ᠰᠢᠨᠬᠤᠸᠠ ᠬᠣᠷᠢᠶ᠎ᠠ᠂ ᠲᠥᠪ ᠲᠧᠯᠸᠢᠰ᠎ᠦᠨ
ᠰᠣᠨᠢᠨ ᠮᠡᠳᠡᠭᠡᠨ᠎ᠦ ᠮᠡᠳᠡᠭᠡᠯᠡᠯ᠎ᠢ ᠦᠨᠳᠦᠰᠦᠯᠡᠪᠡᠯ᠂ ᠫᠠᠺᠢᠰᠲ᠋ᠠᠨ᠎ᠤ ᠶᠡᠷᠦᠩᠬᠡᠢ ᠰᠠᠢᠳ ᠰᠢᠶᠠᠪᠠᠽᠢ 6 ᠰᠠᠷ᠎ᠠ᠎ᠶᠢᠨ 15᠎ᠤ ᠡᠳᠦᠷ ᠨᠡᠢᠭᠡᠮ᠎ᠦᠨ ᠬᠠᠷᠢᠯᠴᠠᠭᠠᠨ᠎ᠤ
ᠵᠠᠭᠤᠴᠢᠯᠠᠭᠤᠷ᠎ᠲᠤ ᠮᠡᠳᠡᠭᠡᠯᠡᠯ ᠨᠡᠢᠲᠡᠯᠡᠵᠦ᠂ ᠠᠮᠧᠷᠢᠺᠠ ᠪᠣᠯᠣᠨ ᠢᠷᠠᠨ ᠨᠢᠭᠡᠨᠲᠡ ᠨᠠᠢᠷᠠᠮᠳᠠᠯ᠎ᠤᠨ ᠬᠡᠯᠡᠯᠴᠡᠭᠡᠷ
ᠲᠣᠭᠲᠠᠪᠠ ᠭᠡᠵᠡᠢ᠃ ᠬᠣᠶᠠᠷ ᠲᠠᠯ᠎ᠠ᠎ᠪᠠᠷ᠎ᠢᠶᠠᠨ ᠪᠦᠬᠦ ᠹᠷᠣᠨᠲ᠎ᠤᠨ ᠴᠡᠷᠢᠭ ᠲᠠᠢ᠍ᠢᠨ᠎ᠦ ᠠᠵᠢᠯᠯᠠᠭ᠎ᠠ᠎ᠶᠢ ᠳᠠᠷᠤᠢ
ᠲᠦᠷᠭᠡᠨ ᠡᠭᠦᠷᠢᠳᠡ ᠵᠣᠭᠰᠤᠭᠠᠬᠤ᠎ᠪᠠᠷ ᠨᠡᠢᠲᠡᠯᠡᠪᠡ᠂ ᠡᠭᠦᠨ᠎ᠳᠦ ᠯᠧᠪᠠᠨᠣᠨ ᠳ᠋ᠡᠬᠢ ᠠᠵᠢᠯᠯᠠᠭᠠᠴᠤ ᠪᠠᠭᠲᠠᠨ᠎ᠠ᠃
ᠠᠯᠪᠠᠨ ᠶᠣᠰᠣᠭᠠᠷ ᠭᠠᠷᠤᠨ ᠦᠰᠦᠭ ᠵᠢᠷᠤᠬᠤ ᠶᠣᠰᠣᠯᠠᠯ 6 ᠰᠠᠷ᠎ᠠ᠎ᠶᠢᠨ 19᠎ᠦ ᠡᠳᠦᠷ ᠰᠸᠢᠰ᠎ᠲᠦ ᠶᠠᠪᠤᠭᠳᠠᠨ᠎ᠠ᠃

ᠠᠮᠧᠷᠢᠺᠠ᠎ᠶᠢᠨ ᠶᠡᠷᠦᠩᠬᠡᠢᠯᠡᠭᠴᠢ ᠲᠧᠷᠠᠮᠫᠦ᠋
ᠲᠤᠬᠠᠢ᠎ᠶᠢᠨ ᠭᠠᠵᠠᠷ᠎ᠤᠨ ᠴᠠᠭ᠎ᠢᠶᠠᠷ 6 ᠰᠠᠷ᠎ᠠ᠎ᠶᠢᠨ 14᠎ᠦ ᠡᠳᠦᠷ ᠨᠡᠢᠭᠡᠮ᠎ᠦᠨ ᠬᠠᠷᠢᠯᠴᠠᠭᠠᠨ᠎ᠤ ᠵᠠᠭᠤᠴᠢᠯᠠᠭᠤᠷ᠎ᠲᠤ ᠮᠡᠳᠡᠭᠡᠯᠡᠯ ᠨᠡᠢᠲᠡᠯᠡᠵᠦ᠂
ᠠᠮᠧᠷᠢᠺᠠ ᠪᠣᠯᠣᠨ ᠢᠷᠠᠨ᠎ᠤ ᠬᠡᠯᠡᠯᠴᠡᠭᠡᠷ᠎ᠢ 《ᠨᠢᠭᠡᠨᠲᠡ ᠪᠡᠶᠡᠯᠡᠭᠦᠯᠪᠡ》᠂ ᠪᠢ ᠬᠤᠷᠮᠤᠽ ᠬᠣᠭᠣᠯᠠᠢ ᠵᠢ 《ᠲᠦᠯᠦᠪᠦᠷᠢ ᠦᠭᠡᠢ ᠨᠡᠭᠡᠭᠡᠬᠦ》ᠵᠢᠴᠢ ᠠᠮᠧᠷᠢᠺᠠ᠎ᠶᠢᠨ ᠲᠠᠯᠠᠢ᠎ᠶᠢᠨ ᠴᠡᠷᠢᠭ ᠬᠣᠯᠪᠣᠭᠳᠠᠯ ᠪᠦᠬᠦᠢ ᠪᠢᠲᠡᠭᠦᠮᠵᠢᠯᠡᠯ᠎ᠢ ᠳᠠᠷᠤᠢᠬᠠᠨ
ᠬᠦᠴᠦᠨ ᠦᠭᠡᠢ ᠪᠣᠯᠭᠠᠬᠤ ᠲᠤᠬᠠᠢ ᠵᠦᠪᠰᠢᠶᠡᠷᠡᠭᠰᠡᠨ ᠭᠡᠵᠦ ᠬᠡᠯᠡᠪᠡ᠃

ᠲᠧᠷᠠᠮᠫᠦ᠋᠂ 《ᠢᠷᠠᠨ ᠯᠤᠭ᠎ᠠ ᠬᠡᠯᠡᠯᠴᠡᠭᠡᠷ ᠲᠣᠬᠢᠷᠠᠯᠴᠠᠭᠰᠠᠨ᠎ᠳᠤ
ᠪᠠᠶᠠᠷ ᠬᠦᠷᠭᠡᠵᠦ ᠪᠠᠢᠨ᠎ᠠ᠂ ᠪᠢ ᠡᠢ᠍ᠢᠨ ᠬᠦ᠌ ᠬᠤᠷᠮᠤᠽ ᠬᠣᠭᠣᠯᠠᠢ᠎ᠶᠢ ᠲᠦᠯᠦᠪᠦᠷᠢ ᠦᠭᠡᠢ ᠨᠡᠭᠡᠭᠡᠬᠦ᠎ᠶᠢ ᠵᠢᠩᠬᠢᠨᠢ᠎ᠪᠡᠷ
ᠵᠥᠪᠰᠢᠶᠡᠷᠡᠭᠰᠡᠨ ᠪᠥᠭᠡᠳ ᠠᠮᠧᠷᠢᠺᠠ᠎ᠶᠢᠨ ᠲᠠᠯᠠᠢ᠎ᠶᠢᠨ ᠴᠡᠷᠢᠭ᠎ᠲᠦ ᠪᠢᠲᠡᠭᠦᠮᠵᠢᠯᠡᠯ᠎ᠢᠶᠡᠨ ᠬᠦᠴᠦᠨ ᠦᠭᠡᠢ
ᠪᠣᠯᠭᠠᠬᠤ ᠡᠷᠬᠡ ᠣᠯᠭᠣᠪᠠ᠃ ᠳᠡᠯᠡᠬᠡᠢ᠎ᠶᠢᠨ ᠡᠯ᠎ᠡ ᠤᠯᠤᠰ᠎ᠤᠨ ᠣᠩᠭᠣᠴᠠ᠂ ᠬᠥᠳᠡᠯᠭᠡᠭᠦᠷ ᠵᠢᠡᠨ ᠨᠤᠴᠤᠭᠠᠵᠤ᠂
ᠴᠢᠯᠠᠭᠤᠨ ᠲᠣᠰᠣ᠌ᠵᠦᠭᠡᠭᠡᠪᠦᠷᠢᠯᠡᠭᠡᠷᠡᠢ》 ᠭᠡᠵᠡᠢ᠃
ᠢᠷᠠᠨ᠎ᠤ ᠵᠠᠭᠤᠴᠢᠯᠠᠭᠤᠷ᠎ᠤᠨ ᠲᠤᠬᠠᠢ᠎ᠶᠢᠨ
ᠭᠠᠵᠠᠷ᠎ᠤᠨ ᠴᠠᠭ᠎ᠢᠶᠠᠷ 6 ᠰᠠᠷ᠎ᠠ᠎ᠶᠢᠨ 15᠎ᠤ ᠡᠳᠦᠷ᠎ᠦᠨ ᠮᠡᠳᠡᠭᠡᠯᠡᠯ᠎ᠢ ᠦᠨᠳᠦᠰᠦᠯᠡᠪᠡᠯ᠂ ᠢᠷᠠᠨ᠎ᠤ ᠭᠠᠳᠠᠭᠠᠳᠤ ᠶᠠᠪᠤᠳᠠᠯ᠎ᠤᠨ ᠶᠠᠮᠤᠨ᠎ᠤ
ᠳᠡᠳ᠋ ᠰᠠᠢᠳ ᠭᠠᠷᠢᠪ ᠠᠪᠠᠳᠢ ᠡᠴᠡ ᠢᠷᠡᠨ ᠠᠮᠧᠷᠢᠺᠠ᠎ᠶᠢᠨ ᠤᠢᠯᠠᠭᠠᠯᠴᠠᠭᠠᠶᠢᠨ ᠰᠠᠨᠠᠮᠵᠢ᠎ᠶᠢᠨ ᠪᠢᠴᠢᠭ ᠨᠢᠭᠡᠨᠲᠡ
ᠲᠣᠭᠲᠠᠭᠰᠠᠨ᠎ᠢ ᠨᠤᠲᠠᠯᠠᠵᠤ᠂ ᠭᠠᠷᠤᠨ ᠦᠰᠦᠭ ᠵᠢᠷᠤᠬᠤ ᠶᠣᠰᠣᠯᠠᠯ᠎ᠢ 19᠎ᠦ ᠡᠳᠦᠷ ᠰᠸᠢᠰ᠎ᠲᠦ ᠶᠠᠪᠤᠭᠳᠠᠭᠤᠯᠤᠨ᠎ᠠ
ᠭᠡᠵᠦ ᠨᠤᠲᠠᠯᠠᠪᠠ᠃

ᠭᠠᠷᠢᠪ ᠠᠪᠠᠳᠢ ᠢᠯᠡᠷᠬᠡᠢᠯᠡᠬᠦ᠎ᠳᠡᠭᠡᠨ᠂
ᠤᠢᠯᠠᠭᠠᠯᠴᠠᠭᠠ ᠵᠢᠨ ᠰᠠᠨᠠᠮᠵᠢ᠎ᠶᠢᠨ ᠪᠢᠴᠢᠭ ᠤᠳᠠᠯ ᠦᠭᠡᠢ ᠨᠡᠢᠲᠡᠯᠡᠭᠳᠡᠵᠦ᠂ ᠣᠯᠠᠨ ᠲᠦᠮᠡᠨ ᠢᠷᠠᠨ᠎ᠤ ᠦᠷ᠎ᠡ
ᠪᠦᠲᠦᠭᠡᠯ ᠪᠣᠯᠣᠨ ᠠᠮᠠᠯᠠᠯᠲᠠ᠎ᠶᠢ ᠣᠯᠵᠤ ᠦᠵᠡᠬᠦ ᠪᠣᠯᠣᠨ᠎ᠠ ᠭᠡᠵᠡᠢ᠃
ᠢᠷᠡᠯᠲᠡ᠄ ᠰᠢᠨᠬᠤᠸᠠ ᠬᠤᠷᠢᠶ᠎ᠠ᠂ ᠲᠦᠪ ᠲᠧᠯᠸᠢᠰ᠎ᠤᠨ ᠰᠤᠨᠢᠨ ᠮᠡᠳᠡᠭᠡ