ᠥᠪᠥᠷ ᠮᠣᠩᠭᠣᠯ ᠤ᠋ᠨ ᠠᠡᠭᠬᠠᠳᠠᠭᠴᠢ ᠤᠢᠷ᠎ᠠ ᠤᠭᠲᠠᠷᠭᠤᠢ ᠢ᠋ᠢᠨ ᠴᠠᠭ ᠠᠭᠤᠷ ᠤ᠋ᠨ ᠴᠢᠬᠤᠯᠠ ᠶᠡᠬᠡ ᠰᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠲᠦᠷᠦᠯ ᠵᠦᠢᠯ ᠢ᠋ ᠬᠡᠷᠡᠭᠵᠢᠬᠦᠯᠵᠤ ᠡᠬᠢᠯᠠᠪᠠ
2026-06-17 10:34:39
ᠵᠣᠬᠢᠶᠠᠭ᠍ᠴᠢ᠄
ᠦᠨᠢᠷ
ᠣᠩᠱᠢᠭ᠍ᠰᠠᠨ ᠣᠳᠠᠭ᠎ᠠ᠄
★★★☆☆

 ᠰᠤᠷᠪᠤᠯᠵᠢᠯᠠᠭᠴᠢ ᠦᠪᠦᠷ ᠮᠤᠡᠭᠭᠤᠯ ᠤ᠋ᠨ ᠦᠪᠡᠷᠲᠡᠭᠡᠨ ᠵᠠᠰᠠᠬᠤ ᠤᠷᠤᠨ ᠤ᠋ ᠴᠠᠭ ᠠᠭᠤᠷ ᠤ᠋ᠨ ᠲᠤᠪᠴᠢᠶ᠎ᠠ ᠡᠴᠡ ᠤᠢᠯᠠᠭᠠᠭᠰᠠᠨ ᠢ᠋ᠢᠡᠷ᠂ ᠮᠠᠨ ᠤ᠋ ᠣᠷᠣᠨ ᠤ᠋ ᠠᠩᠬᠠᠳᠠᠭᠴᠢ ᠤᠢᠷ᠎ᠠ ᠤᠭᠲᠠᠷᠭᠤᠢ ᠢ᠋ᠢᠨ᠎ᠴᠠᠭ ᠠᠭᠤᠷ ᠤ᠋ᠨ ᠴᠢᠬᠤᠯᠠ ᠶᠡᠬᠡ ᠰᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠲᠤᠰᠬᠠᠶ ᠲᠥᠷᠥᠯ ᠵᠦᠢᠯ ᠪᠣᠯᠬᠤ 《ᠮᠠᠯᠵᠢᠬᠤ ᠣᠷᠣᠨ ᠳ᠋ᠤ ᠬᠠᠨᠳᠤᠭᠤᠯᠤᠭᠰᠠᠨ ᠤᠢᠷ᠎ᠠ ᠤᠭᠲᠠᠷᠭᠤᠢ ᠢ᠋ᠢᠨ ᠴᠠᠭ ᠠᠭᠤᠷ ᠤ᠋ᠨ ᠣᠶᠤᠨᠴᠢ ᠮᠡᠳᠡᠷᠡᠮᠵᠢ ᠬᠢᠭᠡᠳ ᠪᠦᠯᠦᠭᠵᠢᠯ ᠤ᠋ᠨ ᠦᠢᠯᠡᠴᠢᠯᠡᠭᠡᠨ ᠤ᠋ ᠰᠢᠰᠲ᠋ᠧᠮ ᠤ᠋ᠨ ᠵᠠᠩᠭᠢᠯᠠᠭ᠎ᠠ ᠢ᠋ᠢᠨ ᠮᠡᠷᠭᠡᠵᠢᠯ ᠵᠢᠴᠢ ᠬᠡᠷᠡᠭᠯᠡᠭᠡᠨ ᠤ᠋ ᠵᠢᠱ᠌ᠢᠶ᠎ᠡ ᠦᠵᠡᠭᠦᠯᠬᠦ᠌》 ᠲᠥᠷᠥᠯ ᠵᠦᠢᠯ ᠢ᠋ ᠤᠢᠷ᠎ᠠ ᠳ᠋ᠤ ᠵᠢᠩᠬᠢᠨᠢ ᠪᠡᠷ ᠬᠡᠷᠡᠭᠵᠢᠬᠦᠯᠵᠤ ᠡᠬᠢᠯᠠᠪᠠ᠃

ᠲᠣᠰ ᠲᠥᠷᠥᠯ ᠵᠦᠢᠯ ᠨᠢ ᠦᠪᠦᠷ ᠮᠤᠡᠭᠭᠤᠯ ᠤ᠋ᠨ ᠮᠠᠯᠵᠢᠬᠤ ᠣᠷᠣᠨ ᠤ᠋ ᠭᠠᠮᠰᠢᠭ ᠢ᠋ ᠰᠡᠷᠭᠡᠶ᠋ᠢᠯᠡᠵᠦ᠍ ᠭᠠᠮᠰᠢᠭ ᠢ᠋ ᠪᠠᠭᠠᠰᠬᠠᠬᠤ᠂ ᠠᠮᠢ ᠠᠬᠤᠶ ᠢ᠋ᠢᠨ ᠠᠮᠤᠷ ᠲᠦᠪᠰᠢᠨ ᠬᠢᠭᠡᠳ ᠤᠢᠷ᠎ᠠ ᠤᠭᠲᠠᠷᠭᠤᠢ ᠢ᠋ᠢᠨ ᠠᠵᠤ ᠠᠬᠤᠶ ᠢ᠋ᠢ ᠠᠭᠤᠰᠣᠯᠴᠠᠭᠤᠯᠥᠨ ᠬᠥᠭᠵᠢᠭᠦᠯᠬᠦ᠌ ᠬᠡᠷᠡᠭᠴᠡᠭᠡ ᠱᠠᠭᠠᠷᠳᠠᠯᠭ᠎ᠠ ᠳ᠋ᠤ ᠴᠢᠭᠯᠡᠭᠦᠯᠦᠨ᠂ ᠲᠣᠨᠣᠭ ᠲᠥᠬᠥᠭᠡᠷᠦᠮᠵᠢ ᠵᠢ ᠰᠤᠳᠤᠯᠤᠨ ᠦᠢᠯᠡᠳᠬᠦ᠂ ᠲᠠᠪᠴᠠᠩ ᠢ᠋ ᠨᠡᠭᠡᠭᠡᠨ ᠬᠥᠭᠵᠢᠭᠦᠯᠬᠦ᠌᠂ ᠪᠤᠳᠤᠬᠤ ᠠᠷᠭ᠎ᠠ ᠢ᠋ᠢ ᠰᠤᠳᠤᠯᠬᠤ᠂ ᠬᠡᠮᠵᠢᠨ ᠲᠤᠷᠰᠢᠬᠤ ᠪᠠ ᠠᠬᠤᠶ ᠲᠠᠯᠠᠪᠠᠶ ᠢ᠋ᠢᠨ ᠬᠡᠷᠡᠭᠯᠡᠯᠲᠡ ᠢ᠋ᠢᠨ ᠪᠦᠷᠢᠨ ᠪᠦᠲᠦᠨ ᠮᠡᠷᠭᠡᠵᠢᠯ ᠤ᠋ᠨ ᠰᠢᠰᠲ᠋ᠧᠮ ᠢ᠋ ᠪᠠᠶ᠋ᠢᠭᠤᠯᠵᠤ᠂ ᠰᠢᠷᠦᠭᠦᠨ ᠰᠠᠯᠬᠢ᠂ ᠶᠡᠬᠡ ᠴᠠᠰᠤ᠂ ᠡᠯᠡᠰᠦᠨ ᠰᠢᠭᠤᠷᠭ᠎ᠠ ᠵᠡᠷᠭᠡ ᠭᠠᠮᠰᠢᠭ ᠤ᠋ᠨ ᠴᠢᠨᠠᠷᠳᠠᠢ ᠴᠠᠭ ᠠᠭᠤᠷ ᠢ᠋ ᠰᠡᠷᠡᠵᠦ᠍ ᠮᠡᠳᠡᠬᠦ᠌ ᠰᠢᠰᠲ᠋ᠧᠮ ᠳ᠋ᠤ ᠲᠤᠯᠭᠠᠷᠠᠵᠤ ᠪᠦᠬᠦᠢ ᠠᠵᠢᠭᠯᠠᠨ ᠬᠡᠮᠵᠢᠬᠦ᠌᠎ᠳᠦ ᠬᠦᠴᠢᠷᠲᠡᠶ᠂ ᠲᠤᠤᠷ ᠤ᠋ᠨ ᠳᠠᠮᠵᠢᠭᠤᠯᠭ᠎ᠠ ᠲᠣᠭᠲᠠᠭᠤᠨ ᠪᠤᠰᠤ᠂ ᠣᠶᠤᠨᠴᠢ ᠤᠷᠢᠳᠴᠢᠯᠡᠨ ᠰᠡᠷᠡᠮᠵᠢᠯᠡᠭᠦᠯᠬᠦ ᠠᠵᠢᠯ ᠤᠳᠠᠭᠠᠨ ᠪᠠᠢᠬᠤ ᠵᠡᠷᠭᠡ ᠮᠡᠷᠭᠡᠵᠢᠯ ᠤ᠋ᠨ ᠪᠤᠭᠤᠮᠢ ᠢ᠋ᠢ ᠰᠢᠪᠳᠤᠯᠬᠤ ᠪᠤᠯᠤᠨ᠎ᠠ᠃

ᠤᠢᠯᠠᠭᠠᠭᠰᠠᠨ ᠵᠢᠡᠷ᠂ ᠲᠣᠰ ᠲᠥᠷᠥᠯ ᠵᠦᠢᠯ ᠢ᠋ ᠰᠢᠯᠢ ᠢ᠋ᠢᠨ ᠭᠤᠤᠯ ᠠᠶ᠋ᠢᠮᠠᠭ ᠤ᠋ᠨ ᠴᠠᠭ ᠠᠭᠤᠷ ᠤ᠋ᠨ ᠲᠣᠪᠴᠢᠶ᠎ᠠ ᠡᠴᠡ ᠭᠤᠤᠯᠯᠠᠨ ᠵᠣᠬᠢᠴᠠᠭᠤᠯᠵᠤ᠂ ᠥᠪᠥᠷ ᠮᠣᠩᠭᠣᠯ ᠤ᠋ᠨ ᠵᠠᠮ ᠬᠠᠷᠢᠯᠴᠠᠭᠠᠨ ᠤ᠋ ᠪᠦᠯᠦᠭᠯᠡᠯ ᠤ᠋ᠨ ᠬᠢᠵᠠᠭᠠᠷᠲᠤ᠌ ᠺᠣᠮᠫᠠᠨᠢ ᠡᠴᠡ ᠲᠦᠷᠦᠭᠦᠯᠡᠨ ᠭᠤᠶᠤᠴᠢᠯᠠᠨ ᠮᠡᠳᠡᠭᠦᠯᠵᠦ᠍᠂ ᠥᠪᠡᠷᠲᠡᠭᠡᠨ ᠵᠠᠰᠠᠬᠤ ᠣᠷᠣᠨ ᠤ᠋ ᠠᠮᠢ ᠠᠬᠤᠶ ᠬᠢᠭᠡᠳ ᠲᠠᠷᠢᠶᠠᠯᠠᠩ ᠤ᠋ᠨ ᠴᠠᠭ ᠠᠭᠤᠷ ᠤ᠋ᠨ ᠲᠥᠪ ᠣᠷᠣᠯᠴᠠᠵᠤ᠂ 7 ᠶᠡᠬᠡ ᠳᠡᠭᠡᠳᠦ ᠰᠤᠷᠭᠠᠭᠤᠯᠢ ᠬᠦᠷᠢᠶᠡᠯᠡᠩ ᠭᠠᠵᠠᠷ ᠵᠢᠴᠢ ᠠᠵᠤ ᠠᠬᠤᠶ᠋ᠢᠯᠠᠯ ᠬᠠᠮᠲᠤᠷᠠᠨ ᠬᠡᠷᠡᠭᠵᠢᠭᠦᠯᠵᠤ ᠪᠤᠢ᠃ ᠰᠢᠯᠢ ᠢ᠋ᠢᠨ ᠭᠤᠤᠯ ᠠᠶ᠋ᠢᠮᠠᠭ ᠤ᠋ᠨ ᠴᠠᠭ ᠠᠭᠤᠷ ᠤ᠋ᠨ ᠲᠣᠪᠴᠢᠶ᠎ᠠ ᠲᠥᠷᠥᠯ ᠵᠦᠢᠯ ᠤ᠋ᠨ ᠲᠤᠰᠬᠠᠶ ᠠᠩᠭᠢ ᠵᠢ ᠪᠠᠶ᠋ᠢᠭᠤᠯᠵᠤ᠂ ᠥᠪᠡᠷᠲᠡᠭᠡᠨ ᠵᠠᠰᠠᠬᠤ ᠣᠷᠣᠨ ᠤ᠋ ᠴᠠᠭ ᠠᠭᠤᠷ ᠤ᠋ᠨ ᠲᠣᠪᠴᠢᠶ᠎ᠠ ᠢ᠋ᠢᠨ ᠰᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠬᠢᠭᠡᠳ ᠤᠷᠢᠳᠴᠢᠯᠠᠨ ᠮᠡᠳᠡᠭᠡᠯᠡᠬᠦ᠌ ᠭᠠᠵᠠᠷ᠂ ᠰᠢᠯᠢ ᠢ᠋ᠢᠨ ᠭᠤᠤᠯ ᠠᠶ᠋ᠢᠮᠠᠭ ᠤ᠋ᠨ ᠰᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠲᠣᠪᠴᠢᠶ᠎ᠠ ᠵᠢᠴᠢ ᠵᠠᠮ ᠬᠠᠷᠢᠯᠴᠠᠭ᠎ᠠ᠂ ᠤᠢᠷ᠎ᠠ ᠤᠭᠲᠠᠷᠭᠤᠢ᠂ ᠰᠢᠨᠵᠢᠯᠡᠬᠦ᠌ ᠤᠬᠠᠭᠠᠨ ᠤ᠋ ᠰᠤᠳᠤᠯᠭᠠᠨ ᠤ᠋ ᠬᠦᠷᠢᠶᠡᠯᠡᠩ ᠭᠠᠵᠠᠷ ᠵᠡᠷᠭᠡ ᠠᠵᠢᠯ ᠲᠥᠷᠥᠯ ᠠᠯᠤᠰᠯᠠᠭᠰᠠᠨ ᠨᠢᠭᠡᠴᠢ ᠯᠤᠭᠡ ᠰᠠᠨᠠᠭᠠᠴᠢᠯᠠᠭ᠎ᠠ ᠡᠴᠡ ᠪᠠᠨ ᠵᠣᠯᠭᠠᠭᠤᠯᠵᠤ᠂ ᠰᠢᠯᠢᠡᠭᠬᠤᠲᠠ ᠢ᠋ᠢᠨ ᠤᠯᠤᠰ ᠤ᠋ᠨ ᠠᠭᠤᠷ ᠠᠮᠢᠰᠬᠤᠯ ᠤ᠋ᠨ ᠠᠵᠢᠭᠯᠠᠯᠲᠠ ᠢ᠋ᠢᠨ ᠥᠷᠲᠡᠭᠡ ᠬᠢᠭᠡᠳ ᠮᠠᠯᠵᠢᠬᠤ ᠣᠷᠣᠨ ᠤ᠋ ᠴᠠᠭ ᠠᠭᠤᠷ ᠤ᠋ᠨ ᠭᠠᠮᠰᠢᠭ ᠤ᠋ᠨ ᠬᠢᠨᠠᠨ ᠬᠡᠮᠵᠢᠯᠲᠠ ᠢ᠋ᠢᠨ ᠬᠤᠷᠠᠮᠳᠤᠭᠤᠯᠤᠯ ᠳ᠋ᠤ ᠲᠦᠰᠢᠭᠯᠡᠨ ᠦᠷ᠎ᠡ ᠪᠦᠲᠦᠭᠡᠯ ᠢ᠋ ᠪᠣᠳᠠᠲᠠᠶ᠋ᠢᠵᠢᠭᠤᠯᠤᠨ ᠰᠢᠯᠭᠠᠨ ᠪᠠᠲᠤᠯᠠᠬᠤ ᠪᠠ ᠣᠷᠳᠣ ᠬᠤᠭᠤᠴᠠᠭ᠎ᠠ ᠪᠡᠷ ᠵᠢᠱ᠌ᠢᠶ᠎ᠡ ᠦᠵᠡᠭᠦᠯᠦᠨ ᠬᠡᠷᠡᠭᠯᠡᠬᠦ᠌ ᠡᠭᠦᠷᠭᠡ ᠢ᠋ᠢ ᠡᠭᠦᠷᠭᠡᠯᠡᠬᠦ ᠪᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号