6 ᠰᠠᠷ᠎ᠠ᠎ᠶᠢᠨ 14 ᠤ᠋ ᠡᠳᠦᠷ᠂ ᠥᠪᠥᠷ ᠮᠣᠩᠭᠣᠯ᠎ᠤᠨ ᠠᠵᠤ ᠦᠢᠯᠡᠳᠪᠦᠷᠢ᠎ᠶᠢᠨ ᠶᠡᠬᠡ ᠰᠤᠷᠭᠠᠭᠤᠯᠢ᠎ᠶᠢᠨ ᠠᠩᠬᠠᠳᠤᠭᠠᠷ ᠬᠤᠭᠤᠴᠠᠭᠠᠨ ᠤ᠋ ᠴᠡᠷᠢᠭ᠎ᠦᠨ ᠶᠠᠪᠤᠳᠠᠯ᠎ᠤᠨ ᠭᠣᠣᠯ ᠰᠡᠳᠦᠪᠲᠦ ᠤᠷ᠎ᠠ ᠴᠢᠳᠠᠪᠤᠷᠢ᠎ᠶᠢᠨ ᠤᠷᠤᠯᠳᠤᠭᠠᠨ ᠬᠦᠬᠡᠬᠤᠳᠠ ᠵᠢᠨ ᠵᠢᠨᠴᠤᠸᠠᠨ ᠲᠣᠭᠣᠷᠢᠭ᠋᠎ᠲᠤ ᠶᠠᠪᠤᠬᠳᠠᠪᠠ᠃
ᠲᠤᠰ ᠤᠳᠠᠭᠠᠨ᠎ᠤ ᠤᠷᠤᠯᠳᠤᠭᠠᠨ ᠪᠣᠯ ᠥᠪᠥᠷ ᠮᠣᠩᠭᠣᠯ᠎ᠤᠨ ᠠᠩᠬᠠᠳᠠᠭ᠍ᠴᠢ ᠴᠡᠷᠢᠭ᠎ᠦᠨ ᠶᠠᠪᠤᠳᠠᠯ᠎ᠤᠨ ᠤᠷ᠎ᠠ ᠴᠢᠳᠠᠪᠤᠷᠢ᠎ᠪᠠᠷ ᠭᠣᠣᠯ ᠰᠡᠳᠦᠪ ᠪᠣᠯᠭᠠᠭᠰᠠᠨ ᠰᠤᠷᠭᠠᠭᠤᠯᠢ᠎ᠶᠢᠨ ᠬᠦᠷᠢᠶᠡᠨ᠎ᠦ ᠤᠷᠤᠯᠳᠤᠭᠠᠨ ᠪᠠᠢᠵᠤ᠂ ᠰᠤᠷᠭᠠᠭᠤᠯᠢ᠎ᠶᠢᠨ ᠬᠦᠷᠢᠶᠡᠨ᠎ᠦ ᠤᠯᠤᠰ᠎ᠤᠨ ᠪᠠᠲᠤᠯᠠᠨ ᠬᠠᠮᠠᠭᠠᠯᠠᠯᠲᠠ᠎ᠶᠢᠨ ᠬᠥᠮᠦᠵᠢᠯ᠎ᠳᠦ ᠠᠮᠢᠵᠢᠷᠠᠯ ᠤ᠋ᠨ ᠬᠦᠴᠦᠨ ᠨᠡᠮᠡᠷᠢᠯᠡᠪᠡ᠃ ᠤᠷᠤᠯᠳᠤᠭᠠᠨ ᠨᠢ ᠤᠯᠤᠰ᠎ᠤᠨ ᠪᠠᠲᠤᠯᠠᠨ ᠬᠠᠮᠠᠭᠠᠯᠠᠯᠲᠠ᠎ᠶᠢᠨ ᠬᠡᠪ ᠪᠣᠯᠪᠠᠰᠤᠷᠠᠯ᠎ᠤᠨ ᠬᠥᠮᠦᠵᠢᠯ᠎ᠳᠦ ᠠᠩᠬᠠᠷᠤᠯ᠎ᠢᠶᠠᠨ ᠲᠥᠪᠯᠡᠷᠡᠭᠦᠯᠵᠦ᠂ ᠪᠥᠬᠥ ᠰᠤᠷᠭᠠᠭᠤᠯᠢ᠎ᠶᠢᠨ 23 ᠠᠡᠭᠭᠢ ᠤᠷᠤᠯᠳᠤᠭᠠᠨ ᠳ᠋ᠤ ᠤᠷᠤᠯᠴᠠᠵᠤ᠂ ᠡᠯ᠎ᠡ ᠠᠡᠭᠭᠢ᠎ᠶᠢ ᠴᠥᠮ ᠴᠡᠷᠢᠭ ᠤ᠋ᠨ ᠠᠯᠪᠠ᠎ᠡᠴᠡ ᠬᠠᠯᠠᠭᠳᠠᠭᠰᠠᠨ ᠰᠣᠷᠣᠭ᠍ᠴᠢ ᠳᠠᠭᠠᠭᠤᠯᠪᠠ᠃ ᠤᠷᠤᠯᠳᠤᠭᠠᠨ᠎ᠳᠤ ᠰᠤᠮᠤ ᠳᠠᠷᠢ ᠵᠥᠭᠡᠭᠡᠪᠦᠷᠢᠯᠡᠬᠦ᠂ ᠬᠥᠩᠭᠡᠨ ᠵᠡᠪᠰᠡᠭ᠎ᠢᠶᠡᠷ ᠬᠠᠷᠪᠤᠬᠤ᠂ ᠲᠣᠯᠣᠭᠠᠢ ᠪᠣᠭᠣᠬᠤ᠂ ᠲᠤᠬᠳᠠᠬᠰᠠᠨ ᠴᠢᠭᠯᠡᠯ ᠵᠢᠡᠷ ᠬᠡᠭᠡᠷᠡᠯᠡᠬᠦ ᠳᠥᠷᠪᠡᠨ ᠶᠡᠬᠡ ᠬᠢᠴᠢᠶᠡᠯ ᠲᠥᠷᠥᠯ᠎ᠢ ᠲᠣᠬᠢᠷᠠᠭᠤᠯᠵᠤ᠂ ᠪᠡᠶ᠎ᠡ᠎ᠶᠢᠨ ᠴᠢᠳᠠᠪᠤᠷᠢ᠎ᠶᠢᠨ ᠮᠥᠷᠥᠢᠴᠡᠭᠡᠨ᠂ ᠤᠷ᠎ᠠ ᠴᠢᠳᠠᠪᠤᠷᠢ᠎ᠶᠢᠨ ᠪᠣᠳᠠᠲᠤ ᠠᠵᠢᠯᠯᠠᠭ᠎ᠠ ᠪᠠ ᠪᠦᠯᠬᠦᠮ᠎ᠦᠨ ᠪᠠᠢᠯᠳᠤᠬᠤ ᠠᠷᠭ᠎ᠠ᠎ᠶᠢᠨ ᠬᠠᠮᠵᠢᠯᠴᠠᠭ᠎ᠠ᠎ᠶᠢ ᠬᠠᠮᠲᠤ ᠳ᠋ᠤᠨᠢ ᠬᠠᠷᠠᠭᠠᠯᠵᠠᠵᠤ᠂ ᠰᠤᠷᠤᠭ᠍ᠴᠢᠳ᠎ᠤᠨ ᠤᠯᠤᠰ᠎ᠤᠨ ᠪᠠᠲᠤᠯᠠᠨ ᠬᠠᠮᠠᠭᠠᠯᠠᠯᠲᠠ᠎ᠶᠢᠨ ᠶᠡᠷᠦᠩᠬᠡᠢᠯᠡᠭᠰᠡᠨ ᠬᠡᠪ ᠪᠣᠯᠪᠠᠰᠤᠷᠠᠯ᠎ᠢ ᠪᠥᠬᠥ ᠲᠠᠯ᠎ᠠ᠎ᠪᠠᠷ ᠰᠢᠯᠭᠠᠵᠠᠢ᠃
ᠤᠷᠤᠯᠳᠤᠭᠠᠨ᠎ᠤ ᠲᠠᠯᠠᠪᠤᠷ᠎ᠲᠤ᠂ ᠴᠡᠷᠢᠭ᠎ᠦᠨ ᠠᠯᠪᠠ᠎ᠡᠴᠡ ᠬᠠᠯᠠᠬᠳᠠᠬᠰᠠᠨ ᠣᠶᠤᠲᠠᠳ ᠬᠡᠪ ᠳᠠᠭᠤᠷᠢᠶᠠᠯ ᠪᠣᠯᠵᠤ᠂ ᠰᠢᠯᠢᠳᠡᠭ ᠰᠠᠢᠨ ᠬᠡᠪ ᠰᠤᠷᠲᠠᠯ ᠵᠢᠡᠷ ᠠᠡᠭᠭᠢ ᠵᠢᠨ ᠭᠡᠰᠢᠭᠦᠳ᠎ᠢᠶᠡᠨ ᠳᠠᠭᠠᠭᠤᠯᠤᠨ ᠴᠢᠷᠮᠠᠢᠨ ᠲᠡᠮᠡᠴᠡᠵᠦ᠂ ᠰᠡᠳᠬᠢᠯ ᠨᠢᠭᠡᠳᠦᠨ ᠬᠠᠮᠵᠢᠯᠴᠠᠵᠤ᠂ 《ᠴᠡᠷᠢᠭ᠎ᠦᠨ ᠠᠯᠪᠠ᠎ᠡᠴᠡ ᠬᠠᠯᠠᠬᠳᠠᠬᠰᠠᠨ ᠴᠤ᠌ ᠤᠭ ᠰᠠᠨᠠᠭ᠎ᠠ ᠬᠤᠪᠢᠷᠠᠬᠤ ᠦᠭᠡᠢ᠂ ᠴᠡᠷᠢᠭ᠎ᠦᠨ ᠠᠯᠪᠠ᠎ᠡᠴᠡ ᠬᠠᠯᠠᠬᠳᠠᠬᠰᠠᠨ ᠴᠤ᠌ ᠵᠣᠷᠢᠭ᠋ ᠮᠣᠬᠣᠬᠤ ᠦᠭᠡᠢ 》 ᠴᠡᠷᠢᠭ ᠬᠥᠮᠥᠨ᠎ᠦ ᠤᠤᠷ ᠴᠢᠨᠠᠷ ᠪᠠ ᠬᠠᠷᠢᠭᠤᠴᠠᠯᠭ᠎ᠠ ᠡᠭᠦᠷᠭᠡᠯᠡᠯ ᠢ᠋ ᠬᠦᠢᠴᠡᠳ ᠢᠯᠡᠷᠡᠭᠦᠯᠪᠡ᠃
ᠤᠢᠷ᠎ᠠ ᠵᠢᠨ ᠵᠢᠯ᠎ᠤᠨ ᠲᠤᠷᠰᠢ᠂ ᠥᠪᠥᠷ ᠮᠣᠩᠭᠣᠯ᠎ᠤᠨ ᠠᠵᠤ ᠦᠢᠯᠡᠳᠪᠦᠷᠢ᠎ᠶᠢᠨ ᠶᠡᠬᠡ ᠰᠤᠷᠭᠠᠭᠤᠯᠢ ᠤᠯᠤᠰ᠎ᠤᠨ ᠪᠠᠲᠤᠯᠠᠨ ᠬᠠᠮᠠᠭᠠᠯᠠᠯᠲᠠ᠎ᠶᠢᠨ ᠬᠥᠮᠦᠵᠢᠯ᠎ᠦᠨ ᠪᠠᠢᠭᠤᠯᠤᠯᠲᠠ᠎ᠶᠢ ᠬᠦᠨᠵᠡᠭᠡᠢ ᠠᠬᠢᠭᠤᠯᠵᠤ᠂ ᠬᠥᠮᠥᠨ ᠢ ᠬᠥᠮᠥᠵᠢᠭᠦᠯᠬᠦ ᠲᠤᠰᠬᠠᠢ ᠵᠢᠭ᠍ᠰᠠᠭᠠᠯ᠎ᠤᠨ ᠭᠠᠵᠠᠷ᠎ᠢ ᠪᠠᠢᠭᠤᠯᠪᠠ᠃ ᠲᠣᠰ ᠤᠳᠠᠭᠠᠨ ᠤ ᠤᠷᠤᠯᠳᠤᠭᠠᠨ ᠨᠢ ᠤᠷᠤᠯᠳᠤᠭᠠᠨ᠎ᠢᠶᠠᠷ ᠰᠤᠷᠤᠯᠴᠠᠯᠭ᠎ᠠ ᠵᠢ ᠠᠬᠢᠭᠤᠯᠵᠤ᠂ ᠤᠷᠤᠯᠳᠤᠭᠠᠨ᠎ᠢᠶᠠᠷ ᠬᠥᠮᠥᠨ᠎ᠢ ᠬᠥᠮᠥᠵᠢᠭᠦᠯᠵᠦ᠂ ᠴᠡᠷᠢᠭ᠎ᠦᠨ ᠠᠯᠪᠠ᠎ᠡᠴᠡ ᠬᠠᠯᠠᠭᠳᠠᠭᠰᠠᠨ ᠰᠤᠷᠤᠭ᠍ᠴᠢᠳ ᠤᠨ ᠶᠡᠷᠦᠩᠬᠡᠢᠯᠡᠭᠰᠡᠨ ᠴᠢᠳᠠᠪᠤᠷᠢ ᠶᠢ ᠦᠨᠡᠨ ᠬᠦ᠌ ᠳᠡᠭᠡᠭᠰᠢᠯᠡᠭᠦᠯᠵᠦ᠂ ᠰᠤᠷᠭᠠᠭᠤᠯᠢ ᠳᠤ ᠪᠠᠢᠭ᠎ᠠ ᠰᠤᠷᠤᠭ᠍ᠴᠢᠳ᠎ᠲᠤ ᠴᠡᠷᠢᠭ ᠢ ᠬᠦᠴᠦᠷᠬᠡᠭᠵᠢᠭᠦᠯᠬᠦ ᠵᠣᠷᠢᠭ᠋ ᠰᠠᠨᠠᠭ᠎ᠠ᠎ᠶᠢ ᠣᠢᠯᠠᠭᠠᠭᠤᠯᠵᠤ᠂ ᠤᠯᠤᠰ ᠵᠢᠡᠨ ᠬᠠᠢᠷᠠᠯᠠᠬᠤ ᠰᠡᠳᠬᠢᠯᠭᠡ᠎ᠶᠢ ᠵᠤᠵᠠᠭᠠᠳᠬᠠᠵᠤ᠂ ᠰᠤᠷᠭᠠᠭᠤᠯᠢ᠎ᠶᠢᠨ ᠤᠯᠤᠰ᠎ᠤᠨ ᠪᠠᠲᠤᠯᠠᠨ ᠬᠠᠮᠠᠭᠠᠯᠠᠯᠲᠠ᠎ᠶᠢᠨ ᠬᠥᠮᠦᠵᠢᠯ᠎ᠢ ᠪᠠᠢᠩᠭᠤᠵᠢᠭᠰᠠᠨ᠂ ᠪᠣᠳᠠᠲᠤ ᠦᠷ᠎ᠡ ᠪᠦᠲᠦᠮᠵᠢᠲᠡᠶ ᠥᠷᠨᠢᠭᠦᠯᠬᠦ᠎ᠶᠢ ᠠᠬᠢᠭᠤᠯᠪᠠ᠃