ᠤᠩᠰᠢᠯᠭ᠎ᠠ ᠵᠢᠨ ᠬᠦᠳᠦᠯᠦᠮᠵᠢ
ᠳ᠋ᠦᠩ ᠷᠦᠢ ᠸᠸᠨ 1999 ᠣᠨ ᠳ᠋ᠤ ᠳᠥᠷᠪᠡᠳ ᠤ᠋ᠨ ᠨᠤᠲᠤᠭ ᠪᠡᠯᠴᠢᠭᠡᠷ ᠢ᠋ ᠬᠠᠮᠠᠭᠠᠯᠠᠬᠤ ᠠᠵᠢᠯ ᠳ᠋ᠤ ᠤᠷᠤᠯᠴᠠᠭᠰᠠᠨ ᠡᠴᠡ ᠨᠠᠭᠠᠰᠢ᠂ 27 ᠵᠢᠯ ᠳᠤᠷᠰᠢ ᠨᠤᠳᠤᠭ ᠪᠡᠯᠴᠢᠭᠡᠷ ᠤ᠋ᠨ ᠬᠠᠮᠠᠭᠠᠯᠠᠯᠳᠠ ᠵᠢᠨ ᠨᠢᠭᠡᠳᠦᠭᠡᠷ ᠹᠷᠣᠨᠲ ᠲᠦ᠍ ᠥᠪᠡᠷ ᠤ᠋ᠨ ᠤᠶᠤᠨ ᠤᠬᠠᠭᠠᠨ ᠪᠠ ᠬᠦᠴᠦ᠍ ᠬᠥᠯᠥᠰᠥ ᠪᠡᠨ ᠬᠠᠷᠠᠮ ᠦᠭᠡᠢ ᠵᠣᠷᠢᠭᠤᠯᠵᠤ ᠢᠷᠡᠵᠡᠢ᠃

ᠥᠷᠭᠡᠨ ᠠᠭᠤᠳᠠᠮ ᠳᠥᠷᠪᠡᠳ ᠤ᠋ᠨ ᠲᠠᠯ᠎ᠠ ᠨᠤᠲᠤᠭ ᠲᠦ᠍᠂ ᠬᠠᠬᠢᠷ ᠬᠦᠶ᠋ᠲᠡᠨ ᠠᠭᠠᠬᠢᠮ᠎ᠠ ᠬᠠᠯᠠᠭᠤᠨ ᠢ᠋ ᠬᠠᠢᠬᠤᠷᠤᠯ ᠦᠭᠡᠢ 27 ᠵᠢᠯ ᠢ᠋ ᠨᠢᠭᠡ ᠯᠡ ᠡᠳᠦᠷ ᠮᠡᠲᠦ᠍ ᠠᠵᠢᠯᠴᠢ ᠬᠢᠴᠢᠶᠡᠩᠭᠦᠢ ᠪᠡᠷ ᠨᠤᠲᠤᠭ ᠪᠡᠯᠴᠢᠭᠡᠷ ᠤ᠋ᠨ ᠠᠮᠢ ᠠᠬᠤᠢ ᠵᠢᠨ ᠬᠠᠮᠠᠭᠠᠯᠠᠯᠲᠠ ᠪᠠ ᠦᠷᠭᠦᠯᠵᠢᠯᠡᠬᠦ᠌ ᠬᠥᠭ᠌ᠵᠢᠯᠲᠡ ᠵᠢᠨ ᠲᠥᠯᠥᠭᠡ ᠥᠪᠡᠷ ᠤ᠋ᠨ ᠤᠶᠤᠨ ᠤᠬᠠᠭᠠᠨ ᠪᠠ ᠬᠦᠴᠦ᠍ ᠬᠥᠯᠥᠰᠥ ᠪᠡᠨ ᠬᠠᠷᠠᠮ ᠦᠭᠡᠢ ᠵᠣᠷᠢᠭᠤᠯᠵᠤ ᠢᠷᠡᠭᠰᠡᠨ ᠨᠢᠭᠡᠨ ᠨᠤᠳᠤᠭ ᠪᠡᠯᠴᠢᠭᠡᠷᠤᠨ ᠲᠠᠷᠬᠠᠨ ᠬᠠᠮᠠᠭᠠᠯᠠᠭᠴᠢ ᠪᠤᠢ᠃ ᠲᠡᠷᠡ ᠪᠣᠯ ᠲᠠᠷᠤᠢ ᠳᠥᠷᠪᠡᠳ ᠬᠣᠱᠢᠭᠤᠨ ᠤ᠋ ᠣᠶ ᠱᠢᠭᠤᠶ ᠪᠠ ᠨᠤᠲᠤᠭ ᠪᠡᠯᠴᠢᠭᠡᠷ ᠤ᠋ᠨ ᠲᠣᠪᠴᠢᠶ᠎ᠠ︵ᠤᠤᠯ ᠤ᠋ᠨ ᠳᠥᠷᠪᠡᠳ ᠬᠣᠱᠢᠭᠤᠨ ᠤ᠋ ᠮᠠᠯ ᠠᠵᠤ ᠠᠬᠤᠶ ᠵᠢᠨ ᠲᠣᠪᠴᠢᠶ᠎ᠠ︶ᠶ᠋ᠢᠨ ᠨᠤᠲᠤᠭ ᠪᠡᠯᠴᠢᠭᠡᠷ ᠤ᠋ᠨ ᠠᠵᠢᠯ ᠤ᠋ᠨ ᠥᠷᠲᠡᠭᠡ ᠵᠢᠨ ᠳᠡᠳ᠋ ᠳᠠᠷᠤᠭ᠎ᠠ ᠳ᠋ᠦᠩ ᠷᠦᠢ ᠸᠸᠨ ᠪᠣᠯᠤᠨ᠎ᠠ᠃
ᠡᠨᠡ ᠵᠢᠯ 50 ᠬᠦᠷᠦᠭᠰᠡᠨ ᠳ᠋ᠦᠩ ᠷᠦᠢ ᠸᠸᠨ 1999 ᠣᠨ ᠳ᠋ᠤ ᠳᠥᠷᠪᠡᠳ ᠬᠣᠱᠢᠭᠤᠨ ᠤ᠋ ᠮᠠᠯ ᠠᠵᠤ ᠠᠬᠤᠢ ᠵᠢᠨ ᠲᠣᠪᠴᠢᠶ᠎ᠠ ᠵᠢᠨ ᠨᠤᠲᠤᠭ ᠪᠡᠯᠴᠢᠭᠡᠷ ᠤ᠋ᠨ ᠬᠠᠮᠢᠶᠠᠷᠤᠯᠲᠠ ᠵᠢᠨ ᠭᠠᠵᠠᠷ ᠲᠦ᠍ ᠠᠵᠢᠯ ᠤ᠋ᠨ ᠭᠠᠷᠤᠭ᠎ᠠ ᠠᠪᠴᠦ᠂ 2003 ᠣᠨ ᠳ᠋ᠤ ᠳᠥᠷᠪᠡᠳ ᠬᠣᠱᠢᠭᠤᠨ ᠤ᠋ ᠮᠠᠯ ᠠᠵᠤ ᠠᠬᠤᠢ ᠵᠢᠨ ᠲᠣᠪᠴᠢᠶ᠎ᠠ ᠵᠢᠨ ᠨᠤᠲᠤᠭ ᠪᠡᠯᠴᠢᠭᠡᠷ ᠤ᠋ᠨ ᠠᠵᠢᠯ ᠤ᠋ᠨ ᠦᠷᠳᠡᠭᠡ ᠳ᠋ᠦ ᠱᠢᠯᠵᠢᠨ ᠠᠵᠢᠯᠯᠠᠵᠤ᠂ ᠭᠣᠣᠯᠳᠠᠭᠤ ᠬᠥᠨᠥᠭᠡᠯᠲᠦ ᠠᠮᠢᠳᠤ ᠪᠣᠳᠠᠰ ᠢ᠋ ᠰᠡᠷᠭᠡᠢᠯᠡᠨ ᠵᠠᠰᠠᠬᠤ᠂ ᠨᠤᠲᠤᠭ ᠪᠡᠯᠴᠢᠭᠡᠷ ᠢ᠋ ᠪᠦᠳᠦᠭᠡᠨ ᠪᠠᠢᠭᠤᠯᠬᠤ᠂ ᠠᠮᠢ ᠠᠬᠤᠢ ᠵᠢ ᠰᠡᠷᠭᠦᠭᠡᠬᠦ᠌ ᠵᠡᠷᠭᠡ ᠠᠵᠢᠯ ᠳ᠋ᠤ ᠤᠷᠤᠯᠴᠠᠵᠠᠢ᠃ 27 ᠵᠢᠯ ᠳᠤᠷᠰᠢ ᠨᠤᠳᠤᠭ ᠪᠡᠯᠴᠢᠭᠡᠷ ᠤ᠋ᠨ ᠬᠠᠮᠠᠭᠠᠯᠠᠯᠳᠠ ᠵᠢᠨ ᠨᠢᠭᠡᠳᠦᠭᠡᠷ ᠹᠷᠣᠨᠲ ᠡᠴᠡ ᠶᠡᠷᠦ ᠨᠢ ᠰᠠᠯᠵᠤ ᠦᠩᠬᠡᠷᠡᠭᠰᠡᠨ ᠦᠭᠡᠢ ᠳ᠋ᠦᠩ ᠷᠦᠢ ᠸᠸᠨ ᠳ᠋ᠤ ᠠᠪᠴᠦ ᠬᠡᠯᠡᠪᠡᠯ᠂ ᠡᠨᠡ ᠬᠦ᠌ ᠲᠦᠷᠪᠡᠳ ᠨᠤᠲᠤᠭ ᠨᠢ ᠳᠡᠭᠦᠨ ᠳ᠋ᠤ ᠦᠰᠦᠨ ᠪᠣᠢᠵᠢᠯᠳᠠ ᠵᠢᠨ ᠳᠤᠷᠠᠳᠭᠠᠯ ᠢ᠋ ᠬᠠᠢᠷᠠᠯᠠᠭᠰᠠᠨ ᠵᠢᠡᠷ ᠪᠠᠷᠠᠬᠤ ᠦᠭᠡᠢ᠂ ᠨᠡᠩ ᠴᠤ᠌ ᠳᠡᠭᠦᠨ ᠤ᠋ ᠰᠦᠭ ᠰᠦᠨᠡᠰᠦᠨ ᠳ᠋ᠤᠨᠢ ᠬᠠᠳᠠᠩᠰᠢᠭᠰᠠᠨ ᠨᠤᠳᠤᠭ ᠪᠡᠯᠴᠢᠭᠡᠷ ᠵᠢᠡᠨ ᠰᠠᠬᠢᠨ ᠬᠠᠮᠠᠭᠠᠯᠠᠬᠤ ᠵᠢᠨ ᠳᠠᠷᠬᠠᠨ ᠬᠠᠷᠢᠭᠤᠴᠠᠯᠭ᠎ᠠ ᠵᠢ ᠤᠯᠭᠤᠭᠰᠠᠨ ᠶᠤᠮ᠃
5 ᠰᠠᠷ᠎ᠠ ᠵᠢᠨ ᠰᠡᠭᠦᠯᠴᠢ ᠵᠢᠨ ᠨᠢᠭᠡᠨ ᠦᠷᠯᠦᠭᠡ᠂ ᠳ᠋ᠦᠩ ᠷᠦᠢ ᠸᠸᠨ ᠵᠤᠷᠰᠢᠯ ᠶᠤᠰᠤᠭᠠᠷ ᠴᠠᠭᠠᠨᠪᠤᠯᠠᠭ ᠰᠤᠮᠤ ᠵᠢᠨ ᠰᠠᠩᠳᠠ ᠭᠠᠴᠠᠭ᠎ᠠ ᠵᠢ ᠴᠢᠭᠯᠡᠨ ᠨᠢᠭᠡ ᠡᠳᠦᠷ ᠤ᠋ᠨ ᠠᠵᠢᠯ ᠵᠢᠠᠨ ᠡᠬᠢᠯᠡᠭᠦᠯᠪᠡ᠃ ᠲᠡᠷᠡ ᠲᠡᠭ᠌ᠰᠢ ᠰᠠᠢᠬᠠᠨ ᠴᠠᠷᠳᠠᠮᠠᠯ ᠵᠠᠮ ᠳᠡᠭᠡᠷ᠎ᠡ ᠮᠠᠰᠢᠨ ᠳᠡᠷᠭᠡ ᠳᠠᠪᠬᠢᠭᠤᠯᠬᠤ ᠵᠠᠭᠤᠷ᠎ᠠ ᠬᠠᠷᠠᠭ᠎ᠠ ᠵᠢ ᠮᠢᠯᠢᠶᠠᠭᠰᠠᠨ ᠵᠦᠯᠭᠡᠨ ᠲᠠᠯ᠎ᠠ ᠨᠤᠲᠤᠭ ᠢ᠋ ᠬᠠᠷᠠᠭᠠᠳ᠄ 《ᠨᠢᠳᠤᠨᠤᠨ ᠤ᠋ ᠬᠤᠷ᠎ᠠ ᠪᠣᠷᠣᠭᠠᠨ ᠲᠡᠭᠰᠢ ᠪᠤᠯᠬᠤᠷ ᠪᠡᠯᠴᠢᠭᠡᠷ ᠨᠤᠳᠤᠭ ᠰᠠᠢᠳᠠᠢ᠂ ᠡᠭᠦᠨ ᠳ᠋ᠤ ᠬᠤᠯᠤᠭᠠᠨ᠎ᠠ ᠤᠯᠠᠰᠢᠷᠠᠬᠤ ᠪᠤᠯᠤᠮᠵᠢ ᠴᠦ᠍ ᠶᠡᠭᠡ ᠪᠠᠢᠯ᠎ᠠ᠃ ᠬᠠᠪᠤᠷᠡᠴᠡ ᠨᠠᠭᠠᠰᠢ ᠬᠤᠯᠤᠭᠠᠨ᠎ᠠ ᠵᠢᠨ ᠬᠥᠨᠥᠭᠡᠯ ᠢ᠋ ᠰᠡᠷᠭᠡᠢᠯᠡᠨ ᠵᠠᠰᠠᠬᠤ ᠠᠵᠢᠯ ᠴᠤ᠌ ᠬᠦᠨᠳᠤᠷᠡᠵᠤ᠂ ᠪᠢᠳᠡ ᠡᠷᠲᠡ ᠢᠯᠡᠷᠡᠭᠦᠯᠵᠦ᠍ ᠡᠷᠲᠡ ᠰᠡᠷᠭᠡᠢᠯᠡᠬᠦ᠌ ᠵᠢ ᠴᠢᠩᠭᠠᠳᠬᠠᠵᠤ ᠪᠠᠢᠨ᠎ᠠ》 ᠬᠡᠵᠤ ᠰᠤᠷᠪᠤᠯᠵᠢᠯᠠᠭᠴᠢ ᠳ᠋ᠤ ᠭᠡᠯᠡᠨ᠎ᠠ᠃
ᠠᠯᠤᠰ ᠳᠡᠷᠳᠡᠭᠡ ᠵᠢᠨ ᠪᠡᠯᠴᠢᠭᠡᠷ ᠲᠦ᠍᠂ ᠮᠣᠲ᠋ᠣᠷ ᠤᠨᠤᠭᠰᠠᠨ ᠬᠦᠮᠤᠨᠤ ᠪᠠᠷ᠎ᠠ ᠬᠠᠷᠠᠭᠳᠠᠨ᠎ᠠ᠃ 《ᠲᠡᠷᠡ ᠪᠣᠯ ᠳᠠᠯᠠᠢ ᠠᠬ᠎ᠠ ᠪᠦᠰᠡᠬᠦᠢ ᠲᠠᠢ ᠪᠠᠨ᠂ ᠪᠢᠳᠡ ᠲᠡᠭᠦᠨ ᠤ᠋ ᠪᠡᠯᠴᠢᠭᠡᠷ ᠲᠦ᠍ ᠣᠴᠢᠵᠤ ᠬᠤᠯᠤᠭᠠᠨ᠎ᠠ ᠵᠢᠨ ᠨᠦᠬᠡ ᠵᠢ ᠠᠵᠢᠭ᠍ᠯᠠᠵᠤ ᠦᠵᠡᠶ᠎ᠡ︾ ᠬᠡᠳ ᠳ᠋ᠦᠩ ᠷᠦᠢ ᠸᠧᠨ ᠶᠠᠷᠢᠬᠤ ᠵᠢᠨ ᠳᠠᠭᠠᠤ ᠮᠠᠰᠢᠨ ᠲᠡᠷᠭᠡ ᠪᠡᠨ ᠲᠠᠮᠤᠷ ᠲᠣᠣᠷ ᠤ᠋ᠨ ᠭᠠᠳᠠᠨ᠎ᠠ ᠵᠣᠭ᠍ᠰᠣᠭᠠᠭᠠᠳ ᠮᠠᠯᠴᠢᠨ ᠳᠠᠯᠠᠢ ᠲᠠᠢ ᠤᠴᠢᠵᠤ ᠵᠤᠯᠭᠠᠯ᠎ᠠ ᠃
︽ᠳᠠᠯᠠᠢ ᠠᠬ᠎ᠠ ᠡ ᠂ ᠬᠠᠪᠤᠷ ᠤ᠋ᠨ ᠲᠦᠯ ᠤ᠋ᠨ ᠤᠨᠳᠤᠷᠤᠯᠲᠠ ᠵᠢᠨ ᠨᠣᠷᠮ᠎ᠠ ᠰᠠᠢᠨ ᠪᠢᠵᠡ?》
《ᠰᠠᠢᠨ᠂ ᠤᠨᠳᠤᠷᠤᠯᠲᠠ ᠵᠢᠨ ᠨᠣᠷᠮ᠎ᠠ 99% ᠳ᠋ᠤ ᠬᠦᠷᠴᠡᠶ᠂ ᠨᠢᠳᠤᠨᠤᠨ ᠬᠤᠷ᠎ᠠ ᠪᠣᠷᠣᠭᠠᠨ ᠲᠡᠭᠰᠢ᠂ ᠬᠣᠨᠢ ᠮᠠᠯ ᠲᠠᠷᠭᠤ ᠰᠠᠢᠲᠠᠶ᠃》
《ᠡᠨᠡ ᠵᠢᠯ ᠤ᠋ᠨ ᠬᠤᠯᠤᠭᠠᠨ᠎ᠠ ᠵᠢᠨ ᠬᠥᠨᠥᠭᠡᠯ ᠢ᠋ ᠬᠢᠨᠠᠨ ᠬᠡᠮᠵᠢᠬᠦ᠌ ᠠᠵᠢᠯ ᠢ᠋ ᠦᠨᠡᠨ ᠬᠦ᠌ ᠰᠠᠢᠲᠤᠷ ᠬᠢᠬᠦ ᠴᠢᠬᠤᠯᠠᠲᠠᠢ ᠂ ᠪᠢᠳᠡ ᠬᠤᠯᠤᠭᠠᠨ᠎ᠠ ᠵᠢᠨ ᠬᠥᠨᠥᠭᠡᠯ ᠢ᠋ ᠰᠡᠷᠭᠡᠢᠯᠡᠨ ᠵᠠᠰᠠᠬᠤ ᠡᠯ᠎ᠡ ᠵᠦᠶ᠋ᠯ ᠤ᠋ᠨ ᠠᠵᠢᠯ ᠢ᠋ ᠪᠥᠬᠥ᠌ ᠲᠠᠯ᠎ᠠ ᠪᠠᠷ ᠨᠠᠢᠳᠠᠪᠤᠷᠢᠵᠢᠭᠤᠯᠵᠤ ᠪᠠᠢᠨ᠎ᠠ᠂ ᠰᠡᠷᠭᠡᠢᠯᠡᠨ ᠡᠵᠡᠮᠳᠡᠬᠦ᠌ ᠠᠷᠭ᠎ᠠ ᠬᠡᠮᠵᠢᠶ᠎ᠡ ᠵᠢ ᠴᠠᠭ ᠲᠤᠬᠠᠶ ᠳ᠋ᠤᠨᠢ ᠪᠣᠳᠠᠲᠠᠶ ᠳ᠋ᠤ ᠨᠠᠢᠳᠠᠪᠤᠷᠢᠵᠢᠭᠤᠯᠤᠨ ᠪᠠᠲᠤᠯᠠᠬᠤ ᠴᠢᠬᠤᠯᠠᠳᠠᠢ ᠰᠢᠦ᠃ 》
《ᠰᠠᠨᠠᠭ᠎ᠠ ᠠᠮᠤᠷ ᠪᠠᠢᠭᠠᠷᠠᠢ᠂ ᠡᠳᠦᠷ ᠪᠦᠷᠢ ᠠᠵᠢᠭ᠍ᠯᠠᠵᠤ ᠪᠤᠢ᠂ ᠠᠰᠠᠭᠤᠳᠠᠯ ᠢᠯᠡᠷᠡᠪᠡᠯ ᠡᠡᠭ ᠲᠡᠷᠢᠭᠦᠨ ᠳ᠋ᠦ ᠲᠠᠨ ᠳ᠋ᠤ ᠮᠡᠳᠡᠭᠦᠯᠤᠶᠠ !》
《ᠲᠠᠨᠠᠷ ᠴᠦ᠍ ᠬᠤᠪᠢ ᠪᠡᠶ᠎ᠡ ᠵᠢᠨ ᠰᠡᠷᠭᠡᠢᠯᠡᠯᠲᠡ ᠬᠠᠮᠠᠭᠠᠯᠠᠯᠲᠠ ᠪᠠᠨ ᠰᠠᠢᠲᠤᠷ ᠬᠢᠬᠦ ᠴᠢᠬᠤᠯᠠᠲᠠᠢ ᠰᠢᠦ᠂ ᠦᠷᠭᠦᠯᠵᠢ ᠬᠠᠷᠢᠯᠴᠠᠵᠤ ᠪᠠᠢᠶ᠎ᠠ᠃》
ᠣᠢᠯᠠᠭᠠᠭ᠍ᠰᠠᠨ ᠵᠢᠠᠷ᠂ ᠳᠥᠷᠪᠡᠳ ᠬᠣᠱᠢᠭᠤᠨ ᠤ᠋ ᠣᠶ ᠱᠢᠭᠤᠶ ᠪᠠ ᠨᠤᠲᠤᠭ ᠪᠡᠯᠴᠢᠭᠡᠷ ᠤ᠋ᠨ ᠲᠣᠪᠴᠢᠶ᠎ᠠ ᠵᠢᠨ ᠨᠤᠲᠤᠭ ᠪᠡᠯᠴᠢᠭᠡᠷ ᠤ᠋ᠨ ᠠᠵᠢᠯ ᠤ᠋ᠨ ᠥᠷᠲᠡᠭᠡ ᠵᠢᠨ ᠬᠢᠨ ᠪᠥᠬᠥ᠌ ᠬᠣᠱᠢᠭᠤᠨ ᠤ᠋ 6 ᠰᠤᠮᠤ ᠵᠢᠨ 43 ᠭᠠᠴᠠᠭ᠎ᠠ ᠵᠢᠨ 3000 ᠭᠠᠷᠤᠶ ᠲᠦᠮᠡᠨ ᠮᠥ᠍ ᠨᠤᠳᠤᠭ ᠪᠡᠯᠴᠢᠭᠡᠷ ᠤ᠋ᠨ ᠬᠦᠨᠦᠭᠡᠯᠳᠤ ᠠᠮᠢᠳᠤ ᠪᠣᠳᠠᠰ ᠢ᠋ ᠰᠡᠷᠭᠡᠢᠯᠡᠨ ᠵᠠᠰᠠᠬᠤ ᠪᠠ ᠨᠤᠲᠤᠭ ᠪᠡᠯᠴᠢᠭᠡᠷ ᠤ᠋ᠨ ᠪᠥᠲᠥᠭᠡᠨ ᠪᠠᠢᠭᠤᠯᠤᠯᠲᠠ᠂ ᠠᠮᠢ ᠠᠬᠤᠶ ᠵᠢ ᠵᠠᠰᠠᠨ ᠰᠡᠷᠭᠦᠭᠡᠬᠦ᠌ ᠵᠡᠷᠭᠡ ᠠᠵᠢᠯ ᠢ᠋ ᠬᠠᠷᠢᠭᠤᠴᠠᠵᠤ ᠪᠤᠢ᠃

《ᠳ᠋ᠦᠩ ᠷᠦᠢ ᠸᠸᠨ ᠨᠠᠷ ᠤ᠋ᠨ ᠠᠵᠢᠯ ᠮᠠᠰᠢ ᠶᠠᠳᠠᠷᠠᠯᠲᠠᠢ᠂ ᠢᠯᠠᠩᠭᠤᠶ᠎ᠠ ᠬᠣᠷᠣᠬᠠᠢ ᠵᠢᠨ ᠬᠦᠨᠦᠭᠡᠯ ᠬᠦᠨᠳᠦ ᠨᠣᠴᠢᠲᠠᠢ ᠦᠶ᠎ᠡ ᠳ᠋ᠦ ᠲᠡᠷᠡ ᠥᠷᠯᠥᠭᠡ ᠵᠢᠨ 3 ᠴᠠᠭ ᠡᠴᠡ ᠡᠬᠢᠯᠡᠨ ᠲᠷᠠᠺᠲ᠋ᠣᠷ ᠮᠠᠰᠢᠨ᠂ ᠵᠢᠯᠣᠭᠣᠴᠢ ᠦᠭᠡᠢ ᠨᠢᠰᠭᠡᠯ᠂ ᠡᠭ᠌ᠴᠡ ᠨᠢᠰᠭᠡᠯ ᠵᠢᠡᠷ ᠡᠮ ᠰᠦᠷᠴᠢᠬᠦ ᠠᠵᠢᠯ ᠬᠢᠳᠡᠭ᠃ ᠡᠨᠡ ᠬᠦ᠌ ᠠᠵᠢᠯ ᠨᠢ ᠠᠷᠪᠠᠨ ᠬᠡᠳᠦᠨ ᠡᠳᠦᠷ ᠡᠴᠡ ᠰᠠᠷ᠎ᠠ ᠰᠢᠬᠠᠮ ᠦᠷᠭᠦᠯᠵᠢᠯᠡᠵᠤ ᠂ ᠤᠨᠴᠠ ᠶᠠᠳᠠᠷᠠᠭ᠎ᠠ ᠲᠠᠢ》 ᠬᠡᠵᠤ ᠮᠠᠯᠴᠢᠨ ᠳᠠᠯᠠᠢ ᠰᠤᠷᠪᠤᠯᠵᠢᠯᠠᠭᠴᠢ ᠳ᠋ᠤ ᠭᠡᠯᠡᠨ᠎ᠠ᠃
ᠨᠤᠳᠤᠭ ᠪᠡᠯᠴᠢᠭᠡᠷ ᠪᠤᠯ ᠮᠠᠯᠴᠢᠳ ᠤ᠋ᠨ ᠦᠢᠯᠡᠳᠪᠦᠷᠢᠯᠡᠯ ᠠᠮᠢᠳᠤᠷᠠᠯ ᠤ᠋ᠨ ᠰᠠᠭᠤᠷᠢ ᠲᠤᠯᠠ ᠪᠡᠯᠴᠢᠭᠡᠷ ᠬᠠᠮᠠᠭᠠᠯᠠᠬᠤ ᠠᠵᠢᠯ ᠤ᠋ᠨ ᠡᠭᠦᠷᠭᠡ ᠮᠠᠰᠢ ᠴᠢᠬᠤᠯᠠ ᠪᠠᠢᠯ᠎ᠠ᠃ ᠮᠠᠯᠴᠢᠳ ᠤ᠋ᠨ ᠣᠷᠣᠱᠢᠨ ᠠᠮᠢᠳᠤᠷᠠᠵᠤ ᠪᠠᠢᠭ᠎ᠠ ᠲᠠᠯ᠎ᠠ ᠨᠤᠲᠤᠭ ᠢ᠋ ᠰᠠᠢᠲᠤᠷ ᠬᠠᠮᠠᠭᠠᠯᠠᠵᠤ᠂ ᠨᠠᠩ ᠴᠤ᠌ ᠪᠥᠬᠥ᠌ ᠬᠣᠱᠢᠭᠤᠨ ᠤ᠋ ᠲᠠᠯ᠎ᠠ ᠨᠤᠲᠤᠭ ᠤ᠋ᠨ ᠠᠮᠢ ᠠᠬᠤᠶ ᠵᠢᠨ ᠠᠮᠤᠷ ᠲᠦᠪᠱᠢᠨ ᠢ᠋ ᠬᠠᠮᠠᠭᠠᠯᠠᠬᠤ ᠪᠤᠯ ᠳ᠋ᠦᠩ ᠷᠦᠢ ᠸᠸᠨ ᠨᠠᠷ ᠤ᠋ᠨ ᠳᠠᠷᠬᠠᠨ ᠬᠠᠷᠢᠭᠤᠴᠠᠯᠭ᠎ᠠ ᠪᠤᠯᠬᠤ ᠠᠵᠢ᠃
ᠳ᠋ᠦᠩ ᠷᠦᠢ ᠸᠸᠨ ᠤ᠋ ᠲᠠᠭᠠᠭᠤᠯᠭ᠎ᠠ ᠪᠠᠷ ᠰᠤᠷᠪᠤᠯᠵᠢᠯᠠᠭᠴᠢ ᠰᠠᠩᠳᠠ ᠭᠠᠴᠠᠭ᠎ᠠ ᠵᠢᠨ ᠨᠠᠮ ᠤ᠋ᠨ ᠡᠭᠦᠷ ᠤ᠋ᠨ ᠱᠦᠵᠢ ᠰᠡᠴᠡᠨᠪᠠᠭᠠᠲᠤᠷ ᠤ᠋ᠨ ᠬᠢᠨ ᠳ᠋ᠤ ᠬᠦᠷᠦᠯ᠎ᠡ᠃ ᠳ᠋ᠦᠩ ᠷᠦᠢ ᠸᠸᠨ ᠤᠬᠠᠭᠤᠯᠭ᠎ᠠ ᠵᠢᠨ ᠮᠠᠲ᠋ᠧᠷᠢᠶᠠᠯ ᠵᠢᠡᠨ ᠭᠠᠷᠭᠠᠵᠤ᠂ ᠰᠡᠴᠡᠨᠪᠠᠭᠠᠲᠤᠷ ᠲᠦ᠍ ᠨᠢᠭᠡᠳ ᠨᠢᠭᠡ ᠪᠡᠷ ᠬᠢᠨᠠᠮᠠᠭᠠᠢ ᠲᠠᠢᠯᠪᠤᠷᠢᠯᠡᠯᠳᠠ ᠬᠢᠨ᠎ᠡ ᠁ ᠰᠡᠴᠡᠨᠪᠠᠭᠠᠲᠤᠷ ᠪᠠᠰᠠ ᠳᠤᠰ ᠭᠠᠴᠠᠭ᠎ᠠ ᠵᠢᠨ ᠨᠤᠲᠤᠭ ᠪᠡᠯᠴᠢᠭᠡᠷ ᠤ᠋ᠨ ᠬᠥᠨᠥᠭᠡᠯᠲᠦ ᠠᠮᠢᠳᠤ ᠪᠣᠳᠠᠰ ᠤ᠋ᠨ ᠬᠢᠨᠡᠨ ᠮᠡᠳᠡᠭᠡᠯᠡᠭ᠌ᠴᠢ ᠵᠢᠨ ᠳᠤᠰᠢᠶᠠᠯ ᠢ᠋ ᠬᠠᠷᠢᠭᠤᠴᠠᠵᠤ ᠪᠠᠢᠳᠠᠭ᠃
ᠰᠠᠩᠳᠠ ᠭᠠᠴᠠᠭ᠎ᠠ ᠳ᠋ᠤ ᠨᠡᠢᠲᠡ 66 ᠡᠷᠦᠬᠡ᠂ 40.3 ᠲᠦᠮᠡᠨ ᠮᠥ᠍ ᠪᠡᠯᠴᠢᠭᠡᠷ ᠲᠡᠶ᠂ 13000 ᠭᠠᠷᠤᠶ ᠬᠣᠨᠢ᠂ 400 ᠭᠠᠷᠤᠶ ᠠᠳᠤᠭᠤ᠂ 300 ᠭᠠᠷᠤᠶ ᠦᠬᠡᠷ ᠲᠡᠵᠢᠭᠡᠵᠦ᠍ ᠪᠤᠢ᠃ ᠳ᠋ᠦᠩ ᠷᠦᠢ ᠸᠸᠨ ᠵᠢᠴᠢ ᠨᠤᠲᠤᠭ ᠪᠡᠯᠴᠢᠭᠡᠷ ᠤ᠋ᠨ ᠠᠵᠢᠯ ᠤ᠋ᠨ ᠥᠷᠲᠡᠭᠡ ᠵᠢᠨ ᠪᠥᠬᠥ᠌ ᠠᠵᠢᠯᠲᠠᠨ ᠪᠤᠯᠤᠨ ᠭᠠᠴᠠᠭᠠᠨ ᠤ᠋ ᠮᠠᠯᠴᠢᠳ ᠤ᠋ᠨ ᠬᠠᠮᠲᠤ ᠵᠢᠨ ᠴᠢᠷᠮᠠᠢᠯᠭ᠎ᠠ ᠪᠠᠷ ᠬᠣᠷᠣᠬᠠᠶ ᠵᠢᠨ ᠬᠥᠨᠥᠭᠡᠯ ᠬᠤᠯᠤᠭᠠᠨ᠎ᠠ ᠵᠢᠨ ᠬᠥᠨᠥᠭᠡᠯ ᠢ᠋ ᠡᠷᠲᠡ ᠢᠯᠡᠷᠡᠭᠦᠯᠬᠦ᠌ ᠡᠷᠲᠡ ᠮᠡᠳᠡᠭᠦᠯᠬᠦ᠌ ᠡᠷᠲᠡ ᠰᠡᠷᠭᠡᠢᠯᠡᠬᠦ᠌ ᠵᠢ ᠦᠨᠡᠨ ᠬᠦ᠌ ᠪᠠᠲᠤᠯᠠᠵᠤ᠂ ᠣᠢᠷ᠎ᠠ ᠵᠢᠨ ᠬᠡᠳᠦᠨ ᠵᠢᠯ ᠳ᠋ᠦ ᠲᠣᠰ ᠭᠠᠴᠠᠭ᠎ᠠ ᠳ᠋ᠤ ᠬᠤᠯᠤᠭᠠᠨ᠎ᠠ ᠵᠢᠨ ᠭᠠᠮᠱᠢᠭ ᠶᠡᠷᠦ ᠭᠠᠷᠤᠭᠰᠠᠨ ᠥᠬᠡᠶ᠃ 《ᠳ᠋ᠦᠩ ᠷᠦᠢ ᠸᠸᠨ ᠲᠡᠶ ᠲᠠᠨᠢᠯᠴᠠᠭᠠᠳ 20 ᠭᠠᠷᠤᠶ ᠵᠢᠯ ᠪᠣᠯᠵᠣ ᠪᠠᠢᠨ᠎ᠠ᠂ ᠲᠡᠷᠡ ᠠᠵᠢᠯ ᠳ᠋ᠠᠭᠠᠨ ᠤᠨᠴᠠ ᠬᠢᠨᠠᠮᠠᠭᠠᠶ᠂ ᠨᠢᠭᠡ ᠯᠡ ᠵᠦᠢᠯ ᠤ᠋ᠨ ᠤᠬᠠᠭᠤᠯᠭ᠎ᠠ ᠵᠢᠨ ᠠᠵᠢᠯ ᠤ᠋ᠨ ᠲᠦᠯᠦᠭᠡ ᠭᠠᠴᠠᠭ᠎ᠠ ᠤᠷᠤᠭᠤ ᠬᠡᠲᠦ ᠤᠳᠠᠭ᠎ᠠ ᠲᠠᠪᠬᠢᠵᠤ᠂ ᠲᠥᠬᠥᠮ ᠣᠢᠯᠠᠭᠠᠮᠵᠢᠲᠠᠶ ᠦᠭᠡ ᠬᠡᠯᠡ ᠪᠡᠷ ᠮᠠᠯᠴᠢᠳ ᠲᠦ᠍ ᠨᠤᠲᠤᠭ ᠪᠡᠯᠴᠢᠭᠡᠷ ᠤ᠋ᠨ ᠬᠠᠮᠠᠭᠠᠯᠠᠯᠲᠠ ᠵᠢᠨ ᠴᠢᠬᠤᠯᠠ ᠴᠢᠨᠠᠷ ᠵᠢᠴᠢ ᠬᠠᠮᠢᠶ᠎ᠠ ᠪᠥᠬᠥᠶ ᠲᠥᠷᠥ ᠵᠢᠨ ᠪᠣᠳᠣᠯᠭ᠎ᠠ ᠬᠠᠤᠯᠢ ᠲᠣᠭ᠍ᠲᠠᠭᠠᠯ ᠢ᠋ ᠲᠠᠢᠯᠪᠤᠷᠢᠯᠠᠨ ᠦᠭᠴᠤ᠂ ᠮᠠᠯᠴᠢᠳ ᠤ᠋ᠨ ᠠᠮᠢ ᠠᠬᠤᠶ ᠵᠢ ᠬᠠᠮᠠᠭᠠᠯᠠᠬᠤ ᠤᠬᠠᠮᠰᠠᠷ ᠢ᠋ ᠪᠦᠲᠦᠮᠵᠢᠲᠡᠶ ᠲᠡᠭᠡᠭᠰᠢᠯᠡᠬᠦᠯᠤᠨ᠂ ᠨᠤᠲᠤᠭ ᠪᠡᠯᠴᠢᠭᠡᠷ ᠢ᠋ ᠬᠠᠮᠠᠭᠠᠯᠠᠬᠤ ᠰᠠᠢᠨ ᠰᠠᠢᠬᠠᠨ ᠠᠭᠤᠷ ᠠᠮᠢᠰᠭᠤᠯ ᠢ᠋ ᠪᠣᠶ ᠪᠣᠯᠭᠠᠵᠤ᠂ ᠣᠯᠠᠨ ᠵᠢᠠᠷ ᠵᠢᠠᠨ ᠰᠡᠷᠭᠡᠢᠯᠡᠵᠦ᠍ ᠣᠯᠠᠨ ᠵᠢᠠᠷ ᠵᠢᠠᠨ ᠵᠠᠰᠠᠬᠤ ᠠᠵᠢᠯ ᠤ᠋ᠨ ᠠᠮᠵᠢᠯᠳᠠ ᠵᠢ ᠣᠯᠤᠭ᠍ᠰᠠᠨ ᠪᠠᠢᠨ᠎ᠠ》 ᠬᠡᠵᠤ ᠰᠡᠴᠡᠨᠪᠠᠭᠠᠲᠤᠷ ᠪᠤᠳᠤᠯ ᠵᠢᠡᠨ ᠲᠡᠯᠭᠡᠨ᠎ᠠ᠃
ᠠᠵᠢᠯᠴᠢᠨ ᠲᠣᠬᠢᠷᠠᠭᠤᠯᠵᠤ ᠡᠮ ᠰᠦᠷᠴᠢᠬᠦ ᠪᠤᠯ ᠳᠡᠭᠦᠨ ᠤ᠋ ᠡᠨᠡ ᠡᠳᠦᠷ ᠤ᠋ᠨ ᠴᠢᠬᠤᠯᠠ ᠠᠵᠢᠯ ᠤᠨ ᠨᠢᠭᠡ ᠪᠤᠯᠤᠨ᠎ᠠ᠃ ᠪᠢᠳᠡ ᠰᠡᠴᠡᠨᠪᠠᠭᠠᠲᠤᠷ ᠤ᠋ᠨ ᠬᠢᠨ ᠡᠴᠡ ᠠᠶᠠᠷᠯᠠᠭᠠᠳ ᠨᠤᠲᠤᠭ ᠪᠡᠯᠴᠢᠭᠡᠷ ᠤ᠋ᠨ ᠠᠵᠢᠯ ᠤ᠋ᠨ ᠥᠷᠲᠡᠭᠡ ᠵᠢᠨ ᠰᠠᠭᠤᠷᠢᠨ ᠳ᠋ᠤ ᠬᠦᠷᠦᠯ᠎ᠡ᠃ ᠪᠡᠯᠴᠢᠭᠡᠷ ᠳᠡᠭᠡᠷ᠎ᠡ 10 ᠭᠠᠷᠤᠢ ᠲᠤᠮᠤ ᠬᠡᠯᠪᠡᠷᠢ ᠵᠢᠨ ᠲᠷᠠᠺᠲ᠋ᠣᠷ ᠮᠠᠰᠢᠨ ᠵᠣᠭ᠍ᠰᠣᠵᠤ᠂ ᠤᠯᠠᠨ ᠬᠦᠮᠦᠰ ᠲᠤᠨᠤᠭ ᠲᠥᠬᠥᠭᠡᠷᠦᠮᠵᠢ ᠤᠭ᠍ᠰᠠᠷᠠᠵᠤ᠂ ᠬᠤᠯᠤᠭᠠᠨ᠎ᠠ ᠤᠰᠠᠳᠭᠠᠬᠤ ᠡᠮ ᠰᠠᠪᠠᠯᠠᠵᠤ ᠶᠠᠭᠠᠷᠠᠨ᠎ᠠ᠃ 《ᠤᠯᠠᠨ ᠵᠢᠠᠷ ᠵᠢᠠᠨ ᠠᠮᠠᠪᠴᠢ ᠵᠡᠭᠦᠵᠦ᠍᠂ ᠬᠠᠮᠠᠭᠠᠯᠠᠯᠲᠠ ᠵᠢᠨ ᠬᠤᠪᠴᠠᠰᠤ ᠪᠠᠨ ᠰᠠᠢᠳᠤᠷ ᠡᠮᠦᠰᠬᠦ ᠬᠡᠷᠡᠭ᠌ᠲᠡᠢ᠃ ᠡᠮ ᠰᠦᠷᠴᠢᠬᠦ ᠶᠠᠪᠤᠴᠠ ᠳ᠋ᠤ ᠵᠠᠪᠠᠯ ᠥᠨᠴᠥᠭ ᠪᠤᠯᠤᠩ ᠦᠯᠡᠳᠡᠭᠡᠬᠦ᠌ ᠥᠬᠡᠶ ᠵᠢᠭ᠌ᠳᠡ ᠪᠡᠷ ᠰᠦᠷᠴᠢᠬᠦ᠌ ᠵᠢ ᠪᠠᠲᠤᠯᠠᠬᠤ ᠬᠡᠷᠡᠭ᠌ᠲᠡᠶ︾ᠬᠡᠵᠤ ᠳ᠋ᠦᠩ ᠷᠦᠢ ᠸᠸᠨ ᠮᠠᠰᠢᠨ ᠳᠡᠷᠭᠡ ᠪᠤᠯᠭᠠᠨᠢ ᠳᠤᠭᠤᠷᠢᠨ ᠪᠠᠢᠴᠠᠭᠠᠭᠰᠠᠨ ᠤ᠋ ᠪᠠᠨ ᠳᠠᠷᠠᠭ᠎ᠠ ᠠᠵᠢᠯᠴᠢᠳ ᠲᠦ᠍ ᠲᠠᠬᠢᠨ ᠲᠠᠪᠳᠠᠨ ᠰᠠᠨᠠᠭᠤᠯᠭ᠎ᠠ ᠬᠢᠨ᠎ᠠ᠃
ᠠᠵᠢᠯ ᠤ᠋ᠨ ᠭᠠᠷᠤᠭ᠎ᠠ ᠠᠪᠤᠭᠰᠠᠨ ᠡᠴᠡ ᠪᠠᠨ ᠨᠠᠭᠠᠰᠢ᠂ ᠳ᠋ᠦᠩ ᠷᠦᠢ ᠸᠸᠨ ᠮᠠᠯᠴᠢᠳ ᠤ᠋ᠨ ᠦᠶ᠋ᠯᠡᠳᠪᠦᠷᠢᠯᠡᠯ ᠠᠮᠢᠳᠤᠷᠠᠯ ᠤ᠋ᠨ ᠳᠤᠮᠳᠠᠬᠢ ᠬᠦᠴᠢᠷ ᠵᠣᠪᠠᠭᠤᠷᠢ ᠵᠢ ᠭᠦᠨᠵᠡᠭᠡᠶ ᠣᠢᠯᠠᠭᠠᠨ ᠪᠣᠳᠠᠲᠠᠶ ᠠᠰᠠᠭᠤᠳᠠᠯ ᠢ᠋ ᠦᠨᠡᠨ ᠬᠦ᠌ ᠱᠢᠶ᠋ᠳᠪᠦᠷᠢᠯᠡᠬᠦ᠌ ᠵᠢᠨ ᠲᠥᠯᠥᠭᠡ᠂ ᠤᠷᠢᠳ ᠬᠣᠵᠢᠳ《ᠨᠢᠭᠡ ᠲᠦᠷᠦᠯ ᠤ᠋ᠨ ᠨᠤᠲᠤᠭ ᠪᠡᠯᠴᠢᠭᠡᠷ ᠤ᠋ᠨ ᠠᠮᠢ ᠠᠬᠤᠶ ᠵᠢᠨ ᠬᠥᠷᠥᠰᠥ᠍ ᠱᠢᠷᠣᠶ ᠵᠢ ᠵᠠᠰᠠᠨ ᠰᠡᠷᠭᠦᠭᠡᠬᠦ᠌ ᠳ᠋ᠦ ᠬᠡᠷᠡᠭ᠌ᠯᠡᠬᠦ᠌ ᠰᠦᠷᠴᠢᠭᠦᠷ ᠲᠥᠬᠥᠭᠡᠷᠦᠮᠵᠢ》 ᠵᠡᠷᠭᠡ 10 ᠭᠠᠷᠤᠶ ᠲᠤᠰᠭᠠᠶ ᠠᠱᠢᠭ ᠢ᠋ ᠡᠭᠦᠳᠪᠡ᠃ ᠪᠠᠰᠠ 《ᠡᠪᠡᠰᠦᠲᠦ ᠲᠠᠯ᠎ᠠ ᠵᠢᠨ ᠬᠣᠷᠣᠬᠠᠶ ᠵᠢᠨ ᠬᠥᠨᠥᠭᠡᠯ ᠢ᠋ ᠪᠤᠬᠢᠷᠳᠤᠯ ᠦᠭᠡᠢ ᠪᠡᠷ ᠰᠡᠷᠭᠡᠢᠯᠡᠨ ᠡᠵᠡᠮᠳᠡᠬᠦ᠌ ᠰᠤᠳᠤᠯᠭᠠᠨ ᠪᠠ ᠬᠡᠷᠡᠭ᠌ᠯᠡᠭᠡᠨ ᠤ᠋ ᠰᠤᠳᠤᠯᠤᠯ》᠂ 《ᠤᠯᠠᠭᠠᠨᠴᠠᠪ ᠬᠣᠲᠠ ᠵᠢᠨ ᠲᠠᠯ᠎ᠠ ᠨᠤᠲᠤᠭ ᠤ᠋ᠨ ᠬᠦᠨᠦᠭᠡᠯᠳᠤ ᠠᠮᠢᠳᠤ ᠪᠣᠳᠠᠰ ᠤ᠋ᠨ ᠪᠤᠳᠤᠭ᠍ᠲᠤ ᠵᠢᠷᠤᠭ᠍ᠲᠤ ᠲᠣᠯᠢ》 ᠵᠡᠷᠭᠡ 10 ᠭᠠᠷᠤᠢ ᠦᠭᠦᠯᠡᠯ ᠢ᠋ ᠨᠡᠢᠲᠡᠯᠡᠬᠦᠯᠬᠦ ᠵᠢᠨ ᠬᠠᠮᠲᠤ ᠪᠥᠬᠥ᠌ ᠤᠯᠤᠰ ᠤ᠋ᠨ ᠲᠠᠷᠢᠶᠠᠯᠠᠩ ᠮᠠᠯ ᠠᠵᠤ ᠠᠬᠤᠶ ᠵᠢᠭᠠᠰᠤᠨ ᠤ᠋ ᠠᠵᠤ ᠠᠬᠤᠶ ᠵᠢᠨ ᠡᠯᠪᠡᠭ ᠬᠤᠷᠢᠶᠠᠯᠲᠠ ᠵᠢᠨ ᠱᠠᠩᠨᠠᠯ ᠤ᠋ᠨ ᠭᠤᠷᠪᠠᠳᠤᠭᠠᠷ ᠳᠡᠰ ᠤ᠋ᠨ ᠱᠠᠩᠨᠠᠯ ᠵᠡᠷᠭᠡ ᠵᠢ ᠭᠥᠷᠳᠡᠵᠤ ᠦᠡᠭᠭᠡᠷᠡᠵᠠᠢ᠃
ᠢᠷᠠᠭᠤ ᠠᠯᠳᠠᠷ ᠮᠠᠭᠳᠠᠭᠠᠯ ᠰᠠᠢᠰᠢᠶᠠᠯ ᠤ᠋ᠨ ᠡᠮᠦᠨ᠎ᠡ᠂ ᠲᠡᠷᠡ ᠢᠮᠠᠭ᠍ᠲᠠ ᠳᠠᠷᠤᠤ ᠬᠢᠴᠢᠶᠡᠩᠭᠦᠢ ᠪᠠᠢᠵᠤ᠂ ᠤᠬ ᠰᠠᠨᠠᠭ᠎ᠠ ᠪᠠᠨ ᠪᠠᠷᠢᠮᠲᠠᠯᠠᠨ᠂ ᠦᠨᠳᠦᠰᠦᠨ ᠱᠠᠲᠤᠨ ᠤ᠋ ᠠᠵᠢᠯ ᠳ᠋ᠤ ᠨᠢᠭᠡ ᠰᠡᠳᠬᠢᠯ ᠨᠢᠭᠡ ᠵᠤᠷᠢᠭᠵᠢᠡᠷ ᠴᠢᠷᠮᠠᠢᠨ ᠠᠵᠢᠯᠯᠠᠵᠤ᠂ ᠲᠦᠷᠪᠠᠳ ᠨᠤᠲᠤᠭ ᠤ᠋ᠨ ᠠᠮᠢ ᠠᠬᠤᠢ ᠵᠢᠨ ᠦᠢᠯᠡᠰ ᠲᠤ᠌ ᠤᠶᠤᠨ ᠤᠬᠠᠭᠠᠨ ᠬᠦᠴᠤᠨ ᠴᠢᠳᠠᠯ ᠵᠢᠡᠨ ᠬᠠᠷᠠᠮ ᠦᠭᠡᠢ ᠵᠣᠷᠢᠭᠤᠯᠵᠤ᠂ ᠪᠠᠯᠴᠢᠭᠡᠷ ᠬᠠᠮᠠᠭᠠᠯᠠᠭ᠍ᠴᠢᠵᠢᠨ ᠡᠬᠦᠷᠭᠡ ᠬᠠᠷᠢᠭᠤᠴᠠᠯᠭ᠎ᠠ ᠪᠠᠨ ᠰᠠᠢᠳᠤᠷ ᠬᠦᠢᠴᠡᠳᠭᠡᠵᠤ ᠢᠷᠠᠪᠠ᠃ 《ᠪᠢ ᠦᠷᠭᠦᠯᠵᠢᠯᠡᠨ ᠦᠨᠳᠦᠰᠦᠨ ᠱᠠᠲᠤᠨ ᠳ᠋ᠤ ᠬᠦᠨᠵᠡᠭᠡᠢᠷᠡᠵᠤ᠂ 〈ᠤᠷᠠᠨ ᠳᠠᠷᠬᠠᠨ ᠤ᠋ ᠵᠣᠷᠢᠭ ᠰᠠᠨᠠᠭ᠎ᠠ〉 ᠪᠡᠷ ᠨᠤᠲᠤᠭ ᠪᠡᠯᠴᠢᠭᠡᠷ ᠤ᠋ᠨ ᠠᠮᠢ ᠠᠬᠤᠢ ᠵᠢᠨ ᠠᠮᠤᠷ ᠲᠦᠪᠱᠢᠨ᠂ ᠮᠠᠯᠴᠢᠳ ᠤ᠋ᠨ ᠦᠢᠯᠡᠳᠪᠦᠷᠢᠯᠡᠯ ᠠᠮᠢᠳᠤᠷᠠᠯ ᠤ᠋ᠨ ᠪᠠᠲᠤᠯᠠᠭ᠎ᠠ ᠵᠢᠴᠢ ᠪᠦᠬᠦ᠌ ᠬᠣᠱᠢᠭᠤᠨ ᠤ᠋ ᠠᠵᠤ ᠠᠬᠤᠢ ᠨᠡᠢᠭᠡᠮ ᠤ᠋ᠨ ᠴᠢᠨᠠᠷ ᠰᠠᠢᠲᠠᠢ ᠬᠥᠭ᠌ᠵᠢᠯᠲᠡ ᠳ᠋ᠦ ᠥᠪᠡᠷ ᠤ᠋ᠨ ᠨᠢᠭᠡᠨ ᠮᠦᠷᠦᠵᠢᠨ ᠬᠦᠴᠤᠨ ᠴᠢᠳᠠᠯ ᠵᠢᠠᠨ ᠨᠠᠮᠠᠷᠢᠯᠡᠨ᠎ᠠ》 ᠭᠡᠵᠦ᠍ ᠳ᠋ᠦᠩ ᠷᠦᠢ ᠸᠸᠨ ᠵᠤᠷᠢᠭᠵᠢᠡᠨ ᠬᠦᠪᠴᠢᠯᠠᠵᠤ ᠵᠤᠷᠢᠯᠳᠠ ᠪᠠᠨ ᠲᠤᠳᠤᠷᠠᠭᠤᠯᠤᠨ᠎ᠠ᠃