠋ᠨ ᠨᠢᠬᠡᠳᠦᠯᠳᠡᠢ ᠰᠢᠯᠭᠠᠯᠳᠠ ᠵᠢᠨ ᠬᠤᠭᠤᠴᠠᠭᠠᠨ ᠳ᠋ᠸ᠋᠂ ᠬᠦᠬᠡᠬᠤᠳᠠ ᠵᠢᠨ ᠬᠤᠳᠠ ᠵᠢᠨ ᠲᠤᠭᠤᠷᠢᠬ᠂ ᠡᠯ᠎ᠡ ᠬᠤᠰᠢᠭᠤ ᠰᠢᠶᠠᠨ ᠳ᠋ᠸ᠋ 9 ᠰᠢᠯᠭᠠᠯᠳᠠ ᠵᠢᠨ ᠲᠤᠭᠤᠷᠢᠬ᠂ 28 ᠰᠢᠯᠭᠠᠯᠳᠠ ᠵᠢᠨ ᠴᠡᠭ ᠭᠠᠷᠭᠠᠵᠤ᠂ ᠨᠡᠢᠳᠡ 23082 ᠰᠢᠯᠭᠠᠭᠤᠯᠤᠬᠴᠢ ᠤᠯᠤᠰ ᠤ᠋ᠨ ᠨᠢᠬᠡᠳᠦᠯᠳᠡᠢ ᠰᠢᠯᠭᠠᠯᠳᠠ ᠳ᠋ᠸ᠋ ᠤᠷᠤᠯᠴᠠᠵᠠᠢ᠃ ᠬᠦᠬᠡᠬᠤᠳᠠ ᠵᠢᠨ ᠲᠤᠳᠤᠭᠠᠳᠤ ᠵᠢ ᠬᠠᠮᠠᠭᠠᠯᠠᠬᠤ ᠲᠤᠪᠴᠢᠶ᠎ᠠ ᠵᠢᠨ ᠵᠠᠮ ᠬᠠᠷᠢᠯᠴᠠᠭᠠᠨ ᠤ᠋ ᠬᠠᠮᠢᠶᠠᠷᠤᠯᠳᠠ ᠵᠢᠨ ᠰᠠᠯᠪᠤᠷᠢ ᠠᠩᠬᠢ ᠬᠠᠷᠢᠶ᠎ᠠ ᠤᠷᠤᠨ ᠤ᠋ ᠵᠠᠮ ᠬᠠᠷᠢᠯᠴᠠᠭᠠᠨ ᠤ᠋ ᠪᠤᠳᠠᠳᠠᠢ ᠪᠠᠢᠳᠠᠯ ᠳ᠋ᠸ᠋ ᠰᠠᠭᠤᠷᠢᠯᠠᠨ᠂ ᠰᠡᠳᠬᠢᠯ ᠨᠢᠬᠡᠳᠦᠨ ᠬᠦᠴᠦᠨ ᠵᠢᠡᠨ ᠬᠠᠮᠳᠤᠳᠬᠠᠵᠤ᠂ ᠲᠤᠰᠢᠶᠠᠯ ᠬᠠᠷᠢᠭᠤᠴᠠᠯᠭ᠎ᠠ ᠪᠡᠨ ᠬᠦᠢᠴᠡᠳᠬᠡᠵᠦ᠂ ᠰᠢᠯᠭᠠᠭᠤᠯᠤᠬᠰᠠᠳ ᠤ᠋ᠨ ᠠᠩᠬᠠᠷᠤᠯ ᠵᠢᠡᠨ ᠲᠦᠪᠯᠡᠷᠡᠬᠦᠯᠦᠨ ᠰᠢᠯᠭᠠᠯᠳᠠ ᠬᠢᠬᠦ ᠳ᠋ᠸ᠋ ᠡᠮᠬᠢ ᠴᠡᠭᠴᠡᠳᠡᠢ᠂ ᠠᠮᠤᠷ ᠲᠦᠪᠰᠢᠨ᠂ ᠰᠠᠭᠠᠳ ᠦᠬᠡᠢ ᠨᠡᠪᠳᠡᠷᠡᠬᠦ᠂ ᠨᠠᠮ ᠳᠤᠬᠳᠠᠭᠤᠨ ᠵᠠᠮ ᠬᠠᠷᠢᠯᠴᠠᠭᠠᠨ ᠤ᠋ ᠤᠷᠴᠢᠨ ᠨᠦᠬᠦᠴᠡᠯ ᠢ ᠪᠤᠢ ᠪᠤᠯᠭᠠᠵᠠᠢ᠃
ᠬᠦᠬᠡᠬᠤᠳᠠ ᠵᠢᠨ ᠵᠠᠮ ᠬᠠᠷᠢᠯᠴᠠᠭᠠᠨ ᠤ᠋ ᠬᠠᠮᠢᠶᠠᠷᠤᠯᠳᠠ ᠵᠢᠨ ᠰᠠᠯᠪᠤᠷᠢ ᠠᠩᠬᠢ ᠵᠢᠨ ᠬᠢᠨ ᠰᠢᠯᠭᠠᠯᠳᠠ ᠡᠴᠡ ᠡᠮᠦᠨᠡᠬᠢ ᠪᠠ ᠰᠢᠯᠭᠠᠯᠳᠠ ᠵᠢᠨ ᠬᠤᠭᠤᠴᠠᠭᠠᠨᠳᠦ᠂ ᠨᠠᠷᠢᠯᠢᠭ ᠰᠤᠳᠤᠯᠤᠨ ᠪᠠᠢᠷᠢᠯᠠᠭᠤᠯᠵᠦ᠂ ᠬᠢᠨᠠᠯᠳᠠ ᠲᠠᠯᠪᠢᠵᠤ ᠪᠠᠢᠴᠠᠭᠠᠬᠤ ᠵᠢ ᠴᠢᠩᠭᠠᠳᠬᠠᠵᠠᠢ᠃ ᠰᠢᠯᠭᠠᠯᠳᠠ ᠵᠢᠨ ᠬᠤᠭᠤᠴᠠᠭᠠᠨ ᠳ᠋ᠸ᠋᠂ ᠡᠳᠦᠷ ᠪᠤᠯᠭᠠᠨ ᠬᠦᠬᠡᠬᠤᠳᠠ ᠵᠢᠨ 28 ᠰᠢᠯᠭᠠᠯᠳᠠ ᠵᠢᠨ ᠴᠡᠭ ᠲᠦ᠍ 416 ᠴᠠᠬᠳᠠᠭ᠎ᠠ ᠲᠤᠬᠢᠷᠠᠭᠤᠯᠤᠨ᠂100 ᠭᠠᠷᠤᠢ ᠤᠳᠠᠭ᠎ᠠ ᠵᠢᠨ ᠴᠠᠬᠳᠠᠭᠠᠨ ᠤ᠋ ᠮᠠᠰᠢᠨ ᠲᠡᠷᠬᠡ ᠬᠦᠳᠡᠯᠭᠡᠵᠦ᠂ ᠰᠢᠨᠵᠢᠯᠡᠬᠦ ᠤᠬᠠᠭᠠᠨᠴᠢ ᠪᠡᠷ ᠵᠢᠯᠤᠭᠤᠳᠤᠨ ᠲᠤᠬᠢᠷᠠᠭᠤᠯᠵᠤ᠂ ᠪᠦᠬᠦ ᠬᠦᠴᠦᠨ ᠵᠢᠡᠷ ᠲᠦᠭᠵᠢᠷᠡᠯ ᠢ ᠰᠢᠯᠤᠭᠤᠳᠬᠠᠨ ᠰᠠᠭᠠᠳ ᠦᠬᠡᠢ ᠨᠡᠪᠳᠡᠷᠡᠬᠦ ᠵᠢ ᠪᠠᠳᠤᠯᠠᠵᠠᠢ; ᠰᠤᠯᠪᠢᠴᠠᠭᠤᠯᠤᠨ ᠬᠠᠤᠯᠢ ᠬᠡᠷᠡᠭᠵᠢᠬᠦᠯᠬᠦ ᠠᠵᠢᠯᠯᠠᠭ᠎ᠠ ᠵᠢ ᠨᠡᠢᠳᠡ 11 ᠤᠳᠠᠭ᠎ᠠ ᠦᠷᠨᠢᠬᠦᠯᠵᠦ᠂ 3 ᠤᠳᠠᠭ᠎ᠠ ᠵᠢᠨ ᠤᠷᠤᠢ ᠪᠡᠷ ᠪᠠᠢᠴᠠᠭᠠᠬᠤ ᠠᠵᠢᠯᠯᠠᠭ᠎ᠠ ᠶᠠᠪᠤᠬᠳᠠᠭᠤᠯᠵᠤ᠂ 6187 ᠤᠳᠠᠭ᠎ᠠ ᠵᠢᠨ ᠮᠠᠰᠢᠨ ᠲᠡᠷᠬᠡ ᠵᠢ ᠲᠤᠷ᠎ᠠ ᠪᠡᠷ ᠵᠢᠡᠨ ᠵᠤᠬᠰᠤᠭᠠᠵᠤ ᠲᠤᠷ᠎ᠠ ᠪᠡᠷ ᠲᠠᠯᠪᠢᠬᠰᠠᠨ ᠠᠵᠢᠯᠯᠠᠭ᠎ᠠ᠂ 11 ᠤᠳᠠᠭ᠎ᠠ ᠵᠢᠨ ᠮᠠᠰᠢᠨ ᠲᠡᠷᠬᠡ ᠲᠠᠪᠬᠢᠭᠤᠯᠤᠨ ᠶᠡᠬᠡ ᠲᠠᠭᠤ ᠪᠡᠷ ᠬᠦᠩᠬᠢᠨᠡᠬᠦᠯᠦᠭᠰᠡᠨ ᠠᠵᠢᠯᠯᠠᠭ᠎ᠠ᠂ 4 ᠤᠳᠠᠭ᠎ᠠ ᠵᠢᠨ ᠠᠷᠢᠬᠢ ᠤᠤᠭᠤᠭᠠᠳ ᠮᠠᠰᠢᠨ ᠲᠡᠷᠬᠡ ᠵᠢᠯᠤᠭᠤᠳᠤᠬᠰᠠᠨ ᠠᠵᠢᠯᠯᠠᠭ᠎ᠠ ᠵᠢ ᠪᠠᠢᠴᠠᠭᠠᠨ ᠰᠢᠢᠳᠪᠦᠷᠢᠯᠡᠵᠡᠢ; ᠤᠬᠠᠭᠤᠯᠭ᠎ᠠ ᠬᠦᠳᠦᠯᠦᠨ ᠵᠢᠯᠤᠭᠤᠳᠤᠯᠭ᠎ᠠ ᠵᠢ ᠴᠢᠩᠭᠠᠳᠬᠠᠵᠦ᠂ ᠨᠡᠢᠬᠡᠮ ᠨᠡᠢᠳᠡ ᠳ᠋ᠸ᠋ 10 ᠵᠦᠢᠯ ᠤ᠋ᠨ ᠤᠯᠤᠰ ᠤ᠋ᠨ ᠨᠢᠬᠡᠳᠦᠯᠳᠡᠢ ᠰᠢᠯᠭᠠᠯᠳᠠ ᠳ᠋ᠸ᠋ ᠦᠢᠯᠡᠴᠢᠯᠡᠬᠦ ᠠᠷᠭ᠎ᠠ ᠬᠡᠮᠵᠢᠶ᠎ᠡ ᠵᠢ ᠤᠷᠢᠳᠴᠢᠯᠠᠨ ᠨᠡᠢᠳᠡᠯᠡᠵᠦ᠂ ᠬᠦᠬᠡᠬᠤᠳᠠ ᠵᠢᠨ ᠴᠠᠬᠳᠠᠭ᠎ᠠ ᠵᠢᠨ ᠠᠷᠠᠳ ᠲᠦᠮᠡᠨ ᠳ᠋ᠸ᠋ ᠦᠢᠯᠡᠴᠢᠯᠡᠬᠦ ᠤᠤᠷ ᠴᠢᠨᠠᠷ ᠪᠠ ᠲᠤᠰᠢᠶᠠᠯ ᠬᠠᠷᠢᠭᠤᠴᠠᠯᠭ᠎ᠠ ᠵᠢ ᠢᠯᠡᠷᠡᠬᠦᠯᠪᠡ; ᠰᠢᠯᠭᠠᠯᠳᠠ ᠵᠢᠨ ᠬᠤᠭᠤᠴᠠᠭᠠᠨ ᠳ᠋ᠸ᠋᠂ ᠨᠡᠢᠳᠡ 5000 ᠭᠠᠷᠤᠢ ᠬᠦᠮᠦᠨ ᠤᠳᠠᠭ᠎ᠠ ᠵᠢᠨ ᠴᠠᠬᠳᠠᠭ᠎ᠠ᠂ 310 ᠮᠠᠰᠢᠨ ᠲᠡᠷᠬᠡ ᠤᠳᠠᠭ᠎ᠠ ᠵᠢᠨ ᠴᠠᠬᠳᠠᠭᠠᠨ ᠤ᠋ ᠮᠠᠰᠢᠨ ᠲᠡᠷᠬᠡ ᠲᠤᠬᠢᠷᠠᠭᠤᠯᠤᠨ᠂ ᠰᠢᠯᠭᠠᠯᠳᠠ ᠵᠢ ᠬᠠᠮᠠᠭᠠᠯᠠᠬᠤ 50 ᠦᠢᠯᠡᠴᠢᠯᠡᠬᠡᠨ ᠤ᠋ ᠴᠡᠭ ᠭᠠᠷᠭᠠᠵᠤ᠂ ᠰᠢᠯᠭᠠᠭᠤᠯᠤᠬᠴᠢ ᠳ᠋ᠸ᠋ 58 ᠤᠳᠠᠭ᠎ᠠ ᠵᠢᠨ ᠦᠢᠯᠡᠴᠢᠯᠡᠬᠡ ᠬᠠᠩᠭᠠᠵᠠᠢ᠃
2008-2025 © ᠳᠤᠮᠳᠠᠳᠤ ᠤᠯᠤᠰᠤᠨ ᠮᠤᠩᠭᠤᠯ ᠬᠡᠯᠡᠨᠤ ᠰᠤᠨᠢᠨ ᠮᠡᠳᠡᠭᠡᠨᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号