ᠤᠢ᠍ᠢᠷ᠎ᠡ᠎ᠶ᠋ᠢᠨ ᠡᠳᠦᠷ᠂ ᠥᠪᠡᠷᠲᠡᠭᠡᠨ ᠵᠠᠰᠠᠬᠤ ᠣᠷᠣᠨ᠎ᠤ ᠡᠪᠯᠡᠯ᠎ᠦᠨ ᠬᠣᠷᠢᠢ᠎ᠠ 2026 ᠣᠨ᠎ᠤ ᠥᠪᠡᠷᠲᠡᠭᠡᠨ ᠵᠠᠰᠠᠬᠤ ᠣᠷᠣᠨ᠎ᠤ ᠵᠠᠯᠠᠭᠤᠴᠤᠳ᠎ᠤᠨ ᠤᠨᠤᠯᠤᠬᠠᠭᠤᠯᠤᠨ ᠲᠠᠢᠯᠪᠤᠷᠢᠯᠠᠬᠤ ᠤᠷᠤᠯᠳᠤᠭᠠᠨ ᠵᠢᠴᠢ ᠡᠪᠯᠡᠯ᠎ᠦᠨ ᠺᠠᠳ᠋ᠷ᠎ᠤᠨ ᠲᠠᠢᠰᠠᠨ᠎ᠳᠤ ᠭᠠᠷᠬᠤ ᠤᠷ᠎ᠠ ᠴᠢᠳᠠᠪᠤᠷᠢ᠎ᠶ᠋ᠢᠨ ᠤᠷᠤᠯᠳᠤᠭᠠᠨ ᠥᠷᠨᠢᠭᠦᠯᠪᠡ᠃ ᠠᠵᠢᠯᠯᠠᠭ᠎ᠠ᠎ᠶ᠋ᠢ ᠠᠩᠬᠠᠨ᠎ᠤ ᠤᠷᠤᠯᠳᠤᠭᠠᠨ᠂ ᠨᠤᠭᠤᠯᠤᠭ᠎ᠠ ᠤᠷᠤᠯᠳᠤᠭᠠᠨ᠂ ᠱᠢᠶ᠋ᠳᠪᠦᠷᠢᠲᠦ ᠤᠷᠤᠯᠳᠤᠭᠠᠨ᠂ ᠲᠣᠭᠣᠷᠢᠨ ᠬᠢᠴᠢᠶᠡᠯᠯᠡᠬᠦ᠌ ᠳᠥᠷᠪᠡᠨ ᠱᠠᠲᠤ ᠬᠤᠪᠢᠶᠠᠨ᠎ᠠ᠃ ᠣᠳᠣᠬᠠᠨ᠎ᠳᠤ᠂ ᠪᠥᠬᠥ᠌ ᠣᠷᠣᠨ᠎ᠤ ᠡᠯ᠎ᠡ ᠠᠢᠮᠠᠭ ᠬᠣᠲᠠ᠎ᠶ᠋ᠢᠨ ᠠᠩᠬᠠᠨ᠎ᠤ ᠤᠷᠤᠯᠳᠤᠭᠠᠨ ᠨᠢᠭᠡᠨᠲᠡ ᠠᠮᠵᠢᠯᠲᠠ᠎ᠲᠠᠶ ᠲᠡᠭᠦᠰᠪᠡ᠃
ᠬᠥᠬᠡᠬᠣᠲᠠ᠎ᠶ᠋ᠢᠨ ᠡᠪᠯᠡᠯ᠎ᠦᠨ ᠬᠣᠷᠢᠶ᠎ᠠ 《ᠵᠠᠯᠠᠭᠤᠴᠤᠳ᠎ᠦᠨ ᠦᠭᠡ ᠪᠡᠷ ᠰᠤᠶᠤᠯ᠎ᠢ ᠤᠯᠠᠮᠵᠢᠯᠠᠵᠤ·ᠬᠥᠬᠡᠬᠣᠲᠠ᠎ᠲᠠᠶ ᠲᠠᠨᠢᠯᠴᠠᠨᠠᠮ》 ᠭᠡᠬᠦ ᠭᠤᠤᠯ ᠰᠡᠳᠦᠪᠲᠦ ᠵᠠᠯᠠᠭᠤᠴᠤᠳ᠎ᠤᠨ ᠣᠨᠣᠯ ᠤᠬᠠᠭᠤᠯᠤᠨ ᠲᠠᠢᠯᠪᠤᠷᠢᠯᠠᠬᠤ ᠤᠷᠤᠯᠳᠤᠭᠠᠨ᠎ᠢ ᠡᠷᠭᠢᠯᠡᠵᠦ᠂ ᠡᠯ᠎ᠡ ᠬᠦᠷᠢᠶᠡᠨ᠎ᠡᠴᠡ ᠢᠷᠡᠭ᠌ᠰᠡᠨ 19 ᠤᠷᠤᠯᠴᠠᠬᠴᠢ ᠨᠢᠭᠡ ᠲᠠᠢᠰᠠᠨ᠎ᠠ ᠦᠷᠢᠰᠦᠯᠳᠦᠵᠦ᠍᠂ 《ᠤᠬᠠᠭᠤᠯᠤᠨ ᠲᠠᠢᠯᠪᠤᠷᠢᠯᠠᠬᠤ + ᠤᠳᠭ᠎ᠠ ᠤᠷᠠᠯᠢᠭ》᠂ 《ᠤᠨᠤᠯ + ᠦᠵᠡᠭ᠌ᠳᠡᠯ》 ᠵᠡᠷᠭᠡ ᠤᠯᠠᠨ ᠡᠱᠢᠵᠢᠭ᠌ᠰᠡᠨ ᠬᠡᠯᠪᠡᠷᠢ᠎ᠪᠡᠷ ᠤᠨᠤᠯ᠎ᠤᠨ ᠤᠬᠠᠭᠤᠯᠭ᠎ᠠ ᠵᠢ ᠬᠠᠯᠠᠭᠤᠨ ᠳᠤᠯᠠᠭᠠᠨ ᠪᠥᠭᠡᠳ ᠭᠦᠨ ᠬᠦᠨᠵᠡᠭᠡᠢ ᠪᠣᠯᠭᠠᠪᠠ; ᠪᠤᠭᠤᠲᠤ ᠬᠣᠲᠠ᠎ᠶ᠋ᠢᠨ ᠡᠪᠯᠡᠯ᠎ᠤᠨ ᠬᠣᠷᠢᠶ᠎ᠠ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌᠂ ᠪᠣᠬᠢᠷᠲᠤᠯ ᠥᠬᠡᠶ ᠬᠥᠭ᠌ᠵᠢᠯᠲᠡ ᠵᠡᠷᠭᠡ ᠭᠤᠤᠯ ᠰᠡᠳᠦᠪᠲᠦ ᠰᠠᠭᠤᠷᠢᠯᠠᠨ᠂ 《ᠵᠢᠵᠢᠭ ᠥᠯᠢᠭᠡᠷ》 ᠵᠢᠡᠷ 《ᠶᠡᠬᠡ ᠶᠣᠰᠣ》 ᠶ᠋ᠢ ᠲᠣᠳᠣᠷᠬᠠᠢᠯᠠᠨ ᠲᠠᠢᠯᠪᠤᠷᠢᠯᠠᠵᠤ᠂ 《ᠤᠬᠠᠭᠤᠯᠤᠨ ᠲᠠᠢᠯᠪᠤᠷᠢᠯᠠᠬᠤ + ᠣᠯᠠᠨ ᠵᠠᠭᠤᠴᠢᠯᠠᠭᠤᠷ》᠂ 《ᠤᠬᠠᠭᠤᠯᠤᠨ ᠲᠠᠢᠯᠪᠤᠷᠢᠯᠠᠬᠤ + ᠠᠬᠤᠶ ᠪᠠᠢᠳᠠᠯ᠎ᠤᠨ ᠲᠤᠬᠠᠶ ᠲᠠᠢᠯᠤᠮᠵᠢ 》 ᠵᠡᠷᠭᠡ ᠬᠡᠯᠪᠡᠷᠢ᠎ᠪᠡᠷ ᠳᠠᠮᠵᠢᠨ᠂ ᠨᠠᠮ᠎ᠤᠨ ᠱᠢᠨ᠎ᠡ᠎ᠡᠬᠦᠳᠦᠯᠳᠡ ᠵᠢᠨ ᠣᠨᠣᠯ᠎ᠢ ᠭᠦᠨ ᠲᠥᠷᠥᠭ᠌ᠳᠡᠯ᠎ᠲᠡᠶ᠂ ᠰᠤᠷᠤᠯᠴᠠᠵᠤ ᠬᠡᠷᠡᠭ᠌ᠯᠡᠵᠦ᠍ ᠪᠣᠯᠬᠤᠢᠴᠠ ᠪᠣᠯᠭᠠᠪᠠ; ᠬᠥᠯᠥᠨ ᠪᠤᠢ᠌ᠷ ᠬᠤᠳᠠ᠎ᠶ᠋ᠢᠨ ᠡᠪᠯᠡᠯ᠎ᠤᠨ ᠬᠣᠷᠢᠢ᠎ᠠ᠂ ᠬᠥᠯᠥᠨ ᠪᠤᠢ᠌ᠷ ᠬᠤᠳᠠ᠎ᠶ᠋ᠢᠨ ᠱᠢᠭᠤᠳ ᠬᠠᠷᠢᠶ᠎ᠠ ᠪᠠᠢᠭᠤᠯᠭ᠎ᠠ᠎ᠶ᠋ᠢᠨ ᠠᠵᠢᠯ᠎ᠤᠨ ᠬᠣᠷᠢᠢ᠎ᠠ ᠬᠠᠮᠲᠤᠷᠠᠨ ᠵᠠᠯᠠᠭᠤᠴᠤᠳ᠎ᠤᠨ ᠤᠨᠤᠯ᠎ᠤᠨ ᠤᠬᠠᠭᠤᠯᠤᠨ ᠲᠠᠢᠯᠪᠤᠷᠢᠯᠠᠬᠤ ᠠᠵᠢᠯᠯᠠᠭ᠎ᠠ ᠥᠷᠨᠢᠭᠦᠯᠵᠦ᠍᠂ ᠪᠦᠬᠦ᠌ ᠬᠤᠳᠠ᠎ᠶ᠋ᠢᠨ ᠡᠯ᠎ᠡ ᠬᠦᠷᠢᠶᠡᠨ᠎ᠦ 100 ᠭᠠᠷᠤᠢ ᠡᠪᠯᠡᠯ᠎ᠦᠨ ᠭᠡᠱᠢᠭᠦᠨ ᠵᠠᠯᠠᠭᠤᠴᠤᠳ᠎ᠤᠨ ᠲᠥᠯᠥᠭᠡᠯᠡᠭ᠌ᠴᠢ ᠣᠷᠣᠯᠴᠠᠵᠦ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶᠠᠨ᠎ᠤ 《1571》 ᠠᠵᠢᠯ᠎ᠤᠨ ᠪᠠᠢᠷᠢᠯᠠᠭᠤᠯᠤᠯᠲᠠ᠎ᠶ᠋ᠢᠨ ᠲᠣᠭᠣᠷᠢᠨ᠎ᠳᠤ᠂ ᠱᠢᠨ᠎ᠡ ᠴᠠᠭ ᠦᠶ᠎ᠡ᠎ᠶ᠋ᠢᠨ ᠵᠠᠯᠠᠭᠤᠴᠤᠳ᠎ᠤᠨ ᠡᠬᠡ ᠤᠯᠤᠰ᠎ᠲᠠᠶ᠎ᠪᠠᠨ ᠬᠠᠮᠲᠤ᠎ᠪᠠᠷ ᠤᠷᠤᠭ᠍ᠰᠢᠯᠠᠬᠤ᠂ ᠴᠠᠭ ᠦᠶ᠎ᠡ᠎ᠲᠡᠶ ᠵᠡᠷᠭᠡ᠎ᠪᠡᠷ ᠤᠷᠤᠭ᠍ᠰᠢᠯᠠᠬᠤ᠂ ᠠᠷᠠᠳ ᠲᠦᠮᠡᠨ᠎ᠲᠡᠶ ᠰᠡᠳᠭᠢᠯ ᠨᠢᠭᠡᠳᠬᠦ᠌ ᠵᠠᠯᠠᠭᠤ ᠨᠠᠰᠤᠨ᠎ᠤ ᠴᠣᠭ ᠵᠢᠪᠬᠤᠭ᠎ᠠ᠎ᠶ᠋ᠢ ᠠᠮᠢᠳᠤᠯᠢᠭ᠎ᠢᠶᠠᠷ ᠢᠯᠡᠷᠡᠭᠦᠯᠪᠡ; ᠤᠯᠠᠭᠠᠨᠴᠠᠪ ᠬᠣᠲᠠ᠎ᠶ᠋ᠢᠨ 25 ᠵᠠᠯᠠᠭᠤ ᠤᠬᠠᠭᠤᠯᠤᠨ ᠲᠠᠢᠯᠪᠤᠷᠢᠯᠠᠭ᠍ᠴᠢ ᠬᠠᠮᠲᠤ᠎ᠪᠠᠷ ᠦᠷᠢᠰᠦᠯᠳᠦᠨ᠂ ᠪᠤᠷᠤᠬᠵᠢᠭᠤᠨ᠂ ᠤᠢᠯᠠᠭᠠᠮᠵᠢᠳᠠᠢ ᠬᠡᠯᠡᠬᠡᠯᠡᠯᠬᠡ ᠪᠡᠷ ᠲᠣᠰ ᠭᠠᠵᠠᠷ᠎ᠤᠨ ᠲᠡᠮᠡᠴᠡᠯ᠎ᠦᠨ ᠥᠯᠢᠭᠡᠷ᠎ᠢ ᠶᠠᠷᠢᠵᠤ᠂ ᠮᠣᠩᠭᠣᠯ ᠮᠣᠷᠢᠨ᠎ᠤ ᠵᠣᠷᠢᠭ ᠰᠠᠨᠠᠭ᠎ᠠ ᠪᠣᠯᠤᠨ ᠨᠠᠮ᠎ᠤᠨ ᠣᠨᠣᠯ᠎ᠢ ᠤᠯᠠᠭᠠᠨᠴᠠᠪ᠎ᠤᠨ ᠡᠬᠡ ᠭᠠᠵᠠᠷ᠎ᠲᠤ ᠲᠡᠯᠭᠡᠨ ᠲᠦᠭᠡᠮᠡᠯᠵᠢᠭᠦᠯᠪᠡ; ᠪᠠᠶᠠᠨᠨᠠᠭᠤᠷ ᠬᠤᠳᠠ᠎ᠶ᠋ᠢᠨ ᠤᠷᠤᠯᠴᠠᠬᠰᠠᠳ ᠱᠢᠨ᠎ᠡ ᠴᠠᠭ ᠦᠶ᠎ᠡ᠎ᠶ᠋ᠢᠨ ᠵᠠᠯᠠᠭᠤᠴᠤᠳ᠎ᠤᠨ ᠤᠬᠠᠭᠤᠯᠤᠨ ᠲᠠᠢᠯᠪᠤᠷᠢᠯᠠᠭ᠍ᠴᠢ ᠪᠤᠯᠵᠤ᠂ ᠴᠠᠭ ᠦᠶ᠎ᠡ᠎ᠶ᠋ᠢᠨ ᠬᠥᠭ᠌ᠵᠢᠯᠲᠡ᠂ ᠠᠵᠢᠯ᠎ᠤᠨ ᠪᠠᠢᠷᠢ᠎ᠶ᠋ᠢᠨ ᠦᠢᠯᠡᠳᠦᠯᠭᠡ᠎ᠳᠦ ᠰᠠᠭᠤᠷᠢᠯᠠᠨ᠂ ᠵᠠᠯᠠᠭᠤᠴᠤᠳ᠎ᠤᠨ ᠬᠠᠷᠠᠭᠠᠰᠤ ᠡᠴᠡ ᠨᠠᠮ᠎ᠤᠨ ᠱᠢᠨ᠎ᠡ᠎ᠡᠭᠦᠳᠦᠯᠳᠡ ᠵᠢᠨ ᠤᠨᠤᠯ᠎ᠢ ᠲᠠᠢᠯᠪᠤᠷᠢᠯᠠᠵᠤ᠂ ᠲᠡᠮᠡᠴᠡᠯ᠎ᠦᠨ ᠥᠩᠭᠡᠷᠡᠯᠲᠡ᠎ᠪᠡᠨ ᠬᠤᠪᠢᠶᠠᠯᠴᠠᠨ᠂ ᠵᠠᠯᠠᠭᠤᠴᠤᠳ᠎ᠤᠨ ᠡᠭᠦᠷᠭᠡᠯᠡᠯ᠎ᠢ ᠲᠠᠢᠯᠪᠤᠷᠢᠯᠠᠪᠡ; ᠠᠯᠠᠱᠠ ᠠᠢᠮᠠᠭ᠎ᠤᠨ 26 ᠤᠷᠤᠯᠴᠠᠬᠴᠢ ᠤᠷᠤᠯᠳᠤᠭᠠᠨ᠎ᠤ ᠲᠠᠯᠠᠪᠠᠶ᠎ᠳᠤ ᠴᠤᠭ᠍ᠯᠠᠷᠠᠵᠤ᠂ ᠨᠠᠮ᠎ᠤᠨ ᠱᠢᠨ᠎ᠡ᠎ᠡᠭᠦᠳᠦᠯᠳᠡ ᠵᠢᠨ ᠣᠨᠣᠯ᠂ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶᠠᠨ᠎ᠤ 《1571》 ᠠᠵᠢᠯ᠎ᠤᠨ ᠪᠠᠢᠷᠢᠯᠠᠭᠤᠯᠤᠯᠲᠠ ᠵᠡᠷᠭᠡ ᠭᠤᠤᠯ ᠰᠡᠳᠦᠪ᠎ᠦᠨ ᠲᠣᠭᠣᠷᠢᠨ᠎ᠳᠤ ᠭᠦᠨ ᠰᠡᠳᠭᠢᠯᠭᠡ᠎ᠲᠡᠶ ᠤᠬᠠᠭᠤᠯᠤᠨ ᠲᠠᠢᠯᠪᠤᠷᠢᠯᠠᠵᠦ᠂ ᠵᠠᠯᠠᠭᠤᠴᠤᠳ᠎ᠤᠨ ᠴᠤᠭ ᠪᠠᠳᠠᠷᠠᠩᠭᠤᠢ ᠥᠭᠡᠳᠡᠯᠡᠨ ᠲᠠᠪᠱᠢᠬᠤ ᠤᠶᠤᠨ ᠰᠠᠨᠠᠭᠠᠨ᠎ᠤ ᠳᠦᠷᠰᠦ ᠪᠠᠢᠳᠠᠯ᠎ᠢ ᠢᠯᠡᠷᠡᠭᠦᠯᠪᠡ᠃
ᠲᠤᠰ ᠤᠳᠠᠭ᠎ᠠ᠎ᠶ᠋ᠢᠨ ᠤᠷᠤᠯᠳᠤᠭᠠᠨ ᠡᠬᠢᠯᠡᠭ᠌ᠰᠡᠨ᠎ᠡᠴᠡ ᠨᠠᠭᠠᠰᠢ᠂ ᠪᠦᠬᠦ᠌ ᠣᠷᠣᠨ᠎ᠤ ᠵᠠᠯᠠᠭᠤᠴᠤᠳ ᠤᠨᠤᠯ᠎ᠤᠨ ᠤᠴᠢ᠎ᠶ᠋ᠢ ᠨᠣᠴᠣᠭᠠᠵᠤ᠂ ᠤᠬᠠᠭᠤᠯᠤᠨ ᠲᠠᠢᠯᠪᠤᠷᠢᠯᠠᠬᠤ ᠳᠠᠪᠴᠠᠩ ᠪᠠᠢᠭᠤᠯᠵᠦ᠂ ᠨᠠᠮ᠎ᠤᠨ ᠱᠢᠨ᠎ᠡ᠎ᠡᠭᠦᠳᠦᠯᠳᠡ ᠵᠢᠨ᠌ ᠤᠨᠤᠯ᠎ᠢ ᠰᠡᠳᠭᠢᠯ᠎ᠳᠡᠭᠡᠨ ᠱᠢᠩᠭᠡᠭᠡᠵᠦ᠍᠂ ᠠᠵᠢᠯᠯᠠᠭ᠎ᠠ᠎ᠳᠠᠭᠠᠨ ᠦᠢᠯᠡᠳᠦᠯᠭᠡᠵᠢᠬᠦᠯᠵᠦ᠂ ᠭᠠᠪᠱᠢᠭᠠᠢᠯᠠᠨ ᠲᠡᠮᠡᠴᠡᠬᠦ᠌ ᠵᠠᠯᠠᠭᠤ ᠨᠠᠰᠤᠨ᠎ᠤ ᠬᠦᠴᠦᠨ᠎ᠢ ᠨᠢᠭ᠍ᠲᠠᠷᠠᠭᠤᠯᠪᠠ᠃