ᠦᠪᠤᠷ ᠮᠤᠩᠭᠤᠯ ᠤ᠋ᠨ ᠤᠯᠠᠨ ᠭᠠᠵᠠᠷ ᠲᠦ᠍ ᠲᠤᠮᠳᠠ ᠡᠴᠡ ᠶᠡᠬᠡ ᠪᠤᠷᠤᠭᠠᠨ ᠤᠷᠤᠨ᠎ᠠ
2026-06-12 10:34:49
ᠵᠣᠬᠢᠶᠠᠭ᠍ᠴᠢ᠄
ᠨᠠᠮᠤᠭ
ᠣᠩᠱᠢᠭ᠍ᠰᠠᠨ ᠣᠳᠠᠭ᠎ᠠ᠄
★★★☆☆

ᠵᠠᠷᠢᠮ ᠭᠠᠵᠠᠷ ᠲᠦ᠍ ᠰᠢᠷᠤᠬᠦᠨ ᠪᠤᠷᠤᠭᠠᠨ ᠤᠷᠤᠨ᠎ᠠ


ᠦᠪᠤᠷ ᠮᠤᠩᠭᠤᠯ ᠤ᠋ᠨ ᠦᠪᠡᠷᠳᠡᠬᠡᠨ ᠵᠠᠰᠠᠬᠤ ᠤᠷᠤᠨ ᠤ᠋ ᠴᠠᠭ ᠠᠭᠤᠷ ᠤ᠋ᠨ ᠲᠤᠪᠴᠢᠶ᠎ᠠ ᠡᠴᠡ ᠤᠢᠯᠠᠭᠠᠭᠰᠠᠨ ᠵᠢᠡᠷ᠂ ᠢᠷᠡᠬᠦ ᠬᠤᠶᠠᠷ ᠡᠳᠤᠷ ᠤᠯᠠᠭᠠᠨᠴᠠᠪ ᠡᠴᠡ ᠵᠡᠬᠦᠨᠰᠢ ᠬᠦᠯᠦᠨ ᠪᠤᠢᠷ ᠬᠦᠷᠳᠡᠯ᠎ᠠ ᠦᠪᠤᠷ ᠮᠤᠩᠭᠤᠯ ᠤ᠋ᠨ ᠤᠯᠠᠨ ᠭᠠᠵᠠᠷ ᠲᠦ᠍ ᠲᠤᠮᠳᠠ ᠡᠴᠡ ᠶᠡᠬᠡ ᠪᠤᠷᠤᠭᠠᠨ ᠤᠷᠤᠵᠤ᠂ ᠵᠠᠷᠢᠮ ᠭᠠᠵᠠᠷ ᠲᠦ᠍ ᠰᠢᠷᠤᠬᠦᠨ ᠪᠤᠷᠤᠭᠠᠨ ᠤᠷᠤᠨ᠎ᠠ᠃

6 ᠰᠠᠷ᠎ᠠ ᠵᠢᠨ 12 ᠤ᠋ᠨ ᠡᠳᠤᠷ ᠤ᠋ᠨ 20 ᠴᠠᠭ ᠡᠴᠡ 13 ᠤ᠋ ᠡᠳᠤᠷ ᠤ᠋ᠨ 20 ᠴᠠᠭ ᠪᠤᠯᠳᠠᠯ᠎ᠠ᠂ ᠤᠯᠠᠭᠠᠨᠴᠠᠪ ᠬᠤᠳᠠ ᠵᠢᠨ ᠡᠮᠤᠨ᠎ᠠ ᠪᠠᠶ᠎ᠠ᠂ ᠰᠢᠯᠢ ᠵᠢᠨ ᠭᠤᠤᠯ ᠠᠢᠮᠠᠭ ᠤ᠋ᠨ ᠡᠮᠤᠨ᠎ᠠ ᠪᠠᠶ᠎ᠠ ᠪᠤᠯᠤᠨ ᠬᠤᠢᠳᠤ ᠪᠠᠶ᠎ᠠ ᠵᠢᠨ ᠬᠡᠰᠡᠭ ᠭᠠᠵᠠᠷ᠂ ᠤᠯᠠᠭᠠᠨᠬᠠᠳᠠ ᠬᠤᠳᠠ ᠵᠢᠨ ᠶᠡᠬᠡᠩᠬᠢ ᠭᠠᠵᠠᠷ᠂ ᠲᠦᠩᠯᠢᠶᠤᠤ ᠬᠤᠳᠠ ᠵᠢᠨ ᠶᠡᠬᠡᠩᠬᠢ ᠭᠠᠵᠠᠷ᠂ ᠬᠢᠩᠭᠠᠨ ᠠᠢᠮᠠᠭ ᠤ᠋ᠨ ᠵᠡᠬᠦᠨ ᠡᠮᠤᠨ᠎ᠠ ᠪᠠᠶ᠎ᠠ᠂ ᠬᠦᠯᠦᠨ ᠪᠤᠢᠷ ᠬᠤᠳᠠ ᠵᠢᠨ ᠡᠮᠤᠨ᠎ᠠ ᠪᠠᠶ᠎ᠠ ᠵᠢᠨ ᠬᠡᠰᠡᠭ ᠭᠠᠵᠠᠷ ᠲᠦ᠍ ᠲᠤᠮᠳᠠ ᠡᠴᠡ ᠶᠡᠬᠡ ᠪᠤᠷᠤᠭᠠᠨ ᠤᠷᠤᠵᠤ᠂ ᠵᠠᠷᠢᠮ ᠭᠠᠵᠠᠷ ᠲᠦ᠍ ᠠᠶᠤᠩᠭᠠᠳᠤ ᠪᠤᠷᠤᠭᠠᠨ ᠶᠡᠬᠡ ᠰᠠᠯᠬᠢ᠂ ᠮᠦᠨᠳᠤᠷ ᠵᠡᠷᠬᠡ ᠴᠢᠩᠭ᠎ᠠ ᠰᠤᠯᠢᠭ ᠤᠷᠤᠰᠬᠠᠯᠳᠤ ᠴᠠᠭ ᠠᠭᠤᠷ ᠲᠠᠭᠠᠯᠳᠤᠨ᠎ᠠ᠃ ᠠᠯᠠᠱᠠ ᠠᠢᠮᠠᠭ ᠤ᠋ᠨ ᠪᠠᠷᠠᠭᠤᠨ ᠪᠠᠶ᠎ᠠ ᠳ᠋ᠤ 35 ᠭᠷᠠᠳᠦ᠋ᠰ ᠡᠴᠡ ᠲᠠᠬᠡᠭᠰᠢᠬᠢ ᠪᠦᠭᠴᠢᠮ᠎ᠠ ᠬᠠᠯᠠᠭᠤᠨ ᠠᠭᠤᠷ ᠠᠮᠢᠰᠬᠤᠯ ᠢᠯᠡᠷᠡᠵᠤ᠂ ᠵᠠᠷᠢᠮ ᠭᠠᠵᠠᠷ ᠲᠦ᠍ 37 ᠭᠷᠠᠳᠦ᠋ᠰ ᠡᠴᠡ ᠲᠠᠬᠡᠭᠰᠢᠬᠢ ᠠᠭᠠᠬᠢᠮ᠎ᠠ ᠬᠠᠯᠠᠭᠤᠨ ᠠᠭᠤᠷ ᠠᠮᠢᠰᠬᠤᠯ ᠢᠯᠡᠷᠡᠨ᠎ᠠ᠃

6 ᠰᠠᠷ᠎ᠠ ᠵᠢᠨ 13 ᠤ᠋ ᠡᠳᠤᠷ ᠤ᠋ᠨ 20 ᠴᠠᠭ ᠡᠴᠡ 14 ᠤ᠋ ᠡᠳᠤᠷ ᠤ᠋ᠨ 20 ᠴᠠᠭ ᠪᠤᠯᠳᠠᠯ᠎ᠠ᠂ ᠰᠢᠯᠢ ᠵᠢᠨ ᠭᠤᠤᠯ ᠠᠢᠮᠠᠭ ᠤ᠋ᠨ ᠵᠡᠬᠦᠨ ᠬᠤᠢᠳᠤ ᠪᠠᠶ᠎ᠠ᠂ ᠤᠯᠠᠭᠠᠨᠬᠠᠳᠠ ᠬᠤᠳᠠ ᠵᠢᠨ ᠵᠡᠬᠦᠨ ᠪᠠᠶ᠎ᠠ ᠪᠤᠯᠤᠨ ᠡᠮᠤᠨ᠎ᠠ ᠪᠠᠶ᠎ᠠ᠂ ᠲᠦᠩᠯᠢᠶᠤᠤ ᠬᠤᠳᠠ ᠵᠢᠨ ᠶᠡᠬᠡᠩᠬᠢ ᠭᠠᠵᠠᠷ᠂ ᠬᠢᠩᠭᠠᠨ ᠠᠢᠮᠠᠭ ᠤ᠋ᠨ ᠵᠡᠬᠦᠨ ᠡᠮᠤᠨ᠎ᠠ ᠪᠠᠶ᠎ᠠ᠂ ᠬᠦᠯᠦᠨ ᠪᠤᠢᠷ ᠬᠤᠳᠠ ᠵᠢᠨ ᠪᠠᠷᠠᠭᠤᠨ ᠡᠮᠤᠨ᠎ᠠ ᠪᠠᠶ᠎ᠠ ᠳ᠋ᠤ ᠲᠤᠮᠳᠠ ᠡᠴᠡ ᠶᠡᠬᠡ ᠪᠤᠷᠤᠭᠠᠨ ᠤᠷᠤᠵᠤ᠂ ᠵᠠᠷᠢᠮ ᠭᠠᠵᠠᠷ ᠲᠦ᠍ ᠰᠢᠷᠤᠬᠦᠨ ᠪᠤᠷᠤᠭᠠᠨ ᠤᠷᠤᠵᠤ᠂ ᠬᠡᠰᠡᠭ ᠭᠠᠵᠠᠷ ᠲᠦ᠍ ᠠᠶᠤᠩᠭᠠᠳᠤ ᠪᠤᠷᠤᠭᠠᠨ ᠶᠡᠬᠡ ᠰᠠᠯᠬᠢ᠂ ᠮᠦᠨᠳᠤᠷ ᠵᠡᠷᠬᠡ ᠴᠢᠩᠭ᠎ᠠ ᠰᠤᠯᠢᠭ ᠤᠷᠤᠰᠬᠠᠯᠳᠤ ᠴᠠᠭ ᠠᠭᠤᠷ ᠲᠠᠭᠠᠯᠳᠤᠨ᠎ᠠ᠃ ᠦᠪᠤᠷ ᠮᠤᠩᠭᠤᠯ ᠤ᠋ᠨ ᠪᠠᠷᠠᠭᠤᠨ ᠪᠠᠶ᠎ᠠ ᠵᠢᠨ ᠪᠠᠷᠠᠭᠤᠨ ᠬᠡᠰᠡᠭ ᠲᠦ᠍ 35 ᠭᠷᠠᠳᠦ᠋ᠰ ᠡᠴᠡ ᠲᠠᠬᠡᠭᠰᠢᠬᠢ ᠪᠦᠭᠴᠢᠮ᠎ᠠ ᠬᠠᠯᠠᠭᠤᠨ ᠠᠭᠤᠷ ᠠᠮᠢᠰᠬᠤᠯ ᠢᠯᠡᠷᠡᠵᠤ᠂ ᠪᠠᠷᠠᠭᠤᠨ ᠪᠠᠶ᠎ᠠ ᠵᠢᠨ ᠪᠠᠷᠠᠭᠤᠨ ᠬᠤᠢᠳᠤ ᠬᠡᠰᠡᠭ ᠲᠦ᠍ 37 ᠭᠷᠠᠳᠦ᠋ᠰ ᠡᠴᠡ ᠲᠠᠬᠡᠭᠰᠢᠬᠢ ᠠᠭᠠᠬᠢᠮ᠎ᠠ ᠬᠠᠯᠠᠭᠤᠨ ᠠᠭᠤᠷ ᠠᠮᠢᠰᠬᠤᠯ ᠢᠯᠡᠷᠡᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号