ᠤᠮᠠᠷᠠᠳᠤ ᠵᠢᠨ ᠬᠦᠨᠳᠦ ᠠᠵᠤ ᠦᠢᠯᠡᠳᠪᠦᠷᠢ ᠵᠢᠨ ᠪᠦᠯᠦᠭᠯᠡᠯ ᠎ᠤᠨ ᠳᠡᠭᠡᠳᠦ ᠲᠠᠰ ᠎ᠤᠨ ᠵᠤᠵᠠᠭᠠᠨ ᠬᠠᠨᠠᠳᠤ ᠵᠠᠭᠠᠳᠠᠰᠤ ᠥᠬᠡᠶ ᠪᠣᠯᠣᠳ ᠬᠣᠭᠣᠯᠠᠶ ᠣᠯᠠᠨ ᠤᠯᠤᠰ ᠎ᠤᠨ ᠳᠡᠭᠡᠳᠦ ᠲᠠᠰ ᠎ᠤᠨ ᠡᠨᠧᠷᠭᠢ ᠵᠢᠨ ᠬᠠᠩᠭᠠᠯᠭ᠎ᠠ ᠵᠢᠨ ᠬᠡᠯᠬᠢᠶ᠎ᠡ ᠳ᠋ᠤ ᠣᠷᠣᠪᠠ
2026-06-12 10:50:24
ᠵᠣᠬᠢᠶᠠᠭ᠍ᠴᠢ᠄
ᠸ·ᠭᠡᠷᠡᠯᠳᠤ
ᠣᠩᠱᠢᠭ᠍ᠰᠠᠨ ᠣᠳᠠᠭ᠎ᠠ᠄
★★★☆☆

ᠤᠢᠷ᠎ᠠ ᠵᠢᠨ ᠡᠳᠦᠷ ᠤᠮᠠᠷᠠᠲᠤ᠎ᠶᠢᠨ ᠬᠦᠨᠳᠦ ᠠᠵᠤ ᠦᠢᠯᠡᠳᠪᠦᠷᠢ᠎ᠶᠢᠨ ᠪᠦᠯᠦᠭᠯᠡᠯ᠎ᠦᠨ ᠦᠢᠯᠡᠳᠪᠦᠷᠢᠯᠡᠭᠰᠡᠨ ᠳᠥᠷᠪᠡᠨ ᠶᠡᠬᠡ ᠬᠣᠭᠣᠯᠠᠶ᠎ᠶᠢᠨ ᠳᠡᠭᠡᠳᠦ ᠲᠠᠰ᠎ᠤᠨ ᠵᠤᠵᠠᠭᠠᠨ ᠬᠠᠨᠠᠳᠤ ᠵᠠᠭᠠᠳᠠᠰᠤ ᠥᠬᠡᠶ ᠪᠣᠯᠣᠳ ᠬᠣᠭᠣᠯᠠᠶ  ᠪᠧᠩᠭᠠᠯ ᠎ᠤᠨ  ᠭᠡᠳᠦ  ᠵᠠᠭᠠᠭ  ᠪᠦᠭᠦᠢ  ᠨᠡᠭᠦᠷᠡᠰᠦ ᠰᠢᠲᠠᠭᠠᠬᠤ ᠴᠠᠬᠢᠯᠭᠠᠨ ᠥᠷᠲᠡᠭᠡᠨ᠎ᠦ ᠬᠣᠶᠠᠷ ᠮᠠᠰᠢᠨ ᠴᠣᠭᠴᠠᠯᠠᠪᠤᠷᠢ᠎ᠳᠤ ᠬᠡᠷᠡᠭᠯᠡᠭᠳᠡᠵᠦ᠂ 168 ᠴᠠᠭ᠎ᠤᠨ ᠨᠠᠢᠳᠠᠪᠤᠷᠢᠳᠤ ᠴᠢᠨᠠᠷᠲᠠᠶ ᠠᠵᠢᠯᠯᠠᠭᠠᠨ᠎ᠤ ᠲᠤᠷᠰᠢᠯᠲᠠ᠎ᠶᠢ ᠤᠷᠤᠭᠰᠢᠲᠠᠶ ᠥᠩᠭᠡᠷᠡᠭᠡᠵᠦ᠂ ᠬᠤᠳᠠᠯᠳᠤᠭᠠᠨ᠎ᠤ ᠡᠵᠡᠩᠨᠡᠯᠲᠡ᠎ᠳᠦ ᠰᠢᠯᠵᠢᠨ ᠤᠷᠤᠭᠰᠠᠨ ᠪᠠᠢᠨ᠎ᠠ᠃

ᠢᠷᠠᠺ᠎ᠤᠨ ᠷᠦᠮᠠᠢᠯᠠ᠂ ᠳ᠋ᠦᠪᠠᠢ ᠵᠢᠨ ᠬᠦᠩᠬᠡᠨᠴᠠᠭᠠᠨ᠎ᠤ ᠦᠢᠯᠡᠳᠪᠦᠷᠢ᠂ ᠫᠠᠺᠢᠰᠲ᠋ᠠᠨ᠎ᠤ ᠵᠢᠢ ᠬᠠᠩ᠂ ᠫᠠᠺᠢᠰᠲ᠋ᠠᠨ᠎ᠤ Lucky᠂ ᠽᠢᠮᠪᠠᠪᠦ᠋ᠸᠧᠢ ᠵᠢᠨ ᠸᠠᠨᠺᠧᠢ᠂ ᠪᠠᠾᠷᠸᠢᠢᠨ ᠎ᠤ ᠠᠳ᠋ᠦ᠋᠂ ᠡᠨᠡᠳᠬᠡᠭ᠎ᠦᠨ Godda ᠵᠡᠷᠭᠡ ᠨᠢᠭᠡ ᠪᠦᠯᠦᠭ ᠴᠢᠬᠤᠯᠠ ᠶᠡᠬᠡ ᠭᠠᠳᠠᠭᠠᠳᠤ᠎ᠶᠢᠨ ᠡᠨᠧᠷᠭᠢ᠎ᠶᠢᠨ ᠲᠦᠷᠦᠯ ᠵᠦᠢᠯ᠎ᠳ᠋ᠤ ᠠᠮᠵᠢᠯᠲᠠ᠎ᠲᠠᠶ ᠬᠡᠷᠡᠭᠯᠡᠭᠰᠡᠨ᠎ᠦ ᠳᠠᠷᠠᠭ᠎ᠠ ᠲᠤᠰ ᠤᠳᠠᠭ᠎ᠠ ᠪᠸᠩᠭᠠᠯ᠎ᠤᠨ ᠲᠦᠷᠦᠯ ᠵᠦᠢᠯ ᠳ᠋ᠤ ᠠᠰᠢᠭᠯᠠᠯᠲᠠ᠎ᠳᠤ ᠣᠷᠣᠬᠰᠠᠨ ᠨᠢ ᠤᠮᠠᠷᠠᠲᠤ᠎ᠶᠢᠨ ᠬᠦᠨᠳᠦ ᠠᠵᠤ ᠦᠢᠯᠡᠳᠪᠦᠷᠢ᠎ᠶᠢᠨ ᠪᠦᠯᠦᠭᠯᠡᠯ᠎ᠦᠨ ᠳᠡᠭᠡᠳᠦ ᠲᠡᠰ᠎ᠤᠨ ᠡᠨᠧᠷᠭᠢ᠎ᠶᠢᠨ ᠬᠣᠭᠣᠯᠠᠢ᠎ᠶᠢᠨ ᠮᠠᠲᠧᠷᠢᠶᠠᠯ ᠭᠠᠳᠠᠭᠠᠳᠤ᠎ᠳᠠᠬᠢ ᠬᠡᠪ ᠳᠠᠭᠤᠷᠢᠶᠠᠯ᠎ᠤᠨ ᠲᠦᠷᠦᠯ ᠵᠦᠢᠯ᠎ᠳ᠋ᠤ ᠤᠷᠤᠬᠤ ᠵᠢ ᠳᠠᠬᠢᠨᠲᠠ ᠪᠡᠶᠡᠯᠡᠭᠦᠯᠵᠦ᠂ ᠤᠯᠠᠨ ᠤᠯᠤᠰ᠎ᠤᠨ ᠳᠡᠭᠡᠳᠦ ᠲᠡᠰ᠎ᠤᠨ ᠡᠨᠧᠷᠭᠢ᠎ᠶᠢᠨ ᠲᠣᠨᠣᠭᠯᠠᠯ᠎ᠤᠨ ᠭᠣᠣᠯ ᠬᠠᠩᠭᠠᠯᠭ᠎ᠠ᠎ᠶᠢᠨ ᠬᠡᠯᠬᠢᠶ᠎ᠡ᠎ᠳᠦ ᠠᠮᠵᠢᠯᠲᠠ᠎ᠲᠠᠶ ᠣᠷᠣᠵᠤ᠂ ᠤᠯᠤᠰ᠎ᠲᠠᠭᠠᠨ ᠦᠢᠯᠡᠳᠪᠦᠷᠢᠯᠡᠭᠰᠡᠨ ᠳᠡᠭᠡᠳᠦ ᠲᠡᠰ᠎ᠤᠨ ᠴᠠᠬᠢᠯᠭᠠᠨ ᠦᠷᠳᠡᠭᠡ᠎ᠶᠢᠨ ᠪᠤᠯᠤᠳ ᠬᠣᠭᠣᠯᠠᠢ ᠭᠠᠳᠠᠭᠠᠳᠤ᠎ᠶᠢᠨ ᠵᠠᠭᠤᠨ ᠲᠦᠮᠡᠨ ᠺᠢᠯᠦᠸᠠᠲ᠎ᠤᠨ ᠳᠡᠰ᠎ᠤᠨ ᠬᠡᠳᠦ ᠵᠠᠭᠠᠭ ᠪᠦᠬᠦᠢ ᠴᠠᠬᠢᠯᠭᠠᠨ ᠦᠷᠳᠡᠭᠡ᠎ᠳᠦ ᠬᠡᠪᠴᠢᠶᠡᠵᠢᠭᠰᠡᠨ ᠪᠣᠯᠪᠠᠰᠤᠷᠠᠩᠭᠤᠢ ᠬᠡᠷᠡᠭᠯᠡᠭᠡ᠎ᠶᠢ ᠪᠡᠶᠡᠯᠡᠭᠦᠯᠦᠭᠰᠡᠨ᠎ᠢ ᠬᠠᠷᠠᠭᠤᠯᠵᠤ ᠪᠠᠢᠨ᠎ᠠ᠃

ᠬᠡᠲᠦ ᠵᠠᠭᠠᠭ᠎ᠤᠨ ᠴᠠᠬᠢᠯᠭᠠᠨ ᠥᠷᠲᠡᠭᠡᠨ᠎ᠦ ᠳᠥᠷᠪᠡᠨ ᠶᠡᠬᠡ ᠬᠣᠭᠣᠯᠠᠶ ᠪᠣᠯ ᠭᠠᠯ ᠴᠠᠬᠢᠯᠭᠠᠨ᠎ᠤ ᠭᠤᠤᠯ ᠵᠠᠩᠭᠢᠯᠠᠭ᠎ᠠ᠎ᠶᠢᠨ ᠲᠣᠨᠣᠭ ᠪᠣᠯᠤᠨ᠎ᠠ᠃ ᠬᠣᠭᠣᠯᠠᠶ᠎ᠶᠢᠨ ᠮᠠᠲ᠋ᠧᠷᠢᠶᠠᠯ᠎ᠤᠨ ᠥᠨᠳᠥᠷ ᠳᠤᠯᠠᠭᠠᠨ᠎ᠳᠤ ᠲᠡᠰᠪᠦᠷᠢᠲᠡᠶ᠂ ᠥᠨᠳᠥᠷ ᠳᠠᠷᠤᠯᠲᠠ᠎ᠳᠤ ᠲᠡᠰᠪᠦᠷᠢᠲᠡᠶ ᠵᠡᠷᠭᠡ ᠴᠢᠳᠠᠮᠵᠢ᠎ᠶᠢᠨ ᠱᠠᠭᠠᠷᠳᠠᠯᠭ᠎ᠠ ᠴᠢᠩᠭ᠎ᠠ᠂ ᠠᠵᠢᠯ ᠲᠥᠷᠥᠯ᠎ᠳᠦ ᠣᠷᠣᠬᠤ ᠵᠥᠪᠰᠢᠶᠡᠷᠡᠯ᠎ᠦᠨ ᠪᠠᠷᠢᠮᠵᠢᠶ᠎ᠠ ᠥᠨᠳᠥᠷ ᠪᠠᠢᠳᠠᠭ᠃ ᠲᠦᠷᠦᠯ ᠵᠦᠢᠯ᠎ᠦᠨ ᠤᠯᠠᠨ ᠤᠯᠤᠰ᠎ᠤᠨ ᠪᠦᠳᠦᠭᠡᠨ ᠪᠠᠢᠭᠤᠯᠤᠯᠲᠠ᠎ᠶᠢᠨ ᠪᠠᠷᠢᠮᠵᠢᠶ᠎ᠠ᠎ᠶᠢ ᠬᠠᠩᠭᠠᠬᠤ᠎ᠶᠢᠨ ᠲᠥᠯᠥᠭᠡ ᠤᠮᠠᠷᠠᠲᠤ᠎ᠶᠢᠨ ᠬᠦᠨᠳᠦ ᠠᠵᠤ ᠦᠢᠯᠡᠳᠪᠦᠷᠢ᠎ᠶᠢᠨ ᠪᠦᠯᠦᠭᠯᠡᠯ᠎ᠦᠨ ᠬᠢᠨ ᠪᠦᠬᠦ ᠶᠠᠪᠤᠴᠠ᠎ᠶᠢᠨ ᠶᠠᠰᠤ ᠴᠢᠨᠠᠷ᠎ᠤᠨ ᠬᠠᠮᠢᠶᠠᠷᠤᠯᠲᠠ ᠡᠵᠡᠮᠳᠡᠯ᠎ᠢ ᠴᠢᠩᠭ᠎ᠠ ᠬᠡᠷᠡᠭᠵᠢᠭᠦᠯᠵᠦ᠂ ᠲᠦᠭᠦᠬᠡᠢ ᠮᠠᠲ᠋ᠧᠷᠢᠶᠠᠯ᠎ᠢ ᠪᠣᠯᠪᠠᠰᠤᠷᠠᠭᠤᠯᠬᠤ᠂ ᠨᠠᠷᠢᠯᠢᠭ ᠡᠳ᠋ᠰᠢᠭᠦᠯᠬᠦ᠎ᠡᠴᠡ ᠪᠦᠳᠦᠭᠡᠭᠳᠡᠭᠦᠨ᠎ᠤ ᠦ ᠰᠡᠪ᠎ᠢ ᠬᠠᠢᠠ ᠪᠠᠢᠴᠠᠭᠠᠬᠤ ᠬᠦᠷᠲᠡᠯ᠎ᠡ ᠱᠠᠳᠤ ᠱᠠᠳᠤ᠎ᠪᠠᠷ ᠬᠠᠷᠢᠭᠤᠴᠠᠵᠤ᠂ ᠦᠢᠯᠡᠳᠬᠦ ᠤᠷ᠎ᠠ ᠮᠡᠷᠭᠡᠵᠢᠯ᠎ᠢ ᠦᠷᠭᠦᠯᠵᠢᠯᠡᠨ ᠰᠢᠯᠢᠳᠡᠭᠵᠢᠭᠦᠯᠵᠦ᠂ ᠤᠯᠠᠨ ᠵᠦᠢᠯ᠎ᠦᠨ ᠮᠡᠷᠭᠡᠵᠢᠯ᠎ᠦᠨ ᠬᠦᠴᠢᠷ ᠠᠰᠠᠭᠤᠳᠠᠯ᠎ᠢ ᠰᠢᠢᠳᠪᠦᠷᠢᠯᠡᠵᠦ᠂ ᠲᠤᠰᠢᠶᠠᠭᠰᠠᠨ ᠦᠢᠯᠡᠳᠬᠦᠨ᠎ᠦ ᠡᠯ᠎ᠡ ᠵᠦᠢᠯ᠎ᠦᠨ ᠴᠢᠳᠠᠪᠬᠢ ᠎ᠶᠢᠨ ᠭᠦᠢᠴᠡᠳᠬᠡᠯ  ᠲᠣᠭ᠎ᠠ  ᠨᠢ  ᠴᠥᠮ ᠤᠯᠠᠨ ᠤᠯᠤᠰ᠎ᠤᠨ ᠵᠢᠷᠤᠮᠵᠢᠯ᠎ᠳᠤ ᠨᠡᠢᠴᠡᠵᠦ᠂ ᠤᠯᠠᠨ ᠲᠠᠯ᠎ᠠ᠎ᠶᠢᠨ ᠬᠠᠮᠲᠤᠷᠠᠭᠰᠠᠨ ᠰᠢᠯᠭᠠᠨ ᠪᠠᠢᠴᠠᠭᠠᠯᠲᠠ᠎ᠶᠢ ᠤᠷᠤᠭᠰᠢᠲᠠᠢ ᠥᠩᠭᠡᠷᠡᠭᠡᠵᠦ᠂ ᠮᠠᠰᠢᠨ ᠴᠣᠭᠴᠠᠯᠠᠪᠤᠷᠢ᠎ᠶᠢᠨ ᠤᠷᠳᠤ ᠬᠤᠭᠤᠴᠠᠭ᠎ᠠ᠎ᠪᠠᠷ ᠠᠮᠤᠷ ᠲᠦᠪᠰᠢᠨ ᠲᠣᠭᠲᠠᠭᠤᠨ᠎ᠢᠶᠠᠷ  ᠠᠵᠢᠯᠯᠠᠬᠤ᠎ᠳᠤ  ᠬᠠᠲᠠᠭᠤ  ᠲᠤᠨᠤᠭ᠎ᠤᠨ ᠪᠠᠲᠤᠯᠠᠭ᠎ᠠ  ᠬᠠᠩᠭᠠᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号