— ᠥᠪᠥᠷ ᠮᠣᠩᠭᠣᠯ᠎ᠤᠨ ᠬᠣᠲᠠ᠎ᠶ᠋ᠢᠨ ᠦᠨᠳᠦᠰᠦᠲᠡᠨ᠎ᠦ ᠠᠵᠢᠯ᠎ᠤᠨ ᠬᠠᠷᠢᠯᠴᠠᠨ ᠦᠨᠡᠯᠡᠵᠦ᠍ ᠬᠠᠷᠢᠯᠴᠠᠨ ᠲᠣᠯᠢᠯᠠᠵᠤ ᠬᠠᠷᠢᠯᠴᠠᠨ ᠰᠣᠯᠢᠯᠴᠠᠬᠤ ᠠᠵᠢᠯᠯᠠᠭ᠎ᠠ᠎ᠶ᠋ᠢᠨ ᠲᠤᠬᠠᠢ ᠲᠡᠮᠳᠡᠭ᠌ᠯᠡᠯ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶᠠᠨ᠎ᠤ ᠨᠢᠭᠡᠳᠦᠮᠡᠯ ᠹᠷᠣᠨᠲ᠎ᠤᠨ ᠬᠡᠯᠲᠡᠰ᠎ᠡᠴᠡ ᠵᠢᠯᠣᠭᠣᠳᠴᠤ᠌᠂ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠦ ᠬᠡᠷᠡᠭ ᠡᠷᠭᠢᠯᠡᠬᠦ᠌ ᠵᠥᠪᠯᠡᠯ᠎ᠡᠴᠡ ᠭᠤᠤᠯᠯᠠᠨ ᠡᠷᠭᠢᠯᠡᠵᠦ᠍᠂ ᠬᠥᠬᠡᠬᠣᠲᠠ᠎ᠶ᠋ᠢᠨ ᠦᠨᠳᠦᠰᠦᠲᠡᠨ᠎ᠦ ᠬᠡᠷᠡᠭ ᠡᠷᠭᠢᠯᠡᠬᠦ᠌ ᠵᠥᠪᠯᠡᠯ᠎ᠡᠴᠡ ᠳᠠᠭᠠᠭᠠᠴᠢᠯᠠᠨ ᠡᠷᠭᠢᠯᠡᠭ᠌ᠰᠡᠨ ᠥᠪᠥᠷ ᠮᠣᠩᠭᠣᠯ᠎ᠤᠨ ᠬᠣᠲᠠ᠎ᠶ᠋ᠢᠨ ᠦᠨᠳᠦᠰᠦᠲᠡᠨ᠎ᠦ ᠠᠵᠢᠯ᠎ᠤᠨ ᠬᠠᠷᠢᠯᠴᠠᠨ ᠦᠨᠡᠯᠡᠵᠦ᠍ ᠬᠠᠷᠢᠯᠴᠠᠨ ᠲᠣᠯᠢᠯᠠᠵᠤ ᠬᠠᠷᠢᠯᠴᠠᠨ ᠰᠣᠯᠢᠯᠴᠠᠬᠤ ᠠᠵᠢᠯᠯᠠᠭ᠎ᠠ ᠲᠦᠷᠦᠭᠦᠭᠡᠨ ᠬᠥᠬᠡᠬᠣᠲᠠ᠎ᠳᠤ ᠶᠠᠪᠤᠭ᠍ᠳᠠᠪᠠ᠃ ᠲᠤᠰ ᠠᠵᠢᠯᠯᠠᠭ᠎ᠠ᠎ᠨᠢ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠭᠤᠤᠯ ᠱᠢᠵᠢᠮ᠎ᠦᠨ ᠲᠣᠭᠣᠷᠢᠨ᠎ᠳᠤ᠂ ᠱᠢᠨ᠎ᠡ ᠴᠠᠭ ᠦᠶ᠎ᠡ᠎ᠵᠢᠨ ᠥᠪᠥᠷ ᠮᠣᠩᠭᠣᠯ᠎ᠤᠨ ᠬᠣᠲᠠ᠎ᠶ᠋ᠢᠨ ᠦᠨᠳᠦᠰᠦᠲᠡᠨ᠎ᠦ ᠠᠵᠢᠯ᠎ᠤᠨ ᠠᠮᠢᠳᠤᠯᠢᠭ ᠦᠶ᠋ᠯᠡᠳᠦᠯᠭᠡ ᠪᠠ ᠡᠯᠪᠡᠭ ᠪᠠᠶᠠᠯᠢᠭ ᠦᠷ᠎ᠡ ᠪᠦᠲᠦᠭᠡᠯ᠎ᠢ ᠭᠦᠶ᠋ᠴᠡᠳ ᠢᠯᠡᠷᠡᠭᠦᠯᠵᠦ᠍᠂ ᠱᠢᠨ᠎ᠡ ᠴᠠᠭ ᠦᠶ᠎ᠡ᠎ᠶ᠋ᠢᠨ ᠬᠥᠬᠡᠬᠣᠲᠠ᠎ᠶ᠋ᠢᠨ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢᠨ ᠥᠯᠢᠭᠡᠷ᠎ᠢ ᠰᠠᠢᠲᠤᠷ ᠶᠠᠷᠢᠵᠤ᠂ ᠬᠥᠬᠡᠬᠣᠲᠠ᠎ᠶ᠋ᠢᠨ ᠦᠨᠳᠦᠰᠦᠲᠡᠨ᠎ᠨᠦᠭᠦᠳ᠎ᠦᠨ ᠬᠠᠷᠢᠯᠴᠠᠨ ᠱᠢᠭᠢᠳᠴᠦ᠍ ᠬᠠᠮᠳᠤ ᠪᠡᠷ ᠬᠥᠭ᠌ᠵᠢᠭ᠌ᠰᠡᠨ ᠱᠢᠨ᠎ᠡ᠎ᠶ᠋ᠢ ᠡᠭᠦᠳᠬᠦ᠌ ᠠᠷᠭ᠎ᠠ ᠬᠢᠳᠡᠯ᠎ᠢ ᠤᠬᠠᠭᠤᠯᠤᠨ ᠳᠡᠯᠭᠡᠷᠡᠭᠦᠯᠪᠡ᠃

ᠲᠤᠬᠠᠢ ᠵᠢᠨ ᠲᠠᠯᠠᠪᠠᠢ᠎ᠳᠤ ᠲᠤᠭᠤᠷᠢᠨ ᠦᠵᠡᠵᠦ ᠪᠡᠶᠡᠴᠢᠯᠡᠨ ᠤᠢᠯᠠᠭᠠᠨ᠎ᠠ
ᠡᠶ᠎ᠡ ᠵᠣᠬᠢᠴᠠᠩᠭᠤᠶ ᠨᠡᠢᠭᠡᠮ ᠲᠤᠭᠤᠷᠢᠭ ᠨᠢ ᠪᠦᠯᠬᠦᠮᠳᠠᠯᠢ ᠠᠬᠢᠭᠤᠯᠤᠨ᠎ᠠ
《ᠡᠨᠡ ᠬᠦ᠌ 〈ᠪᠦᠯᠬᠦᠮᠳᠡᠯ᠎ᠦᠨ ᠤᠯᠠ ᠮᠥᠷ᠎ᠦᠨ ᠬᠠᠨ᠎ᠠ〉 ᠪᠤᠯ ᠦᠨᠳᠦᠰᠦᠲᠡᠨ᠎ᠨᠦᠭᠦᠳ᠎ᠦᠨ ᠰᠠᠭᠤᠭᠠᠯᠢ ᠠᠷᠠᠳ᠎ᠤᠨ ᠬᠠᠮᠲᠤ᠎ᠪᠠᠷ ᠰᠠᠭᠤᠷᠢᠱᠢᠵᠤ᠂ ᠬᠠᠮᠲᠤ᠎ᠪᠠᠷ ᠰᠤᠷᠤᠯᠴᠠᠵᠤ᠂ ᠬᠠᠮᠳᠤ ᠪᠡᠷ ᠠᠵᠢᠯᠯᠠᠵᠤ᠂ ᠬᠠᠮᠳᠤ ᠪᠡᠷ ᠡᠳ᠋ᠯᠡᠵᠦ᠂ ᠨᠢᠭᠡ ᠭᠡᠷ᠎ᠦᠨ ᠬᠦᠮᠤᠨ ᠮᠡᠳᠤ ᠲᠤᠳᠤᠨᠤ ᠪᠠᠢᠬᠤ ᠵᠢᠨ ᠬᠠᠮᠤᠭ᠎ᠤᠨ ᠢᠯᠡ ᠲᠣᠳᠣ ᠱᠣᠱᠢᠭ᠎ᠠ ᠪᠣᠯᠤᠨ᠎ᠠ》 ᠭᠡᠵᠦ᠍ ᠬᠥᠬᠡᠬᠣᠲᠠ᠎ᠶ᠋ᠢᠨ ᠱᠢᠨ᠎ᠡ ᠬᠤᠳᠠ ᠲᠣᠭᠣᠷᠢᠭ᠎ᠤᠨ ᠪᠦᠯᠬᠦᠮᠳᠡᠯ ᠰᠠᠭᠤᠭᠠᠯᠢ ᠠᠷᠠᠳ᠎ᠤᠨ ᠨᠡᠢᠭᠡᠮ ᠲᠣᠭᠣᠷᠢᠭ᠎ᠤᠨ ᠨᠠᠮ᠎ᠤᠨ ᠬᠣᠷᠢᠶᠠᠨ᠎ᠤ ᠱᠦᠵᠢ ᠯᠢᠦ ᠯᠢᠨ ᠯᠢᠨ ᠲᠤᠰ ᠤᠳᠠᠭᠠᠨ᠎ᠤ ᠠᠵᠢᠯᠯᠠᠭ᠎ᠠ ᠳ᠋ᠤ ᠤᠷᠤᠯᠴᠠᠭᠰᠠᠳ᠎ᠲᠦ ᠲᠠᠨᠢᠯᠴᠠᠭᠤᠯᠪᠠ᠃
ᠪᠦᠯᠬᠦᠮᠳᠡᠯ ᠰᠠᠭᠤᠭᠠᠯᠢ ᠠᠷᠠᠳ᠎ᠦᠨ ᠨᠡᠢᠭᠡᠮ ᠲᠣᠭᠣᠷᠢᠭ 1984 ᠣᠨ᠎ᠳᠤ ᠪᠠᠢᠭᠤᠯᠤᠭᠳᠠᠵᠤ᠂ 6000 ᠭᠠᠷᠤᠢ ᠡᠷᠦᠬᠡ᠂ 1.28 ᠲᠦᠮᠡ ᠭᠠᠷᠤᠢ ᠰᠠᠭᠤᠭᠠᠯᠢ ᠠᠷᠠᠳ ᠡᠨᠳᠡ ᠡᠶ᠎ᠡ ᠨᠠᠢᠷᠳᠠᠢ ᠰᠠᠭᠤᠷᠢᠱᠢᠨ ᠠᠮᠢᠳᠤᠷᠠᠵᠤ ᠪᠤᠢ᠃ 2013 ᠣᠨ ᠪᠠ 2021 ᠣᠨ᠎ᠳᠤ᠂ ᠨᠡᠢᠭᠡᠮ ᠲᠣᠭᠣᠷᠢᠭ᠎ᠢ ᠬᠣᠶᠠᠷ ᠤᠳᠠᠭ᠎ᠠ ᠲᠠᠰ ᠳᠡᠪᠱᠢᠭᠦᠯᠦᠨ ᠥᠭᠡᠷᠡᠴᠢᠯᠡᠵᠦ᠍᠂ ᠨᠡᠢᠭᠡᠮ ᠲᠣᠭᠣᠷᠢᠭ᠎ᠤᠨ ᠴᠡᠴᠡᠷᠯᠢᠭ᠎ᠢ ᠱᠢᠨᠡᠳᠭᠡᠨ ᠵᠠᠰᠠᠵᠤ᠂ ᠳᠤᠮᠳᠠᠳᠤ᠎ᠶ᠋ᠢᠨ ᠱᠢᠯᠢᠳᠡᠭ ᠤᠯᠠᠮᠵᠢᠯᠠᠯᠲᠤ ᠰᠣᠶᠣᠯ᠂ ᠬᠤᠪᠢᠰᠭᠠᠯᠲᠤ ᠰᠣᠶᠣᠯ ᠪᠠ ᠨᠡᠢᠭᠡᠮ ᠵᠢᠷᠤᠮ᠎ᠤᠨ ᠲᠡᠷᠢᠭᠦᠨ᠎ᠦ ᠰᠣᠶᠣᠯ᠎ᠢ ᠣᠷᠭᠠᠨᠢᠭ᠎ᠢᠶᠠᠷ ᠠᠭᠤᠰᠤᠯᠴᠠᠭᠤᠯᠤᠨ᠂ ᠨᠡᠢᠭᠡᠮ ᠲᠣᠭᠣᠷᠢᠭ᠎ᠤᠨ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢᠨ ᠬᠥᠮᠦᠵᠢᠯ᠎ᠢ ᠥᠷᠨᠢᠭᠦᠯᠬᠦ᠌ ᠴᠢᠬᠤᠯᠠ ᠵᠢᠭ᠍ᠰᠠᠭᠠᠯ᠎ᠤᠨ ᠭᠠᠵᠠᠷ ᠪᠤᠯᠤᠭᠰᠠᠨ ᠪᠠᠢᠨ᠎ᠠ᠃
ᠦᠨᠳᠦᠰᠦᠲᠡᠨ ᠨᠤᠬᠦᠳ᠎ᠦᠨ ᠨᠡᠭᠦᠳᠡᠯ ᠬᠥᠮᠦᠨ ᠠᠮᠠ ᠪᠤᠯᠤᠨ ᠬᠦᠳᠡᠭᠡ ᠲᠤᠰᠬᠤᠨ ᠮᠠᠯᠵᠢᠬᠤ ᠲᠠᠷᠢᠶᠠᠯᠠᠬᠤ ᠣᠷᠣᠨ᠎ᠤ ᠬᠣᠲᠠ ᠣᠷᠣᠵᠤ ᠱᠢᠯᠵᠢᠭ᠌ᠰᠡᠨ ᠬᠥᠮᠦᠨ ᠠᠮᠠ᠎ᠶ᠋ᠢᠨ ᠦᠶ᠋ᠯᠡᠴᠢᠯᠡᠭᠡ ᠪᠠ ᠬᠠᠮᠢᠶᠠᠷᠤᠯᠲᠠ᠎ᠵᠢ ᠰᠠᠢᠲᠤᠷ ᠬᠢᠬᠦ᠌᠎ᠶ᠋ᠢᠨ ᠲᠥᠯᠥᠭᠡ ᠪᠦᠯᠬᠦᠮᠳᠡᠯ ᠰᠠᠭᠤᠭᠠᠯᠢ ᠠᠷᠠᠳ᠎ᠤᠨ ᠨᠡᠢᠭᠡᠮ ᠲᠣᠭᠣᠷᠢᠭ᠎ᠤᠨ ᠬᠢᠨ ᠱᠢᠨ᠎ᠡ ᠴᠠᠭ ᠦᠶ᠎ᠡ᠎ᠶ᠋ᠢᠨ ᠪᠣᠯᠪᠠᠰᠤᠨ᠎ᠤ ᠦᠶ᠋ᠯᠡᠳᠦᠯᠭᠡ᠎ᠶ᠋ᠢᠨ ᠥᠷᠲᠡᠭᠡ᠎ᠳᠦ ᠲᠦᠱᠢᠭ᠌ᠯᠡᠨ᠂ 《ᠤᠯᠠᠭᠠᠨ ᠠᠨᠠᠷ᠎ᠤᠨ ᠥᠷᠲᠡᠭᠡ》᠎ᠶ᠋ᠢ ᠲᠠᠰ ᠳᠡᠪᠱᠢᠭᠦᠯᠦᠨ ᠪᠠᠢᠭᠤᠯᠪᠠ᠃ 《ᠪᠢᠳᠡ ᠭᠠᠳᠠᠨ᠎ᠠ᠎ᠠᠴᠠ ᠢᠷᠡᠭ᠌ᠰᠡᠳ᠎ᠲᠦ ᠳᠡᠩᠰᠡᠯᠡᠬᠤ ᠦᠨᠡᠮᠯᠡᠯ᠎ᠤᠨ ᠭᠠᠷᠳᠠᠮ ᠭᠦᠶ᠋ᠴᠡᠳᠭᠡᠬᠦ᠌᠂ ᠠᠵᠢᠯ ᠤᠯᠭᠤᠬᠤ᠂ ᠬᠦᠴᠢᠷᠳᠡᠯ᠎ᠢ ᠲᠤᠰᠠᠯᠠᠬᠤ᠂ ᠲᠥᠷᠥ᠎ᠶ᠋ᠢᠨ ᠪᠣᠳᠣᠯᠭ᠎ᠠ᠎ᠶ᠋ᠢᠨ ᠯᠠᠪᠯᠠᠭ᠎ᠠ ᠬᠠᠩᠭᠠᠬᠤ᠂ ᠬᠠᠤᠯᠢ ᠴᠠᠭᠠᠵᠠ᠎ᠶ᠋ᠢᠨ ᠲᠤᠰᠠᠯᠠᠮᠵᠢ ᠦᠵᠡᠭᠦᠯᠬᠦ᠌ ᠵᠡᠷᠭᠡ 〈ᠨᠢᠭᠡ ᠥᠷᠲᠡᠭᠡᠴᠢᠯᠡᠭᠰᠡᠨ ᠮᠠᠶᠢᠭ〉 ᠦ᠋ᠨ ᠦᠶ᠋ᠯᠡᠴᠢᠯᠡᠭᠡ ᠬᠠᠩᠭᠠᠨ᠂ ᠲᠡᠳᠡᠨᠤᠰ᠎ᠢ ᠨᠡᠩ ᠰᠠᠢᠳᠤᠷ ᠬᠤᠳᠠ ᠵᠢᠨ ᠬᠦᠭᠵᠢᠯᠳᠠ ᠳ᠋ᠤ ᠠᠭᠤᠰᠤᠯᠴᠠᠭᠤᠯᠬᠤ ᠪᠡᠷ ᠴᠢᠷᠮᠠᠢᠵᠤ ᠪᠠᠢᠨ᠎ᠠ》 ᠭᠡᠵᠦ᠍ ᠤᠯᠠᠭᠠᠨ ᠠᠨᠠᠷ᠎ᠦᠨ ᠥᠷᠲᠡᠭᠡ᠎ᠶ᠋ᠢᠨ ᠠᠵᠢᠯᠲᠠᠨ ᠵᠸ᠋ ᠶᠸ ᠲᠠᠨᠢᠯᠴᠠᠭᠤᠯᠪᠠ᠃
《ᠪᠢᠳᠡ ᠲᠡᠷᠢᠬᠦᠨ᠎ᠤ ᠲᠤᠷᠱᠢᠯᠭ᠎ᠠ᠎ᠡᠴᠡ ᠰᠤᠷᠤᠯᠴᠠᠵᠤ᠂ ᠰᠤᠷᠤᠯᠴᠠᠯᠭ᠎ᠠ᠎ᠶ᠋ᠢᠨ ᠦᠷ᠎ᠡ ᠪᠦᠲᠦᠭᠡᠯ᠎ᠢᠶᠡᠨ ᠬᠤᠳᠠ᠎ᠶ᠋ᠢᠨ ᠦᠨᠳᠦᠰᠦᠲᠡᠨ᠎ᠦ ᠠᠵᠢᠯ᠎ᠤᠨ ᠴᠢᠨᠠᠷ ᠰᠠᠢᠲᠠᠢ ᠬᠥᠭ᠌ᠵᠢᠯᠲᠡ᠎ᠶ᠋ᠢ ᠠᠬᠢᠭᠤᠯᠬᠤ ᠪᠣᠳᠠᠲᠠᠢ ᠠᠵᠢᠯᠯᠠᠭ᠎ᠠ ᠪᠣᠯᠭᠠᠨ ᠬᠤᠪᠢᠷᠠᠭᠤᠯᠵᠤ᠂ ᠨᠡᠩ ᠨᠠᠷᠢᠯᠢᠭ ᠤᠨᠤᠴᠠᠳᠠᠢ᠂ ᠨᠡᠩ ᠬᠠᠯᠠᠭᠤᠨ ᠳᠤᠯᠠᠭᠠᠨ ᠬᠤᠳᠠ᠎ᠶ᠋ᠢᠨ ᠦᠨᠳᠦᠰᠦᠲᠡᠨ᠎ᠦ ᠠᠵᠢᠯ᠎ᠤᠨ ᠱᠢᠨ᠎ᠡ ᠠᠷᠭ᠎ᠠ ᠵᠠᠮ᠎ᠢ ᠴᠢᠷᠮᠠᠢᠨ ᠰᠦᠪᠡᠭ᠌ᠴᠢᠯᠡᠨ᠎ᠡ》 ᠭᠡᠵᠦ᠍ ᠬᠥᠯᠥᠨ ᠪᠤᠢ᠌ᠷ ᠬᠤᠳᠠ᠎ᠶ᠋ᠢᠨ ᠦᠨᠳᠦᠰᠦᠲᠡᠨ᠎ᠦ ᠬᠡᠷᠡᠭ ᠡᠷᠬᠢᠯᠡᠬᠦ᠌ ᠵᠥᠪᠯᠡᠯ᠎ᠦᠨ ᠳᠡᠳ᠋ ᠡᠷᠬᠢᠯᠡᠭ᠌ᠴᠢ ᠤᠷᠲᠤ ᠢᠳᠡᠭᠡᠯ ᠲᠡᠬᠦᠯᠳᠡᠷ ᠶᠠᠷᠢᠨ᠎ᠠ᠃

ᠪᠦᠯᠬᠦᠮᠳᠡᠯ ᠨᠡᠢᠭᠡᠮ ᠲᠤᠭᠤᠷᠢᠭ᠎ᠤᠨ ᠤᠳᠬ᠎ᠠ ᠤᠷᠠᠯᠢᠭ᠎ᠤᠨ ᠪᠦᠯᠬᠦᠮ᠎ᠤᠨ ᠲᠤᠭᠯᠠᠯᠲᠠ
ᠰᠣᠶᠣᠯ᠎ᠤᠨ ᠤᠯᠠᠮᠵᠢᠯᠠᠯ ᠨᠢ ᠬᠠᠮᠲᠤ᠎ᠶ᠋ᠢᠨ ᠲᠠᠨᠢᠯᠲᠠ᠎ᠶ᠋ᠢ ᠨᠡᠮᠡᠭ᠌ᠳᠡᠭᠦᠯᠦᠨ᠎ᠡ
ᠪᠦᠰᠡᠬᠦᠢ ᠺᠣᠮᠫᠠᠨᠢ᠎ᠳᠤ ᠬᠦᠷᠬᠦ ᠳ᠋ᠤ᠂ 《ᠭᠠᠷᠤᠷᠠᠯᠠᠯᠦᠨ ᠵᠠᠩᠭᠢᠳᠮᠠᠯ ᠲᠤᠪᠴᠢ ᠵᠢᠨ ᠦᠵᠡᠭᠦᠯᠭᠡ᠎ᠶ᠋ᠢᠨ ᠲᠣᠭᠣᠷᠢᠭ》 ᠨᠢ ᠤᠯᠠᠨ᠎ᠤ ᠠᠩᠬᠠᠷᠤᠯ᠎ᠢ ᠲᠠᠲᠠᠪᠠ᠃ 《ᠵᠠᠩᠭᠢᠳᠮᠠᠯ ᠲᠤᠪᠴᠢ ᠵᠢᠨ ᠵᠠᠭᠪᠤᠷ ᠨᠢ 〈ᠤᠯᠠᠭᠠᠨ ᠠᠨᠠᠷ〉 ᠵᠢᠡᠷ ᠭᠣᠣᠯ ᠳᠦᠷᠢ ᠪᠣᠯᠭᠠᠵᠤ᠂ 〈ᠪᠦᠯᠬᠦᠮᠳᠡᠯ〉 ᠵᠢᠡᠷ ᠵᠢᠷᠤᠭ ᠲᠥᠯᠥᠪᠯᠡᠭᠡ᠎ᠶ᠋ᠢᠨ ᠣᠢᠯᠠᠭᠠᠭ᠍ᠳᠠᠬᠤᠨ ᠪᠣᠯᠭᠠᠵᠤ᠂ ᠡᠩᠭᠡᠷ᠎ᠦᠨ ᠵᠠᠰᠠᠯᠴᠢᠮᠡᠭ ᠵᠡᠷᠭᠡ ᠭᠤᠴᠤ ᠰᠠᠢᠬᠠᠨ ᠰᠣᠶᠣᠯ᠎ᠤᠨ ᠪᠦᠳᠦᠭᠡᠯᠴᠢ ᠦᠢᠯᠡᠳᠬᠦᠨ᠎ᠢ ᠰᠡᠳᠤᠨ ᠦᠢᠯᠡᠳᠴᠤ᠂ ᠬᠡᠷᠡᠭ᠌ᠯᠡᠭ᠌ᠴᠢᠳ᠎ᠦᠨ ᠬᠦᠷᠢᠶᠡᠯᠡᠯ᠎ᠢ ᠶᠡᠬᠡᠳᠡ ᠤᠯᠪᠠ》 ᠭᠡᠵᠦ᠍ ᠺᠣᠮᠫᠠᠨᠢ᠎ᠶ᠋ᠢᠨ ᠵᠠᠰᠠᠭ ᠵᠠᠬᠢᠷᠭᠠᠨ᠎ᠤ ᠶᠡᠷᠦᠩᠬᠡᠢ ᠬᠢᠨᠠᠭ᠍ᠴᠢ ᠢᠦᠢ ᠵᠢᠶᠠ ᠬᠤᠢ ᠲᠠᠨᠢᠯᠴᠠᠭᠤᠯᠪᠠ᠃
ᠪᠦᠰᠡᠭᠦᠶ ᠺᠣᠮᠫᠠᠨᠢ ᠪᠠᠢᠭᠤᠯᠤᠭ᠍ᠳᠠᠭ᠍ᠰᠠᠨ᠎ᠠᠴᠠ ᠨᠠᠭᠠᠰᠢ᠂ ᠦᠨᠳᠦᠰᠦᠲᠡᠨ᠎ᠦ ᠤᠯᠠᠮᠵᠢᠯᠠᠯᠲᠤ ᠭᠠᠷ ᠤᠷᠠᠯᠠᠯ᠎ᠤᠨ ᠱᠢᠨ᠎ᠡ᠎ᠶ᠋ᠢ ᠡᠬᠦᠳᠬᠦ ᠵᠢ ᠴᠢᠬᠤᠯᠠᠴᠢᠯᠠᠵᠤ᠂ ᠳᠤᠮᠳᠠᠳᠤ᠎ᠶ᠋ᠢᠨ ᠰᠣᠶᠣᠯ᠎ᠤᠨ ᠲᠡᠮᠳᠡᠭ ᠪᠦᠬᠦᠢ ᠰᠢᠷᠢᠰ ᠪᠦᠳᠦᠭᠡᠯᠴᠢ ᠦᠢᠯᠡᠳᠬᠦᠨ᠎ᠢ ᠮᠢᠩᠭ᠎ᠠ ᠭᠠᠷᠤᠶ ᠰᠤᠳᠤᠯᠤᠨ ᠦᠢᠯᠡᠳᠪᠡ᠃ 《ᠳᠤᠮᠳᠠᠳᠤ᠎ᠶ᠋ᠢᠨ ᠦᠨᠳᠦᠰᠦᠲᠡᠨ ᠨᠢᠭᠡ ᠬᠡᠷ ᠮᠡᠲᠦ ᠳᠣᠲᠣᠨᠣ》 ᠭᠡᠬᠦ᠌ ᠤᠷᠠᠨ ᠪᠦᠲᠦᠭᠡᠯ᠎ᠨᠢ ᠡᠯ᠎ᠡ ᠦᠨᠳᠦᠰᠦᠲᠡᠨ᠎ᠦ ᠤᠷᠠᠯᠢᠭ᠎ᠤᠨ ᠲᠦᠷᠢ ᠲᠦᠷᠬᠦ ᠪᠡᠷ ᠤᠯᠠᠭᠠᠨ ᠠᠨᠠᠷᠢ ᠵᠤᠬᠢᠶᠠᠨ ᠪᠦᠳᠦᠭᠡᠵᠦ᠂ ᠳᠤᠮᠳᠠᠳᠤ ᠤᠯᠤᠰ᠎ᠤᠨ ᠡᠮᠡᠭ᠌ᠲᠡᠢᠴᠦᠳ ᠬᠡᠦᠬᠡᠳ᠎ᠦᠨ ᠮᠦᠽᠧᠶ᠎ᠳᠦ ᠬᠠᠳᠠᠭᠠᠯᠠᠭᠳᠠᠨ ᠲᠡᠯᠭᠡᠭᠳᠠᠵᠦ ᠪᠤᠢ᠃
《ᠠᠵᠤ ᠠᠬᠤᠢᠯᠠᠯ᠎ᠤᠨ ᠬᠢᠨ ᠪᠣᠳᠠᠰ᠎ᠤᠨ ᠪᠤᠰᠤ ᠰᠣᠶᠣᠯ᠎ᠤᠨ ᠥᠪ᠎ᠢᠶᠡᠷ ᠬᠣᠯᠪᠣᠭᠠᠰᠤ ᠪᠣᠯᠭᠠᠨ᠂ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠦ ᠰᠣᠯᠢᠯᠴᠠᠭᠠᠨ᠎ᠤ ᠲᠠᠪᠴᠠᠩ᠎ᠢ ᠪᠤᠢ ᠪᠤᠯᠭᠠᠵᠤ᠂ ᠤᠨᠴᠠᠯᠢᠬ᠍ᠳᠤ ᠠᠵᠤ ᠦᠶ᠋ᠯᠡᠰ᠎ᠢᠶᠡᠷ ᠪᠦᠯᠬᠦᠮᠳᠡᠯ᠎ᠦᠨ ᠬᠦᠴᠦᠨ᠎ᠢ ᠨᠢᠭ᠍ᠲᠠᠷᠠᠭᠤᠯᠵᠤ᠂ ᠦᠨᠳᠦᠰᠦᠲᠡᠨ᠎ᠦ ᠪᠦᠯᠬᠦᠮᠳᠡᠯ ᠪᠠ ᠰᠣᠶᠣᠯ᠎ᠤᠨ ᠤᠯᠠᠮᠵᠢᠯᠠᠯ᠎ᠤᠨ ᠠᠭᠤᠰᠤᠯᠴᠠᠯ᠎ᠢ ᠠᠬᠢᠭᠤᠯᠵᠤ ᠪᠠᠢᠭ᠎ᠠ ᠨᠢ ᠪᠦᠬᠦ ᠤᠷᠤᠨ ᠳ᠋ᠤ ᠲᠤᠯᠢ ᠪᠤᠯᠵᠤ ᠪᠤᠯᠤᠨ᠎ᠠ》 ᠭᠡᠵᠦ᠍ ᠤᠯᠠᠭᠠᠨᠬᠠᠳᠠ ᠬᠣᠲᠠ᠎ᠶ᠋ᠢᠨ ᠬᠤᠩᠱᠠᠨ ᠲᠣᠭᠣᠷᠢᠭ᠎ᠤᠨ ᠦᠨᠳᠦᠰᠦᠲᠡᠨ᠎ᠦ ᠬᠡᠷᠡᠭ ᠡᠷᠭᠢᠯᠡᠬᠦ᠌ ᠵᠥᠪᠯᠡᠯ᠎ᠦᠨ ᠳᠡᠳ᠋ ᠡᠷᠬᠢᠯᠡᠭ᠌ᠴᠢ ᠪᠠᠶ ᠯᠦ᠍ ᠬᠡᠯᠡᠪᠠ᠃
ᠵᠠᠭᠤᠨ ᠵᠢᠯ᠎ᠦᠨ ᠲᠡᠦᠭᠡ ᠲᠠᠢ ᠺᠤᠸᠠᠨ ᠱᠢᠶᠠᠩ ᠽᠢ ᠵᠡᠭᠡᠯᠢ᠎ᠳᠦ᠂ 《ᠲᠡᠮᠡᠭᠡᠨ ᠵᠢᠩ᠎ᠤᠨ ᠭᠤᠤᠯ ᠰᠡᠳᠦᠪᠳᠦ ᠰᠣᠶᠣᠯ ᠵᠢᠭᠤᠯᠴᠢᠯᠠᠯ᠎ᠤᠨ ᠱᠤᠭᠤᠮᠠᠯ》 ᠨᠢ ᠦᠨᠳᠦᠰᠦᠲᠡᠨ᠎ᠨᠦᠭᠦᠳ᠎ᠦᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠤᠨ ᠦᠯᠢᠬᠡᠷ᠎ᠢ ᠬᠦᠦᠷᠨᠢᠨᠠ᠃ ᠡᠳᠦᠭᠡ᠂ ᠡᠨᠡᠬᠦ᠌ ᠵᠡᠭᠦᠨᠰᠢ ᠪᠠᠷᠠᠭᠤᠨᠰᠢ ᠪᠠᠷᠤᠭ 500 ᠮᠸᠲᠷ᠂ ᠡᠮᠦᠨᠡᠰᠢ ᠤᠮᠠᠷᠠᠰᠢ ᠪᠠᠷᠤᠭ 19 ᠮᠸᠲᠷ ᠵᠡᠭᠡᠯᠢ ᠳ᠋ᠤ ᠪᠦᠬᠦ᠌ ᠤᠯᠤᠰ᠎ᠤᠨ ᠡᠯ᠎ᠡ ᠭᠠᠵᠠᠷ ᠡᠴᠠ ᠢᠷᠡᠭ᠌ᠰᠡᠨ 150 ᠭᠠᠷᠤᠢ ᠬᠤᠳᠠᠯᠳᠤᠭᠠᠴᠢᠨ ᠠᠷᠠᠯᠵᠢᠶ᠎ᠠ ᠮᠠᠢᠮᠠᠢ ᠬᠢᠵᠤ᠂ ᠰᠢᠨ᠎ᠠ ᠴᠠᠭ ᠦᠶ᠎ᠡ᠎ᠶ᠋ᠢᠨ ᠦᠨᠳᠦᠰᠦᠲᠡᠨ᠎ᠦ ᠪᠦᠯᠬᠦᠮᠳᠡᠯ ᠲᠠᠪᠰᠢᠯᠳᠠ ᠵᠢᠨ ᠳᠦᠷᠰᠦ ᠪᠠᠢᠳᠠᠯ ᠪᠣᠯᠤᠨ ᠱᠢᠨ᠎ᠡ᠎ᠶ᠋ᠢ ᠡᠭᠦᠳᠬᠦ᠌ ᠠᠮᠢᠵᠢᠷᠠᠯ᠎ᠤᠨ ᠬᠦᠴᠦᠨ᠎ᠢ ᠢᠯᠡᠷᠡᠭᠦᠯᠦᠭ᠌ᠰᠡᠨ ᠬᠤᠳᠠᠯᠳᠤᠭᠠᠨ᠎ᠤ ᠵᠠᠬ᠎ᠠ ᠵᠡᠭᠡᠯᠢ ᠪᠣᠯᠵᠠᠢ᠃
ᠬᠥᠯᠥᠨ ᠪᠤᠢ᠌ᠷ ᠬᠤᠳᠠ᠎ᠶ᠋ᠢᠨ ᠦᠨᠳᠦᠰᠦᠲᠡᠨ᠎ᠦ ᠬᠡᠷᠡᠭ ᠡᠷᠬᠢᠯᠡᠬᠦ᠌ ᠵᠥᠪᠯᠡᠯ᠎ᠦᠨ ᠦᠨᠳᠦᠰᠦᠲᠡᠨ᠎ᠦ ᠪᠦᠯᠬᠦᠮᠳᠡᠯ᠎ᠢ ᠠᠬᠢᠭᠤᠯᠬᠤ ᠰᠠᠯᠠᠭᠠᠨ᠎ᠤ ᠳᠠᠷᠤᠭ᠎ᠠ ᠧ ᠬᠤᠢ ᠳ᠋ᠢ᠄ 《ᠠᠮᠲᠠᠲᠤ ᠢᠳᠡᠭᠡᠨ᠎ᠦ ᠦᠨᠦᠷ ᠬᠠᠩᠬᠤᠯᠤᠭᠰᠠᠨ ᠺᠤᠸᠠᠨ ᠱᠢᠶᠠᠩ ᠽᠢ ᠵᠡᠭᠡᠯᠢ ᠳ᠋ᠤ ᠦᠨᠳᠦᠰᠦᠲᠡᠨ᠎ᠨᠦᠭᠦᠳ᠎ᠦᠨ ᠤᠯᠠᠨ ᠲᠦᠮᠡᠨ ᠡᠶ᠎ᠡ ᠵᠣᠬᠢᠴᠠᠩᠭᠤᠢ᠎ᠪᠠᠷ ᠬᠠᠮᠲᠤ ᠣᠷᠣᠱᠢᠵᠤ᠂ ᠦᠨᠳᠦᠰᠦᠲᠡᠨ᠎ᠦ ᠪᠦᠯᠬᠦᠮᠳᠡᠯ᠎ᠢ ᠡᠳᠦᠷ ᠳᠤᠳᠤᠮ᠎ᠤᠨ ᠡᠵᠡᠩᠨᠡᠯᠲᠡ ᠪᠣᠯᠤᠨ ᠠᠷᠠᠳ᠎ᠤᠨ ᠠᠮᠢᠳᠤᠷᠠᠯ᠎ᠳᠤ ᠠᠭᠤᠰᠤᠯᠴᠠᠭᠤᠯᠵᠤ᠂ ᠬᠠᠷᠢᠯᠴᠠᠨ ᠱᠢᠭᠢᠳᠭᠡᠬᠦ᠌ ᠮᠠᠶᠢᠭ᠎ᠤᠨ ᠬᠥᠭ᠌ᠵᠢᠯᠲᠡ᠎ᠶ᠋ᠢᠨ ᠬᠠᠮᠤᠭ᠎ᠤᠨ ᠬᠤᠷᠢᠶᠠᠨᠭᠭᠤᠢ ᠵᠢᠷᠤᠭᠯᠠᠯ ᠪᠤᠯᠵᠤ ᠪᠠᠢᠨ᠎ᠠ》 ᠭᠡᠵᠦ᠍ ᠰᠡᠳᠭᠢᠯ ᠳᠣᠭ᠍ᠳᠣᠯᠤᠨ ᠶᠠᠷᠢᠯ᠎ᠠ᠃

ᠤᠯᠠᠭᠠᠨ ᠠᠨᠠᠷ᠎ᠤᠨ ᠰᠠᠢᠨ ᠳᠤᠷᠠᠴᠤᠤᠯ᠎ᠤᠨ ᠦᠢᠯᠡᠴᠢᠯᠡᠭᠡ
ᠬᠠᠯᠠᠭᠤᠮᠰᠤᠭ ᠦᠢᠯᠡᠴᠢᠯᠡᠭᠡ ᠨᠢ ᠰᠡᠳᠬᠢᠯ᠎ᠢ ᠳᠤᠯᠠᠭᠠᠴᠠᠭᠤᠯᠤᠨ᠎ᠠ
《ᠬᠥᠬᠡᠬᠣᠲᠠ᠎ᠶ᠋ᠢᠨ ᠨᠡᠢᠲᠡ᠎ᠶ᠋ᠢᠨ ᠮᠠᠱᠢᠨ ᠲᠡᠷᠭᠡᠨ᠎ᠦ ᠺᠤᠮᠫᠠᠨᠢ ᠬᠥᠬᠡᠬᠣᠲᠠ᠎ᠶ᠋ᠢᠨ ᠨᠡᠢᠲᠡ᠎ᠶ᠋ᠢᠨ ᠮᠠᠱᠢᠨ ᠲᠡᠷᠭᠡᠨ᠎ᠦ ᠲᠡᠦᠬᠡᠨ ᠡᠬᠢ ᠪᠠᠶᠠᠯᠢᠭ ᠪᠠ ᠬᠥᠭ᠌ᠵᠢᠯᠲᠡ᠎ᠶ᠋ᠢᠨ ᠰᠤᠳᠠᠰᠤ᠎ᠶ᠋ᠢ ᠭᠦᠨᠵᠡᠭᠡᠢ ᠠᠭᠤᠳᠠᠯᠵᠤ᠂ ᠨᠡᠢᠲᠡ᠎ᠶ᠋ᠢᠨ ᠮᠠᠱᠢᠨ ᠲᠡᠷᠭᠡᠨ᠎ᠦ ᠬᠥᠭ᠌ᠵᠢᠯᠲᠡ᠎ᠶ᠋ᠢᠨ ᠠᠷᠤ᠎ᠳᠠᠬᠢ ᠦᠨᠳᠦᠰᠦᠲᠡᠨ᠎ᠨᠦᠭᠦᠳ᠎ᠦᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠤᠨ ᠲᠡᠦᠬᠡ ᠵᠢᠴᠢ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠤ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠭ᠍ᠰᠠᠨ ᠦᠯᠢᠭᠡᠷ᠎ᠢ ᠰᠠᠢᠲᠤᠷ ᠶᠠᠷᠢᠨ᠎ᠠ ᠁》 ᠭᠡᠵᠦ᠍ ᠬᠥᠬᠡᠬᠣᠲᠠ᠎ᠶ᠋ᠢᠨ ᠨᠡᠢᠲᠡ᠎ᠶ᠋ᠢᠨ ᠮᠠᠱᠢᠨ ᠲᠡᠷᠭᠡᠨ᠎ᠦ ᠺᠤᠮᠫᠠᠨᠢ ᠶ᠋ᠢᠨ ᠲᠠᠢᠯᠪᠤᠷᠢᠯᠠᠭ᠍ᠴᠢ ᠮᠠ ᠱᠢᠶᠤᠤ ᠴᠢᠶᠠᠨ ᠤᠯᠠᠨ ᠳ᠋ᠤ ᠲᠠᠨᠢᠯᠴᠠᠭᠤᠯᠪᠠ᠃
ᠬᠣᠲᠠ᠎ᠶ᠋ᠢᠨ ᠣᠯᠠᠨ ᠨᠡᠢᠲᠡ᠎ᠶ᠋ᠢᠨ ᠵᠠᠮ ᠬᠠᠷᠢᠯᠴᠠᠭ᠎ᠠ ᠨᠢ ᠨᠢᠭᠡ ᠲᠠᠯ᠎ᠠ᠎ᠪᠠᠷ ᠠᠷᠠᠳ᠎ᠤᠨ ᠠᠮᠢᠳᠤᠷᠠᠯ᠎ᠤᠨ ᠠᠵᠠ ᠵᠢᠷᠭᠠᠯ᠎ᠲᠠᠶ ᠬᠣᠯᠪᠣᠭ᠍ᠳᠠᠵᠤ᠂ ᠨᠥᠭᠥᠭᠡ ᠲᠠᠯ᠎ᠠ᠎ᠪᠠᠷ ᠬᠣᠲᠠ᠎ᠶ᠋ᠢᠨ ᠬᠥᠭ᠌ᠵᠢᠯᠲᠡ᠎ᠲᠡᠶ ᠬᠣᠯᠪᠣᠭ᠍ᠳᠠᠵᠤ ᠪᠠᠢᠳᠠᠭ᠃ 2024 ᠣᠨ᠎ᠳᠤ᠂ ᠬᠥᠬᠡᠬᠣᠲᠠ᠎ᠶ᠋ᠢᠨ ᠨᠡᠢᠲᠡ᠎ᠶ᠋ᠢᠨ ᠮᠠᠱᠢᠨ ᠲᠡᠷᠭᠡᠨ᠎ᠦ ᠺᠤᠮᠫᠠᠨᠢ ᠡᠩ ᠲᠡᠷᠢᠭᠦᠨ᠎ᠳᠦ ᠥᠪᠡᠷᠲᠡᠭᠡᠨ ᠵᠠᠰᠠᠬᠤ ᠣᠷᠣᠨ᠎ᠤ ᠴᠡᠷᠢᠭ᠎ᠦᠨ ᠠᠯᠪᠠ᠎ᠠᠴᠠ ᠬᠠᠯᠠᠭ᠍ᠳᠠᠭ᠍ᠰᠠᠳ ᠵᠢᠴᠢ ᠬᠡᠷ ᠪᠦᠯᠢ ᠵᠢᠨ ᠬᠢᠨ ᠳ᠋ᠤ ᠰᠦᠢᠳᠭᠡᠯ ᠬᠤᠷᠢᠶᠠᠬᠤ ᠦᠬᠡᠢ᠎ᠪᠡᠷ ᠲᠡᠷᠭᠡᠨ᠎ᠳᠦ ᠰᠠᠭᠤᠬᠤ ᠲᠦᠷᠦ᠍᠎ᠶ᠋ᠢᠨ ᠪᠤᠳᠤᠯᠭ᠎ᠠ᠎ᠶ᠋ᠢ ᠬᠡᠷᠡᠭ᠌ᠵᠢᠭᠦᠯᠵᠦ᠍᠂ 《ᠨᠡᠢᠲᠡ᠎ᠶ᠋ᠢᠨ ᠮᠠᠱᠢᠨ ᠲᠡᠷᠭᠡ + ᠰᠣᠶᠣᠯ ᠵᠢᠭᠤᠯᠴᠢᠯᠠᠯ》 ᠦ᠋ᠨ11 ᠵᠤᠷᠪᠤᠰ ᠲᠤᠰᠭᠠᠢ ᠱᠤᠭᠤᠮ ᠪᠠ ᠰᠦᠯᠵᠢᠶᠠᠨ ᠲᠡᠭᠡᠷ᠎ᠡ ᠪᠤᠯᠵᠤᠬᠤ ᠲᠡᠷᠭᠡ ᠵᠢ ᠨᠡᠪᠲᠡᠷᠡᠭᠦᠯᠵᠦ᠂ ᠪᠣᠳᠠᠲᠤ ᠠᠵᠢᠯᠯᠠᠭ᠎ᠠ᠎ᠪᠠᠷ᠎ᠢᠶᠠᠨ ᠤᠯᠠᠨ ᠲᠦᠮᠡᠨ ᠳ᠋ᠤ ᠴᠢᠨᠠᠷ ᠰᠠᠢᠳᠠᠢ ᠦᠢᠯᠡᠴᠢᠯᠡᠭᠡ ᠬᠠᠨᠭᠭᠠᠪᠠ᠃
ᠣᠢᠷ᠎ᠠ᠎ᠶ᠋ᠢᠨ ᠵᠢᠯ᠎ᠡᠴᠡ ᠨᠠᠭᠠᠰᠢ᠂ ᠬᠥᠬᠡᠬᠣᠲᠠ ᠬᠣᠲᠠ᠎ᠶ᠋ᠢᠨ ᠨᠡᠢᠭᠡᠮ ᠲᠣᠭᠣᠷᠢᠭ᠎ᠢᠶᠠᠷ ᠥᠭᠡᠷᠡᠴᠢᠯᠡᠯᠲᠡ᠎ᠶ᠋ᠢᠨ ᠲᠤᠷᠱᠢᠯᠲᠠ ᠵᠢᠨ ᠴᠡᠭ ᠪᠣᠯᠭᠠᠵᠤ᠂ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠦ ᠬᠠᠷᠢᠯᠴᠠᠨ ᠱᠢᠭᠢᠳᠭᠡᠬᠦ᠌ ᠮᠠᠶᠢᠭ᠎ᠤᠨ ᠬᠥᠭ᠌ᠵᠢᠯᠲᠡ᠎ᠶ᠋ᠢᠨ ᠣᠷᠣᠨ ᠨᠤᠲᠤᠭ᠎ᠤᠨ ᠪᠠᠷᠢᠮᠵᠢᠶ᠎ᠠ᠎ᠶ᠋ᠢ ᠲᠦᠷᠦᠭᠦᠯᠡᠨ ᠨᠡᠢᠲᠡᠯᠡᠵᠦ᠍᠂ ᠣᠷᠣᠨ ᠵᠠᠶ᠂ ᠰᠣᠶᠣᠯ᠂ ᠠᠵᠤ ᠠᠬᠤᠶ᠂ ᠨᠡᠢᠭᠡᠮ᠂ ᠰᠡᠳᠭᠢᠴᠡ ᠵᠡᠷᠭᠡ ᠲᠠᠪᠤᠨ ᠵᠦᠶ᠋ᠯ᠎ᠦᠨ ᠱᠢᠭᠢᠳᠭᠡᠬᠦ᠌ ᠪᠠᠷᠢᠮᠵᠢᠶ᠎ᠠ᠎ᠶ᠋ᠢ ᠨᠠᠷᠢᠯᠢᠬ᠍ᠵᠢᠭᠤᠯᠬᠤ᠎ᠠᠴᠠ ᠭᠠᠷᠳᠠᠵᠤ᠂ ᠬᠠᠷᠢᠯᠴᠠᠨ ᠱᠢᠭᠢᠳᠭᠡᠬᠦ᠌ ᠮᠠᠶᠢᠭ᠎ᠤᠨ ᠨᠡᠢᠭᠡᠮ ᠲᠣᠭᠣᠷᠢᠭ᠎ᠤᠨ ᠪᠥᠲᠥᠭᠡᠨ ᠪᠠᠢᠭᠤᠯᠤᠯᠲᠠ᠎ᠶ᠋ᠢᠨ 《ᠣᠷᠣᠨ᠎ᠤ ᠲᠥᠪ ᠬᠣᠲᠠ᠎ᠶ᠋ᠢᠨ ᠪᠠᠷᠢᠮᠵᠢᠶ᠎ᠠ》 ᠶ᠋ᠢ ᠢᠳᠡᠪᠬᠢᠲᠡᠶ ᠰᠦᠪᠡᠭ᠌ᠴᠢᠯᠡᠨ ᠪᠠᠢᠭᠤᠯᠪᠠ᠃
ᠬᠥᠬᠡᠬᠣᠲᠠ᠎ᠶ᠋ᠢᠨ ᠵᠠᠰᠠᠭ᠎ᠤᠨ ᠶᠠᠪᠤᠳᠠᠯ᠎ᠤᠨ ᠦᠶ᠋ᠯᠡᠴᠢᠯᠡᠭᠡᠨ᠎ᠦ ᠲᠢᠩᠬᠢᠮ᠎ᠦᠨ 《ᠨᠢᠭᠡ ᠶᠠᠪᠤᠳᠠᠯ᠎ᠢ ᠨᠢᠭᠡ ᠤᠳᠠᠭ᠎ᠠ᠎ᠳᠤ ᠭᠦᠶ᠋ᠴᠡᠳᠭᠡᠬᠦ᠌》 ᠪᠠ ᠤᠯᠠᠭᠠᠨ ᠠᠨᠠᠷ᠎ᠦᠨ ᠰᠡᠳᠭᠢᠯ᠎ᠢ ᠳᠤᠯᠠᠭᠠᠴᠠᠭᠤᠯᠬᠤ ᠥᠷᠲᠡᠭᠡ᠎ᠳᠦ ᠬᠦᠷᠴᠤ᠂ ᠲᠤᠭᠤᠷᠢᠨ ᠦᠵᠡᠭᠴᠢᠳ᠎ᠲᠤ ᠬᠥᠬᠡᠬᠣᠲᠠ᠎ᠶ᠋ᠢᠨ ᠬᠤᠷᠳᠤᠴᠠ ᠪᠠ ᠤᠯᠠᠭᠠᠨ ᠠᠨᠠᠷ᠎ᠤᠨ ᠬᠠᠯᠭᠤᠮᠰᠤᠭ ᠦᠢᠯᠡᠴᠢᠯᠡᠭᠡ ᠵᠢ ᠪᠠᠶᠡᠴᠢᠯᠡᠨ ᠤᠢᠯᠠᠭᠠᠭᠤᠯᠪᠠ᠃ 《ᠤᠯᠠᠭᠠᠨ ᠠᠨᠠᠷ᠎ᠤᠨ ᠲᠤᠰᠭᠠᠢ ᠴᠣᠩᠬᠣᠪᠴᠢ᠂ ᠬᠠᠪᠰᠤᠷᠤᠨ ᠭᠦᠢᠴᠡᠳᠭᠡᠬᠦ᠌ ᠣᠷᠣᠯᠠᠨ ᠭᠦᠢᠴᠡᠳᠭᠡᠬᠦ᠌ ᠵᠡᠷᠭᠡ ᠪᠣᠳᠠᠲᠠᠢ᠎ᠶ᠋ᠢ ᠡᠷᠬᠢᠮᠯᠡᠭ᠌ᠰᠡᠨ ᠠᠷᠭ᠎ᠠ ᠬᠡᠮᠵᠢᠢ᠎ᠡ ᠨᠢ ᠦᠢᠯᠡᠴᠢᠯᠡᠭᠡ ᠵᠢ ᠨᠠᠩ ᠬᠠᠯᠠᠭᠤᠨ ᠳᠤᠯᠠᠭᠠᠨ᠂ ᠦᠨᠳᠤᠷ ᠪᠦᠳᠦᠮᠵᠢᠳᠠᠢ ᠪᠤᠯᠭᠠᠵᠤ᠂ ᠬᠤᠳᠠ᠎ᠶ᠋ᠢᠨ ᠦᠨᠳᠦᠰᠦᠲᠡᠨ᠎ᠦ ᠠᠵᠢᠯ᠎ᠳᠤ ᠱᠢᠯᠢᠳᠡᠭ ᠦᠯᠢᠭᠡᠷ ᠳᠠᠭᠤᠷᠢᠶᠠᠯ᠎ᠢ ᠬᠠᠩᠭᠠᠪᠠ》 ᠭᠡᠵᠦ᠍ ᠤᠯᠠᠭᠠᠨᠴᠠᠪ ᠬᠤᠳᠠ᠎ᠶ᠋ᠢᠨ ᠦᠨᠳᠦᠰᠦᠲᠡᠨ᠎ᠦ ᠬᠡᠷᠡᠭ ᠡᠷᠬᠢᠯᠡᠬᠦ᠌ ᠵᠥᠪᠯᠡᠯ᠎ᠦᠨ ᠳᠡᠳ᠋ ᠡᠷᠬᠢᠯᠡᠭ᠌ᠴᠢ ᠰᠡᠴᠠᠩᠭᠤᠤᠠ ᠬᠡᠯᠡᠪᠡ᠃
《ᠬᠥᠬᠡᠬᠣᠲᠠ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢᠨ ᠣᠢᠯᠠᠭᠠᠭ᠍ᠳᠠᠬᠤᠨ᠎ᠢ ᠬᠣᠲᠠ᠎ᠶ᠋ᠢᠨ ᠵᠠᠰᠠᠯᠲᠠ᠂ ᠵᠠᠰᠠᠭ᠎ᠤᠨ ᠶᠠᠪᠤᠳᠠᠯ᠎ᠤᠨ ᠦᠶ᠋ᠯᠡᠴᠢᠯᠡᠭᠡ᠂ ᠰᠣᠶᠣᠯ᠎ᠤᠨ ᠤᠯᠠᠮᠵᠢᠯᠠᠯ᠂ ᠨᠡᠢᠭᠡᠮ ᠲᠣᠭᠣᠷᠢᠭ᠎ᠤᠨ ᠪᠥᠲᠥᠭᠡᠨ ᠪᠠᠢᠭᠤᠯᠤᠯᠲᠠ ᠵᠡᠷᠭᠡ ᠡᠯ᠎ᠡ ᠬᠦᠷᠢᠶᠡᠨ᠎ᠳᠦ ᠠᠭᠤᠰᠭᠠᠵᠤ᠂ ᠢᠯᠡᠳᠲᠡ ᠦᠷ᠎ᠡ ᠪᠦᠲᠦᠮᠵᠢ ᠣᠯᠵᠤ᠂ ᠪᠥᠬᠥ᠌ ᠣᠷᠣᠨ᠎ᠤ ᠬᠣᠲᠠ᠎ᠶ᠋ᠢᠨ ᠦᠨᠳᠦᠰᠦᠲᠡᠨ᠎ᠦ ᠠᠵᠢᠯ᠎ᠳᠤ ᠵᠢᠱ᠌ᠢᠶᠡᠴᠢ ᠬᠡᠪ ᠳᠠᠭᠤᠷᠢᠶᠠᠯ ᠪᠤᠯᠪᠠ》 ᠭᠡᠵᠦ᠍ ᠲᠦᠩᠯᠢᠶᠣᠤ ᠬᠣᠲᠠ᠎ᠶ᠋ᠢᠨ ᠦᠨᠳᠦᠰᠦᠲᠡᠨ᠎ᠦ ᠬᠡᠷᠡᠭ ᠡᠷᠭᠢᠯᠡᠬᠦ᠌ ᠵᠥᠪᠯᠡᠯ᠎ᠦᠨ ᠳᠡᠳ᠋ ᠡᠷᠬᠢᠯᠡᠭ᠌ᠴᠢ ᠬ᠍ᠸ᠋ ᠶᠦᠩ ᠶᠠᠷᠢᠨ᠎ᠠ᠃
ᠤᠯᠠᠨ᠎ᠢᠶᠠᠷ᠎ᠢᠶᠠᠨ᠂ ᠬᠤᠳᠠ᠎ᠶ᠋ᠢᠨ ᠦᠨᠳᠦᠰᠦᠲᠡᠨ᠎ᠦ ᠠᠵᠢᠯ᠎ᠢ ᠰᠠᠢᠳᠤᠷ ᠬᠢᠬᠦ ᠨᠢ ᠦᠨᠳᠦᠰᠦᠳᠡᠨ ᠨᠤᠬᠦᠳ᠎ᠦᠨ ᠤᠯᠠᠨ ᠲᠦᠮᠡᠨ᠎ᠢ ᠨᠢᠬᠳᠠᠷᠠᠭᠤᠯᠤᠨ ᠪᠦᠯᠬᠦᠮᠳᠡᠬᠦᠯᠵᠤ᠂ ᠦᠨᠳᠦᠰᠦᠳᠡᠨ᠎ᠤ ᠪᠦᠯᠬᠦᠮᠳᠡᠯ ᠲᠠᠪᠰᠢᠯᠳᠠ ᠪᠠ ᠡᠯ᠎ᠠ ᠦᠨᠳᠦᠰᠦᠳᠡᠨ᠎ᠤ ᠶᠠᠪᠤᠯᠴᠠᠭ᠎ᠠ ᠰᠤᠯᠢᠯᠴᠠᠭ᠎ᠠ ᠠᠭᠤᠰᠤᠯᠴᠠᠯ᠎ᠢ ᠠᠬᠢᠭᠤᠯᠵᠤ᠂ ᠬᠤᠳᠠ ᠵᠢᠨ ᠲᠤᠭᠳᠠᠭᠤᠨ ᠭᠦᠭᠵᠢᠯᠳᠠ ᠳ᠋ᠤ ᠮᠠᠰᠢ ᠴᠢᠬᠤᠯᠠ ᠦᠢᠯᠡᠳᠤᠯ ᠦᠵᠡᠬᠦᠯᠳᠡᠭ᠃ ᠲᠤᠰ ᠤᠳᠠᠭ᠎ᠠ᠎ᠶ᠋ᠢᠨ ᠬᠠᠷᠢᠯᠴᠠᠨ ᠦᠨᠡᠯᠡᠵᠦ᠍ ᠬᠠᠷᠢᠯᠴᠠᠨ ᠲᠤᠯᠢᠯᠠᠵᠤ ᠬᠠᠷᠢᠯᠴᠠᠨ ᠰᠤᠯᠢᠯᠴᠠᠭᠰᠠᠨ ᠤᠯᠤᠯᠳᠠ ᠲᠦᠷᠦᠭᠳᠡᠯ ᠵᠢᠡᠨ ᠪᠢᠳᠠ ᠦᠢᠯᠡᠳᠦᠯᠭᠡᠳ᠋ᠤ ᠬᠡᠷᠡᠭᠵᠢᠬᠦᠯᠵᠦ᠍᠂ ᠬᠤᠳᠠ᠎ᠶ᠋ᠢᠨ ᠦᠨᠳᠦᠰᠦᠲᠡᠨ᠎ᠦ ᠠᠵᠢᠯ᠎ᠤᠨ ᠴᠢᠨᠠᠷ ᠰᠠᠢᠲᠠᠢ ᠬᠥᠭ᠌ᠵᠢᠯᠲᠡ᠎ᠶ᠋ᠢ ᠠᠬᠢᠭᠤᠯᠵᠤ᠂ ᠦᠨᠳᠦᠰᠦᠲᠡᠨ᠎ᠦ ᠪᠦᠯᠬᠦᠮᠳᠡᠯ ᠲᠠᠪᠱᠢᠯᠳᠠ᠎ᠶ᠋ᠢᠨ ᠴᠡᠴᠡᠭᠡᠰ᠎ᠢ ᠤᠮᠠᠷᠠᠲᠤ ᠬᠢᠯᠢ᠎ᠶ᠋ᠢᠨ ᠡᠭᠡ ᠭᠠᠵᠠᠷ᠎ᠲᠤ ᠪᠠᠢᠩᠭᠤ ᠳᠡᠯᠭᠡᠷᠡᠭᠦᠯᠦᠨ᠎ᠡ ᠭᠡᠵᠦ᠍ ᠢᠯᠡᠳᠭᠡᠵᠡᠭᠡᠪᠡ᠃