ᠤᠢᠷ᠎ᠠ᠎ᠳᠦ᠂ ᠠᠯᠠᠱᠠ ᠪᠠᠷᠠᠭᠤᠨ ᠬᠤᠰᠢᠭᠤᠨ᠎ᠤ ᠱᠸᠨ
ᠳᠦᠸᠸ ᠰᠦ ᠵᠢᠨ ᠦᠢᠯᠡᠰ᠎ᠤᠨ ᠰᠢᠨᠵᠢᠯᠡᠭᠡ ᠮᠡᠷᠭᠡᠵᠢᠯ᠎ᠤᠨ ᠭᠢᠵᠠᠭᠠᠷ᠎ᠳᠦ ᠺᠤᠮᠫᠠᠨᠢ ᠪᠡᠭᠡᠵᠢᠡᠭ ᠬᠤᠳᠠ ᠵᠢᠨ
ᠠᠡᠭᠬᠠᠳᠠᠭᠴᠢ ᠰᠦᠨ᠎ᠤ ᠨᠡᠷᠡᠳᠦ ᠳᠡᠮᠳᠡᠭᠳᠦ ᠵᠡᠭᠡᠯᠢ ᠪᠤᠯᠬᠤ ᠵᠡᠭᠦᠨ ᠬᠤᠳᠠ ᠳᠤᠭᠤᠷᠢᠭ᠎ᠤᠨ ᠭᠦᠢ ᠵᠢᠶᠸ
ᠵᠡᠭᠡᠯᠢ᠎ᠳᠦ ᠪᠠᠢᠭᠤᠯᠤᠭᠰᠠᠨ ᠠᠯᠠᠱᠠ ᠵᠢᠨ ᠢᠡᠭᠭᠡᠨ ᠰᠦ ᠵᠢᠨ ᠪᠦᠳᠦᠭᠡᠭᠳᠡᠭᠦᠨ᠎ᠤ ᠳᠡᠯᠭᠡᠭᠦᠷ
ᠡᠵᠡᠡᠭᠨᠡᠯᠳᠠ ᠪᠡᠨ ᠡᠭᠢᠯᠡᠭᠦᠯᠵᠤ᠂ 《ᠳᠤᠮᠳᠠᠳᠤ ᠤᠯᠤᠰ᠎ᠤᠨ ᠢᠡᠭᠭᠡᠨ ᠰᠦ ᠵᠢᠨ ᠨᠤᠳᠤᠭ》 ᠠᠯᠠᠱᠠ ᠵᠢᠨ ᠴᠤᠯ
ᠪᠠᠢᠭᠠᠯᠢᠯᠢᠭ ᠴᠢᠨᠠᠷ ᠰᠠᠢᠳᠠᠢ ᠢᠡᠭᠭᠡᠨ ᠰᠦᠨ᠎ᠤ ᠴᠠᠭᠠᠨ ᠢᠳᠡᠭᠡ ᠵᠢ ᠰᠦᠯᠵᠢᠶᠠᠨ ᠭᠠᠳᠠᠨᠠᠭᠢ ᠳᠤᠰᠬᠠᠢ
ᠡᠵᠡᠡᠭᠨᠡᠯᠳᠠ ᠵᠢᠨ ᠭᠡᠯᠪᠡᠷᠢ ᠪᠡᠷ ᠨᠡᠢᠰᠯᠡᠯ ᠪᠡᠭᠡᠵᠢᠡᠭ᠎ᠳᠦ ᠨᠤᠳᠤᠭᠰᠢᠭᠤᠯᠵᠠᠢ᠃
ᠳᠤᠰ ᠳᠡᠯᠭᠡᠭᠦᠷ᠎ᠲᠦ ᠡᠯ᠎ᠠ ᠨᠠᠰᠤᠨ᠎ᠤ
ᠭᠡᠷᠡᠭᠯᠡᠭᠴᠢᠳ᠎ᠲᠦ ᠵᠤᠷᠢᠭᠤᠯᠵᠤ ᠤᠯᠠᠨ ᠳᠦᠷᠦᠯ᠎ᠤᠨ ᠢᠡᠭᠭᠡᠨ ᠰᠦᠨ᠎ᠤ ᠳᠠᠯᠬ᠎ᠠ ᠪᠤᠯᠤᠨ ᠢᠡᠭᠭᠡᠨ ᠰᠦᠨ᠎ᠤ
ᠠᠭᠠᠷᠤᠤᠯ ᠵᠡᠷᠭᠡ ᠰᠤᠯᠠ ᠢᠳᠡᠭᠡᠨ᠎ᠢ ᠪᠤᠷᠤᠯᠠᠭᠤᠯᠵᠤ ᠪᠠᠢᠨ᠎ᠠ᠃ ᠭᠦᠢ ᠵᠢᠶᠸ ᠵᠡᠭᠡᠯᠢ ᠨᠢ ᠪᠡᠭᠡᠵᠢᠡᠭ
ᠬᠤᠳᠠ ᠵᠢᠨ ᠳᠦᠯᠦᠭᠡᠯᠡᠭᠴᠢ ᠴᠢᠨᠠᠷᠳᠠᠢ ᠬᠤᠳᠠᠯᠳᠤᠭᠠᠨ᠎ᠤ ᠳᠤᠭᠤᠷᠢᠭ ᠪᠤᠯᠤᠭᠰᠠᠨ᠎ᠤ ᠬᠤᠪᠢ᠎ᠳᠦ ᠢᠡᠭᠭᠡᠨ ᠰᠦ
ᠵᠢᠨ ᠪᠦᠳᠦᠭᠡᠭᠳᠡᠭᠦᠨ᠎ᠤ ᠳᠡᠯᠭᠡᠭᠦᠷ᠎ᠢ ᠡᠨᠳᠠ ᠪᠠᠢᠭᠤᠯᠤᠭᠰᠠᠨ ᠨᠢ ᠠᠯᠠᠱᠠ ᠵᠢᠨ ᠢᠡᠭᠭᠡᠨ ᠰᠦ ᠵᠢᠨ
ᠨᠡᠷᠡᠳᠦ ᠳᠠᠮᠳᠡᠭᠢ ᠤᠬᠠᠭᠤᠯᠤᠨ ᠳᠡᠯᠭᠡᠷᠡᠭᠦᠯᠭᠦ᠎ᠳᠦ ᠴᠢᠬᠤᠯᠠ ᠳᠠᠪᠴᠠᠡᠭ ᠬᠠᠡᠭᠭᠠᠭᠰᠠᠨ ᠪᠠᠢᠨ᠎ᠠ᠃
ᠪᠡᠭᠡᠵᠢᠡᠭ ᠬᠤᠳᠠ ᠵᠢᠨ ᠰᠠᠭᠤᠭᠠᠯᠢ ᠠᠷᠠᠳ ᠸᠡᠡᠭ ᠯᠸᠢ᠄ 《ᠭᠡᠷ᠎ᠤᠨ ᠵᠢᠠᠨ ᠬᠠᠵᠠᠭᠤ ᠪᠠᠢᠭ᠎ᠠ ᠳᠠᠯᠭᠡᠭᠦᠷ
ᠡᠴᠡ ᠠᠯᠠᠱᠠ ᠵᠢᠨ ᠴᠤᠯ ᠪᠠᠢᠭᠠᠯᠢᠯᠢᠭ ᠢᠡᠭᠭᠡᠨ ᠰᠦ ᠵᠢᠨ ᠪᠦᠳᠦᠭᠡᠭᠳᠡᠭᠦᠨ᠎ᠢ ᠰᠤᠡᠭᠭᠤᠨ ᠠᠪᠴᠦ ᠴᠢᠳᠠᠬᠤ
ᠪᠤᠯᠵᠠᠢ》 ᠭᠡᠪᠡ᠃

ᠠᠯᠠᠱᠠ ᠪᠠᠷᠠᠭᠤᠨ ᠬᠤᠰᠢᠭᠤᠨ᠎ᠤ ᠱᠸᠨ ᠳᠦᠸᠸ ᠰᠦ
ᠵᠢᠨ ᠦᠢᠯᠡᠰ᠎ᠤᠨ ᠰᠢᠨᠵᠢᠯᠡᠭᠡ ᠮᠡᠷᠭᠡᠵᠢᠯ᠎ᠤᠨ ᠭᠢᠵᠠᠭᠠᠷ᠎ᠳᠦ ᠺᠤᠮᠫᠠᠨᠢ ᠨᠢ ᠠᠯᠠᠱᠠ ᠠᠢᠮᠠᠭ᠎ᠤᠨ ᠰᠦᠨ᠎ᠤ
ᠦᠢᠯᠡᠰ᠎ᠤᠨ ᠳᠤᠯᠤᠭᠠᠢᠯᠠᠭᠴᠢ ᠠᠵᠤ ᠠᠬᠤᠢᠯᠠᠯ ᠪᠤᠯᠤᠭᠰᠠᠨ᠎ᠤ ᠬᠤᠪᠢ᠎ᠳᠦ᠂ ᠪᠡᠭᠡᠵᠢᠡᠭ᠎ᠳᠦ ᠳᠡᠯᠭᠡᠭᠦᠷ
ᠨᠡᠭᠡᠭᠡᠵᠤ ᠨᠤᠳᠤᠭᠰᠢᠭᠰᠠᠨ ᠨᠢ ᠠᠵᠤ ᠠᠬᠤᠢᠯᠠᠯ᠎ᠤᠨ ᠦᠪᠦᠷ ᠮᠤᠡᠭᠭᠤᠯ ᠡᠴᠡ ᠪᠡᠨ ᠭᠠᠷᠴᠦ ᠳᠤᠮᠤ ᠬᠤᠳᠠ᠎ᠳᠦ
ᠵᠠᠬ᠎ᠠ ᠳᠡᠯᠭᠡᠭᠦᠷ ᠦᠷᠭᠡᠳᠭᠡᠭᠰᠡᠨᠤ ᠵᠠᠡᠭᠭᠢᠯᠠᠭ᠎ᠠ ᠵᠢᠨ ᠶᠠᠪᠤᠴᠠ ᠪᠤᠯᠤᠨ᠎ᠠ᠃ ᠮᠦᠨᠴᠦ ᠮᠠᠯᠵᠢᠬᠤ
ᠳᠠᠷᠢᠶᠠᠯᠠᠬᠤ ᠤᠷᠤᠨ᠎ᠤ ᠴᠢᠨᠠᠷ ᠰᠠᠢᠳᠠᠢ ᠪᠦᠳᠦᠭᠡᠭᠳᠡᠭᠦᠨ᠎ᠢ ᠨᠡᠢᠰᠯᠡᠯ ᠪᠡᠭᠡᠵᠢᠡᠭ᠎ᠤᠨ ᠠᠷᠠᠳ ᠳᠦᠮᠠᠨᠤ
ᠬᠤᠭᠤᠯᠠᠨ ᠰᠢᠷᠡᠭᠡᠨ᠎ᠳᠦ ᠭᠦᠷᠭᠡᠵᠦ᠂ ᠭᠡᠷᠡᠭᠯᠡᠭᠴᠢᠳ᠎ᠲᠦ ᠠᠯᠠᠱᠠ ᠵᠢᠨ ᠢᠡᠭᠭᠡᠨ ᠰᠦ ᠵᠢᠨ
ᠪᠦᠳᠦᠭᠡᠭᠳᠡᠭᠦᠨ᠎ᠢ ᠬᠤᠳᠠᠯᠳᠤᠨ ᠠᠪᠬᠤ᠎ᠳᠦ ᠮᠠᠰᠢ ᠰᠠᠢᠨ ᠨᠦᠭᠦᠴᠡᠯ ᠬᠠᠡᠭᠭᠠᠨ ᠦᠭᠴᠠᠢ᠃ ᠠᠯᠠᠱᠠ ᠪᠠᠷᠠᠭᠤᠨ
ᠬᠤᠰᠢᠭᠤᠨ᠎ᠤ ᠱᠸᠨ ᠳᠦᠸᠸ ᠰᠦ ᠵᠢᠨ ᠦᠢᠯᠡᠰ᠎ᠤᠨ ᠰᠢᠨᠵᠢᠯᠡᠭᠡ ᠮᠡᠷᠭᠡᠵᠢᠯ᠎ᠦᠨ ᠬᠢᠵᠠᠭᠠᠷᠳᠣ ᠺᠣᠮᠫᠠᠨᠢ᠎ᠶᠢᠨ ᠭᠦᠢᠴᠡᠳᠬᠡᠭᠴᠢ
ᠵᠠᠬᠢᠷᠣᠯ ᠸᠠᠩ ᠬᠠᠢ ᠳ᠋ᠦᠩ᠄ 《ᠮᠠᠨ᠎ᠤ ᠺᠣᠮᠫᠠᠨᠢ ᠦᠪᠡᠷ᠎ᠦᠨ ᠭᠡᠰᠡᠨ ᠲᠡᠮᠡᠭᠡ ᠲᠡᠵᠢᠭᠡᠨ ᠦᠷᠡᠵᠢᠭᠦᠯᠬᠦ᠌ ᠲᠠᠯᠠᠪᠠᠢ᠂
ᠢᠩᠭᠡ ᠰᠦ᠎ᠶᠢ ᠪᠣᠯᠪᠠᠰᠣᠷᠠᠭᠣᠯᠵᠦ᠍ ᠰᠢᠯᠭᠠᠬᠣ ᠪᠦᠬᠦ᠌ ᠶᠠᠪᠣᠴᠠ᠎ᠶᠢ ᠪᠡᠶᠡᠯᠡᠭᠦᠯᠵᠦ᠍᠂ ᠰᠦᠨ᠎ᠦ ᠴᠢᠨᠠᠷ᠎ᠢ ᠪᠠᠳᠣᠯᠠᠵᠦ᠍
ᠭᠡᠷᠡᠭᠯᠡᠭᠴᠢᠳᠲᠦ᠍ ᠬᠠᠷᠢᠭᠣᠴᠠᠵᠦ᠍ ᠴᠢᠳᠠᠨ᠎ᠠ᠂ ᠬᠣᠶ᠋ᠢᠰᠢᠳᠠ ᠭᠦᠢ ᠵᠢᠶᠸ ᠵᠡᠭᠡᠯᠢ᠎ᠶᠢᠨ ᠳᠡᠯᠭᠡᠭᠦᠷ᠎ᠢᠶᠡᠷ
ᠭᠣᠣᠯ ᠪᠣᠯᠭᠠᠨ᠂ ᠪᠡᠭᠡᠵᠢᠩ ᠬᠣᠲᠠ᠎ᠶᠢᠨ ᠡᠯ᠎ᠡ ᠬᠣᠲᠠ ᠲᠣᠭᠣᠷᠢᠭ᠂ ᠴᠢᠨᠠᠭᠰᠢᠯᠠᠨ ᠪᠡᠭᠡᠵᠢᠩ᠂ ᠲᠢᠶᠠᠨᠵᠢᠨ᠂ ᠡᠾᠸᠪᠸᠢ
ᠣᠷᠣᠨ᠎ᠤ ᠡᠯ᠎ᠡ ᠬᠣᠲᠠ᠎ᠪᠡᠷ ᠳᠡᠯᠭᠡᠭᠦᠷ ᠨᠡᠭᠡᠭᠡᠵᠦ᠍᠂ ᠰᠦᠯᠵᠢᠶᠠᠨ ᠭᠠᠳᠠᠨᠠᠬᠢ ᠳᠡᠯᠭᠡᠭᠦᠷ᠎ᠦᠨ ᠪᠣᠷᠣᠯᠠᠭᠣᠯᠭ᠎ᠠ᠎ᠪᠠᠨ
ᠦᠷᠭᠡᠳᠬᠡᠨ᠎ᠡ》 ᠭᠡᠪᠡ᠃

《ᠳᠤᠮᠳᠠᠳᠤ ᠤᠯᠤᠰ᠎ᠤᠨ ᠲᠡᠮᠡᠭᠡᠲᠦ᠍ ᠨᠣᠳᠣᠭ》᠂ 《ᠳᠤᠮᠳᠠᠳᠤ ᠤᠯᠤᠰ᠎ᠤᠨ ᠢᠩᠭᠡᠨ ᠰᠦ᠎ᠶᠢᠨ ᠨᠤᠲᠤᠭ》 ᠪᠣᠯᠤᠭᠰᠠᠨ᠎ᠤ ᠬᠤᠪᠢ᠎ᠳᠤ᠂ ᠠᠯᠠᠱᠠ ᠠᠶ᠋ᠢᠮᠠᠭ ᠨᠢ ᠥᠪᠡᠷᠮᠢᠴᠡ ᠭᠠᠵᠠᠷ ᠵᠦᠢ᠎ᠶᠢᠨ ᠪᠠᠶ᠋ᠢᠷᠢᠯᠠᠯ
ᠪᠠ ᠡᠪᠡᠰᠣ ᠪᠡᠯᠴᠢᠭᠡᠷ ᠲᠡᠬᠡᠨ ᠲᠦᠰᠢᠭᠯᠡᠨ᠂ ᠴᠢᠨᠠᠷ ᠰᠠᠶ᠋ᠢᠲᠠᠶ ᠰᠦᠨ᠎ᠦ ᠢᠷᠡᠯᠳᠡ᠎ᠶᠢ ᠪᠠᠳᠣᠯᠠᠵᠦ᠍ ᠪᠠᠶ᠋ᠢᠨ᠎ᠠ᠃
2025 ᠣᠨ᠎ᠤ ᠡᠴᠦᠰ ᠪᠣᠯᠲᠠᠯ᠎ᠠ᠂ ᠪᠥᠬᠦ᠌ ᠠᠶ᠋ᠢᠮᠠᠭ᠎ᠤᠨ ᠬᠤᠤᠰ ᠪᠥᠬᠦᠲᠦ᠍ ᠲᠡᠮᠡᠭᠡᠨ᠎ᠤ ᠲᠤᠭ᠎ᠠ 17.4 ᠲᠦᠮᠡ᠎ᠳᠤ
ᠬᠦᠷᠴᠦ᠍᠂ ᠰᠦ᠎ᠶᠢᠨ ᠢᠷᠡᠯᠲᠡ᠎ᠶᠢᠨ ᠰᠠᠭᠤᠷᠢᠨ 318 ᠪᠠᠶ᠋ᠢᠵᠤ᠂ ᠢᠩᠭᠡᠨ ᠰᠦ᠎ᠶᠢᠨ ᠭᠠᠷᠤᠯᠲᠠ 1.6 ᠲᠦᠮᠡᠨ ᠲᠣᠨ᠎ᠢ
ᠳᠠᠪᠠᠵᠤ᠂ ᠢᠩᠭᠡᠨ ᠰᠦ᠎ᠶᠢᠨ ᠠᠵᠤ ᠦᠢᠯᠡᠰ᠎ᠤᠨ ᠬᠥᠭᠵᠢᠯᠲᠡ᠎ᠳᠦ ᠴᠢᠨᠠᠷ ᠰᠠᠶ᠋ᠢᠲᠠᠢ᠎ᠶᠢᠨ ᠰᠦ᠎ᠶᠢᠨ ᠢᠷᠡᠯᠳᠡ᠎ᠶᠢᠨ
ᠪᠠᠳᠣᠯᠠᠭ᠎ᠠ ᠬᠠᠩᠭᠠᠵᠠᠢ᠃

ᠠᠯᠠᠱᠠ ᠠᠶ᠋ᠢᠮᠠᠭ᠎ᠤᠨ ᠲᠠᠷᠢᠶᠠᠯᠠᠩ ᠮᠠᠯ ᠠᠵᠤ ᠠᠬᠤᠶ᠎ᠶᠢᠨ
ᠲᠣᠪᠴᠢᠶ᠎ᠠ᠎ᠶᠢᠨ ᠵᠠᠬ᠎ᠠ ᠳᠡᠯᠭᠡᠭᠦᠷ᠎ᠤᠨ ᠰᠠᠯᠠᠭᠠᠨ᠎ᠤ ᠳᠠᠷᠤᠭ᠎ᠠ ᠴᠣᠯᠮᠣᠨ ᠬᠡᠯᠡᠬᠦ᠌᠎ᠳᠡᠭᠡᠨ᠄ 《ᠱᠧᠨ ᠲᠦᠸᠧ ᠰᠦ᠎ᠶᠢᠨ
ᠦᠢᠯᠡᠰ᠎ᠤᠨ ᠰᠢᠨᠵᠢᠯᠡᠭᠡ ᠮᠡᠷᠭᠡᠵᠢᠯ᠎ᠦᠨ ᠺᠣᠮᠫᠠᠨᠢ ᠪᠡᠭᠡᠵᠢᠩ ᠬᠣᠲᠠ᠎ᠳᠤ ᠠᠩᠬᠠᠳᠠᠭᠴᠢ ᠳᠡᠯᠭᠡᠭᠦᠷ᠎ᠢ ᠠᠮᠵᠢᠯᠲᠠ
ᠨᠡᠭᠡᠭᠡᠭᠡᠭᠰᠡᠨᠨᠢ ᠠᠯᠠᠱᠠ᠎ᠶᠢᠨ ᠢᠩᠭᠡᠨ ᠰᠦ᠎ᠶᠢᠨ ᠠᠵᠤ ᠦᠢᠯᠡᠰ᠎ᠤᠨ ᠨᠠᠷᠠᠲᠤ᠌ ᠲᠡᠮᠳᠡᠭᠴᠢᠯᠡᠭᠰᠡᠨ᠂ ᠵᠠᠬ᠎ᠠ
ᠳᠡᠯᠭᠡᠭᠦᠷᠴᠢᠯᠡᠭᠰᠡᠨ ᠬᠥᠭᠵᠢᠯᠲᠡ᠎ᠶᠢᠨ ᠠᠮᠢᠳᠤᠯᠢᠭ ᠵᠢᠱ᠌ᠢᠶ᠎ᠡ ᠪᠣᠯᠤᠨ᠎ᠠ᠃ ᠲᠠᠷᠠᠭᠠᠴᠢ᠎ᠪᠠᠷ᠂ ᠠᠯᠠᠱᠠ ᠠᠶ᠋ᠢᠮᠠᠭ
ᠠᠵᠤ ᠦᠢᠯᠡᠰ᠎ᠤᠨ ᠬᠡᠯᠬᠢᠶ᠎ᠡ᠎ᠪᠠᠨ ᠲᠠᠰᠤᠷᠠᠯᠲᠠ ᠥᠬᠡᠶ ᠲᠡᠭᠦᠯᠳᠡᠷᠵᠢᠭᠦᠯᠵᠦ᠍᠂ ᠦᠢᠯᠡᠳᠬᠦᠨ᠎ᠤ ᠶᠠᠰᠤ ᠴᠢᠨᠠᠷ᠎ᠢᠶᠠᠨ
ᠳᠡᠭᠡᠭᠰᠢᠯᠡᠭᠦᠯᠦᠨ᠂ ᠣᠷᠣᠨ ᠪᠦᠰᠡ᠎ᠶᠢᠨ ᠨᠠᠷᠠᠲᠤ᠌ ᠲᠥᠷᠥᠯ ᠲᠡᠮᠳᠡᠭᠲᠦ᠎ᠪᠠᠨ ᠬᠦᠴᠦᠷᠬᠡᠭᠵᠢᠭᠦᠯᠵᠦ᠍᠂ ᠨᠠᠩ ᠣᠯᠠᠨ
ᠴᠢᠨᠠᠷ ᠰᠠᠶ᠋ᠢᠲᠠᠶ ᠤᠨᠴᠠᠯᠢᠬᠳᠤ ᠪᠦᠲᠦᠭᠡᠭᠳᠡᠬᠦᠨ᠎ᠢ ᠪᠥᠬᠦ᠌ ᠤᠯᠤᠰ᠎ᠤᠨ ᠵᠠᠬ᠎ᠠ ᠳᠡᠯᠭᠡᠭᠦᠷᠲᠤ᠌ ᠣᠷᠣᠭᠤᠯᠬᠤ᠎ᠳᠤ
ᠬᠦᠴᠦᠨ ᠨᠡᠮᠡᠷᠢᠯᠡᠵᠦ᠍᠂ ᠠᠮᠢ ᠠᠬᠤᠶ᠎ᠶᠢᠨ ᠡᠬᠢ ᠪᠠᠶᠠᠯᠢᠭ᠎ᠤᠨ ᠳᠠᠪᠠᠭᠤᠯᠢᠭ᠎ᠢ ᠦᠨᠡᠨ ᠬᠦ᠌ ᠠᠵᠤ ᠦᠢᠯᠡᠰ᠎ᠤᠨ
ᠬᠥᠭᠵᠢᠯᠲᠡ᠎ᠶᠢᠨ ᠳᠠᠪᠠᠭᠤᠯᠢᠭ ᠪᠣᠯᠭᠠᠨ ᠬᠤᠪᠢᠷᠠᠭᠤᠯᠵᠤ᠂ ᠮᠠᠯᠴᠢᠨ ᠲᠠᠷᠢᠶᠠᠴᠢᠨ᠎ᠢ ᠳᠠᠶ᠋ᠢᠴᠢᠯᠠᠨ ᠣᠷᠣᠯᠭᠠᠶᠢᠨᠡᠮᠡᠭᠳᠡᠭᠦᠯᠵᠤ᠂
ᠬᠥᠳᠡᠭᠡ ᠲᠣᠰᠬᠤᠨ᠎ᠢ ᠬᠥᠭᠵᠢᠭᠦᠯᠦᠨ ᠮᠠᠨᠳᠤᠭᠤᠯᠬᠤ ᠳ᠋ᠤ ᠰᠢᠨ᠎ᠡ ᠦᠷ᠎ᠡ ᠪᠦᠲᠦᠮᠵᠢ ᠤᠯᠬᠤ᠎ᠶᠢ ᠠᠬᠢᠭᠤᠯᠤᠨ᠎ᠠ》 ᠭᠡᠯᠡ᠃