ᠮᠣᠩᠭᠣᠯ ᠠᠨᠠᠭᠠᠬᠤ ᠤᠬᠠᠭᠠᠨ ᠤ᠋ ᠴᠣᠭᠴᠠ ᠰᠤᠷᠲᠠᠯᠴᠢᠯᠠᠭ᠎ᠠ ᠢ᠋ᠢᠨ ᠠᠵᠢᠯᠯᠠᠭ᠎ᠠ ᠤᠯᠠᠭᠠᠨᠪᠠᠭᠠᠲᠤᠷ ᠬᠤᠲᠠ ᠳ᠋ᠤ ᠡᠭᠢᠯᠡᠪᠡ
2026-06-10 14:59:01
ᠵᠣᠬᠢᠶᠠᠭ᠍ᠴᠢ᠄
ᠦᠨᠢᠷ ᠰᠢᠨᠡᠴᠡᠴᠡᠭ ᠬᠤᠡᠭ ᠰᠢᠶᠠ
ᠣᠩᠱᠢᠭ᠍ᠰᠠᠨ ᠣᠳᠠᠭ᠎ᠠ᠄
★★★☆☆

6 ᠰᠠᠷ᠎ᠠ ᠢ᠋ᠢᠨ 9 ᠤ᠋ ᠡᠳᠦᠷ᠂ ᠥᠪᠥᠷ ᠮᠣᠩᠭᠣᠯ ᠤ᠋ᠨ ᠡᠳᠦᠷ ᠤ᠋ᠨ ᠰᠣᠨᠢᠨ ᠤ᠋ ᠬᠤᠷᠢᠶ᠎ᠠ ᠬᠢᠭᠡᠳ ᠮᠤᠡᠭᠭᠤᠯ ᠤᠯᠤᠰ᠎ᠤᠨ ᠤᠯᠠᠭᠠᠨᠪᠠᠭᠠᠳᠤᠷ ᠬᠤᠳᠠ᠎ᠶᠢᠨ ᠪᠠᠶᠠᠨᠵᠢᠷᠦᠬᠡ ᠲᠡᠭᠦᠷᠭᠡ ᠢ᠋ᠢᠨ 6 ᠳ᠋ᠤᠭᠠᠷ ᠬᠤᠷᠢᠶ᠎ᠠ᠂ ᠣᠼᠧᠯᠠ ᠰᠡᠷᠭᠦᠯᠲᠡ ᠡᠷᠦᠬᠡ ᠢ᠋ᠢᠨ ᠡᠷᠡᠭᠦᠯ ᠮᠡᠨᠳᠦ ᠢ᠋ᠢᠨ ᠲᠥᠪ ᠡᠴᠡ ᠬᠠᠮᠳᠤᠷᠡᠨ ᠡᠷᠬᠢᠯᠡᠵᠤ᠂ ᠥᠪᠥᠷ ᠮᠣᠩᠭᠣᠯ ᠤ᠋ᠨ ᠣᠯᠠᠨ ᠤᠯᠤᠰ ᠤ᠋ᠨ ᠮᠣᠩᠭᠣᠯ ᠡᠮᠨᠡᠯᠭᠡ ᠢ᠋ᠢᠨ ᠬᠤᠷᠢᠶ᠎ᠠ᠂ ᠥᠪᠥᠷ ᠮᠣᠩᠭᠣᠯ ᠤ᠋ᠨ ᠠᠨᠠᠭᠠᠬᠤ ᠤᠬᠠᠭᠠᠨ ᠤ᠋ ᠶᠡᠬᠡ ᠰᠤᠷᠭᠠᠭᠤᠯᠢ᠂ ᠮᠤᠡᠭᠭᠤᠯ ᠤᠯᠤᠰ᠎ᠤᠨ ᠤᠨᠤᠯ ᠮᠸᠳᠢᠶᠠ ᠡᠮᠨᠡᠯᠭᠡ ᠡᠴᠡ ᠬᠠᠮᠵᠢᠨ ᠡᠷᠬᠢᠯᠡᠭᠰᠡᠨ 《ᠮᠣᠩᠭᠣᠯ ᠠᠨᠠᠭᠠᠬᠤ ᠤᠬᠠᠭᠠᠨ ᠤ᠋ ᠴᠣᠭᠴᠠ ᠰᠤᠷᠲᠠᠯᠴᠢᠯᠠᠭ᠎ᠠ ᠢ᠋ᠢᠨ ᠠᠷᠭ᠎ᠠ ᠬᠡᠮᠵᠢᠶ᠎ᠠ》 ᠮᠣᠩᠭᠣᠯ ᠤᠯᠤᠰ ᠤ᠋ᠨ ᠤᠯᠠᠭᠠᠨᠪᠠᠭᠠᠲᠤᠷ ᠬᠣᠲᠠ ᠢ᠋ᠢᠨ ᠪᠠᠶᠠᠨᠵᠢᠷᠦᠬᠡ ᠳᠡᠭᠦᠷᠭᠡ ᠢ᠋ᠢᠨ ᠣᠼᠧᠯᠠ ᠰᠡᠷᠭᠦᠯᠲᠡ ᠡᠷᠦᠬᠡ ᠢ᠋ᠢᠨ ᠡᠷᠡᠭᠦᠯ ᠮᠡᠨᠳᠦ ᠢ᠋ᠢᠨ ᠲᠥᠪ᠎ᠲᠦ ᠡᠬᠢᠯᠡᠯ᠎ᠠ᠃

ᠳᠤᠮᠳᠠᠳᠤ᠂ ᠮᠣᠩᠭᠣᠯ ᠬᠤᠶᠡᠷ ᠤᠯᠤᠰ ᠤ᠋ᠨ ᠤᠯᠠᠮᠵᠢᠯᠠᠯᠳᠦ ᠠᠨᠠᠭᠠᠬᠤ ᠤᠬᠠᠭᠠᠨ ᠤ᠋ ᠬᠦᠷᠢᠶᠡᠨ᠎ᠳᠡᠬᠢ ᠬᠠᠮᠳᠤᠷᠠᠯᠴᠠᠭ᠎ᠠ ᠰᠤᠯᠢᠯᠴᠠᠭ᠎ᠠ᠎ᠵᠢ ᠴᠢᠨᠠᠬᠰᠢᠳᠠ ᠠᠬᠢᠭᠤᠯᠬᠤ ᠪᠡᠷ ᠵᠤᠷᠢᠯᠭ᠎ᠠ ᠪᠤᠯᠭᠠᠬᠰᠡᠨ ᠲᠤᠰ ᠤᠳᠠᠭᠠᠨ᠎ᠤ ᠠᠵᠢᠯᠯᠠᠭ᠎ᠠ᠎ᠳᠦ᠂ ᠤᠢᠷ᠎ᠠ᠎ᠶᠢᠨ ᠵᠢᠯ᠎ᠤᠨ ᠲᠤᠷᠰᠢᠬᠢ ᠡᠮ ᠡᠮᠨᠡᠯᠭᠡ᠂ ᠡᠷᠡᠬᠦᠯ ᠮᠠᠨᠳᠦ᠎ᠶᠢᠨ ᠲᠠᠯ᠎ᠠ᠎ᠪᠡᠷ ᠬᠢ ᠣᠯᠤᠯᠲᠠ ᠠᠮᠵᠢᠯᠲᠠ ᠢ᠋ᠢ ᠲᠠᠨᠢᠯᠴᠠᠭᠤᠯᠤᠬᠰᠡᠨ ᠮᠣᠩᠭᠣᠯ ᠠᠨᠠᠭᠠᠬᠤ ᠤᠬᠠᠭᠠᠨ ᠤ᠋ ᠦᠵᠡᠰᠬᠦᠯᠡᠩ ᠬᠢᠭᠡᠳ ᠤᠯᠡᠨ ᠤᠯᠤᠰ᠎ᠤᠨ ᠮᠤᠡᠭᠭᠤᠯ ᠡᠮᠨᠡᠯᠭᠡ᠎ᠶᠢᠨ ᠬᠤᠷᠢᠶ᠎ᠠ᠎ᠶᠢᠨ ᠲᠤᠰᠬᠠᠢ ᠮᠡᠷᠭᠡᠵᠢᠯᠳᠡᠨ᠎ᠤ ᠪᠠᠭ᠎ᠤᠨ ᠬᠢᠯᠢ ᠰᠤᠨᠳᠠᠯᠠᠭᠰᠠᠨ ᠪᠤᠶᠠᠨ ᠤ᠋ ᠡᠮᠴᠢᠯᠡᠭᠡ ᠵᠡᠷᠭᠡ ᠠᠭᠤᠯᠭ᠎ᠠ᠎ᠵᠢ ᠲᠤᠬᠢᠷᠠᠭᠤᠯᠵᠠᠢ᠃

《ᠦᠪᠦᠷ ᠮᠤᠡᠭᠭᠤᠯ ᠤ᠋ᠨ ᠤᠯᠠᠨ ᠤᠯᠤᠰ ᠤ᠋ᠨ ᠮᠤᠡᠭᠭᠤᠯ ᠡᠮᠨᠡᠯᠭᠡ ᠢ᠋ᠢᠨ ᠬᠤᠷᠢᠶ᠎ᠠ᠎ᠶᠢᠨ ᠡᠮᠴᠢ ᠤᠯᠠᠭᠠᠨᠪᠠᠭᠠᠲᠤᠷ ᠲᠤ᠌ ᠢᠷᠡᠭᠰᠡᠨ ᠰᠤᠷᠠᠭ ᠢ᠋ᠢᠡᠷ 600 ᠺᠢᠯᠤᠮᠸᠲ᠋ᠷ ᠤ᠋ᠨ ᠠᠯᠤᠰ ᠡᠴᠡ ᠡᠵᠢ ᠪᠡᠨ ᠳᠠᠭᠠᠭᠤᠯᠤᠨ ᠬᠦᠷᠴᠤ ᠢᠷᠡᠯ᠎ᠠ᠂ ᠡᠵᠢ ᠢ᠋ᠢᠨ ᠮᠢᠨᠢ ᠬᠦᠯ ᠭᠠᠷ ᠨᠢ ᠡᠪᠡᠳᠳᠡᠭ ᠶᠤᠮ᠂ ᠰᠠᠶᠢ ᠡᠮᠴᠢ ᠪᠡᠷ ᠪᠠᠷᠢᠭᠤᠯᠤᠭᠠᠳ ᠪᠡᠶ᠎ᠠ ᠨᠢ ᠠᠶᠠᠭᠦᠢ ᠬᠦᠡᠭᠭᠡᠷᠡᠯ᠎ᠠ᠂ ᠡᠮᠴᠢ ᠳ᠋ᠡᠭᠡᠨ ᠪᠠᠶᠠᠷᠯᠡᠯ᠎ᠠ》 ᠭᠡᠵᠤ ᠰᠦᠬᠡᠪᠡᠭᠠᠲᠤᠷ ᠠᠢᠮᠠᠭ ᠡᠴᠡ ᠢᠷᠡᠭᠰᠡᠨ ᠨᠠᠨᠳᠢᠠᠴᠡᠴᠡᠭ ᠪᠠᠶᠠᠷᠲᠠᠢᠬᠠᠨ ᠶᠠᠷᠢᠯ᠎ᠠ᠃ ᠤᠢᠯᠠᠭᠠᠭᠰᠠᠨ ᠢ᠋ᠢᠡᠷ᠂ ᠤᠢᠷ᠎ᠠ ᠢ᠋ᠢᠨ ᠵᠢᠯ ᠳ᠋ᠤ ᠳᠤᠮᠳᠠᠳᠤ ᠮᠣᠩᠭᠣᠯ ᠬᠣᠶᠠᠷ ᠤᠯᠤᠰ ᠡᠮ ᠡᠮᠨᠡᠯᠭᠡ᠂ ᠡᠷᠡᠭᠦᠯ ᠮᠡᠨᠳᠦ ᠢ᠋ᠢᠨ ᠬᠦᠷᠢᠶᠠᠨ ᠳ᠋ᠤ ᠬᠠᠮᠲᠤᠷᠠᠨ ᠠᠵᠢᠯᠯᠠᠵᠤ᠂ ᠬᠣᠶᠠᠷ ᠣᠷᠣᠨ ᠤ᠋ ᠠᠷᠠᠳ ᠢᠷᠭᠡᠳ ᠲᠤ᠌ ᠠᠰᠢᠭ ᠲᠤᠰᠠ ᠬᠦᠷᠲᠡᠭᠡᠭᠰᠡᠭᠡᠷ ᠢᠷᠡᠵᠡᠢ᠃ ᠡᠬᠦᠨ᠎ᠳᠦ᠂ ᠦᠪᠤᠷ ᠮᠤᠡᠭᠭᠤᠯ᠎ᠤᠨ ᠤᠯᠡᠨ ᠤᠯᠤᠰ᠎ᠤᠨ ᠮᠤᠡᠭᠭᠤᠯ ᠡᠮᠨᠡᠯᠭᠡ᠎ᠶᠢᠨ ᠬᠤᠷᠢᠶ᠎ᠠ᠂ ᠦᠪᠤᠷ ᠮᠤᠡᠭᠭᠤᠯ᠎ᠤᠨ ᠠᠨᠠᠭᠠᠬᠤ ᠤᠬᠠᠭᠠᠨ᠎ᠤ ᠶᠡᠭᠡ ᠰᠤᠷᠭᠠᠭᠤᠯᠢ ᠵᠡᠷᠭᠡ ᠪᠠᠢᠭᠤᠯᠭ᠎ᠠ ᠨᠤᠭᠤᠳ ᠮᠣᠩᠭᠣᠯ ᠤᠯᠤᠰ ᠤ᠋ᠨ ᠬᠤᠯᠪᠤᠭᠳᠠᠯ ᠪᠦᠬᠦᠢ ᠨᠢᠭᠡᠴᠢ ᠲᠠᠢ ᠡᠮ ᠡᠮᠨᠡᠯᠭᠡ ᠂ ᠵᠢᠭᠠᠨ ᠰᠤᠷᠭᠠᠯᠳᠠ᠂ ᠡᠷᠳᠡᠮ ᠰᠢᠨᠵᠢᠯᠡᠭᠡ ᠵᠡᠷᠭᠡ ᠤᠯᠡᠨ ᠴᠢᠭᠯᠡᠯ᠎ᠢᠶᠡᠷ ᠬᠠᠮᠲᠤ ᠢ᠋ᠢᠨ ᠠᠵᠢᠯᠯᠠᠭ᠎ᠠ ᠦᠷᠨᠢᠭᠦᠯᠵᠤ᠂ ᠮᠣᠩᠭᠣᠯ ᠠᠨᠠᠭᠠᠬᠤ ᠤᠬᠠᠭᠠᠨ᠎ᠢᠶᠠᠷ ᠲᠥᠯᠥᠭᠡᠯᠡᠯ ᠪᠣᠯᠭᠠᠭᠰᠠᠨ ᠬᠢᠲᠠᠳ ᠠᠨᠠᠭᠠᠬᠤ ᠤᠬᠠᠭᠠᠨ ᠤ᠋ ᠦᠢᠯᠡᠴᠢᠯᠡᠭᠡ᠎ᠵᠢ ᠲᠠᠰᠤᠷᠠᠯᠲᠠ ᠦᠭᠡᠢ ᠤᠯᠡᠨ ᠤᠯᠤᠰ ᠲᠠᠢᠰᠢ ᠥᠷᠭᠡᠵᠢᠭᠦᠯᠦᠨ᠂ ᠳᠤᠮᠳᠠᠳᠤ — ᠮᠣᠩᠭᠣᠯ — ᠣᠷᠣᠰ ᠤ᠋ᠨ ᠠᠵᠤ ᠠᠬᠤᠢ ᠢ᠋ᠢᠨ ᠬᠤᠡᠭᠬᠢᠯ ᠤ᠋ᠨ ᠡᠷᠡᠭᠦᠯ ᠮᠡᠨᠳᠦ ᠢ᠋ᠢᠨ ᠦᠢᠯᠡᠴᠢᠯᠡᠭᠡᠨ ᠤ᠋ ᠥᠪᠡᠷᠮᠢᠴᠡ ᠲᠦᠷᠦᠯ ᠲᠡᠮᠳᠡᠭ᠎ᠢ ᠴᠤᠬᠴᠠᠯᠠᠬᠤ᠎ᠳᠦ ᠬᠦᠴᠤᠨ ᠴᠢᠳᠡᠯ᠎ᠢ᠋ᠢᠡᠨ ᠡᠷᠬᠦᠵᠦ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号