ᠠᠯᠲᠠ ᠮᠥᠩᠭᠥ ᠲᠣᠰᠣᠨ᠎ᠤ ᠦᠨ᠎ᠡ ᠵᠡᠷᠭᠡ ᠪᠠᠷ ᠪᠠᠭᠤᠷᠠᠪᠠ
2026-05-20 15:05:18
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠵᠠᠬ᠎ᠠ ᠳᠡᠯᠭᠡᠭᠦᠷ᠎ᠦᠨ ᠵᠣᠭᠣᠰ ᠮᠠᠭᠤᠳᠠᠬᠤ ᠰᠠᠨᠠᠭᠠᠰᠢᠷᠠᠯ ᠥᠷᠭᠡᠵᠢᠭᠰᠡᠨ᠎ᠡᠴᠡ ᠪᠣᠯᠵᠤ᠂ ᠠᠮᠧᠷᠢᠺᠠ᠎ᠶᠢᠨ ᠤᠯᠤᠰ᠎ᠤᠨ ᠵᠢᠭᠡᠯᠡᠯᠭᠡ᠎ᠶᠢᠨ ᠠᠰᠢᠭ ᠣᠷᠣᠯᠭ᠎ᠠ᠎ᠶᠢᠨ ᠨᠣᠷᠮ᠎ᠠ ᠳᠡᠭᠡᠭᠰᠢᠯᠡᠵᠦ᠍᠂ ᠳ᠋ᠣᠯᠯᠠᠷ᠎ᠤᠨ ᠵᠢᠭᠠᠯᠲᠠ ᠲᠣᠭ᠎ᠠ ᠥᠰᠴᠦ᠍᠂ ᠣᠯᠠᠨ ᠤᠯᠤᠰ᠎ᠤᠨ ᠠᠯᠲᠠᠨ᠎ᠤ ᠦᠨ᠎ᠡ ᠪᠣᠯᠤᠨ ᠮᠥᠩᠭᠥᠨ᠎ᠦ ᠦᠨ᠎ᠡ ᠭᠠᠷᠠᠭ᠎ᠤᠨ ᠬᠣᠶᠠᠷ᠎ᠲᠤ᠌ ᠪᠠᠭᠤᠷᠠᠵᠠᠶ᠃ ᠠᠷᠠᠯᠵᠢᠶ᠎ᠠ ᠳᠠᠭᠤᠰᠬᠤ ᠪᠣᠯᠲᠠᠯ᠎ᠠ᠂ ᠨᠢᠦ᠋ ᠶᠣᠷᠺ᠎ᠤᠨ ᠲᠠᠸᠠᠷ ᠎ᠤᠨ ᠠᠷᠠᠯᠵᠢᠶᠠᠨ᠎ᠤ ᠭᠠᠵᠠᠷ᠎ᠤᠨ 6 ᠰᠠᠷ᠎ᠠ᠎ᠳᠤ ᠲᠠᠰᠤᠯᠤᠨ ᠪᠣᠳᠤᠬᠤ ᠰᠢᠵᠢᠷ ᠠᠯᠲᠠᠨ᠎ᠤ ᠬᠤᠭᠤᠴᠠᠭᠠᠲᠤ᠌ ᠪᠠᠷᠠᠭ᠎ᠠ᠎ᠶᠢᠨ ᠦᠨ᠎ᠡ ᠵᠢ ᠤᠨᠰ ᠪᠦᠷᠢ᠎ᠳᠡᠭᠡᠨ 4511.2 ᠳ᠋ᠣᠯᠯᠠᠷ ᠵᠢᠠᠷ ᠮᠡᠳᠡᠭᠦᠯᠵᠦ᠍᠂ 1.03% ᠪᠡᠷ ᠪᠠᠭᠤᠷᠠᠵᠠᠶ; 7 ᠰᠠᠷ᠎ᠠ᠎ᠳᠤ ᠲᠠᠰᠤᠯᠤᠨ ᠪᠤᠳᠤᠬᠤ ᠮᠥᠩᠭᠥᠨ᠎ᠦ ᠬᠤᠭᠤᠴᠠᠭᠠᠲᠤ᠌ ᠪᠠᠷᠠᠭ᠎ᠠ ᠵᠢᠨ ᠦᠨ᠎ᠡ᠎ᠶᠢ ᠤᠨᠰ ᠪᠦᠷᠢ᠎ᠳᠡᠭᠡᠨ 75.159 ᠳ᠋ᠣᠯᠯᠠᠷ᠎ᠢᠶᠠᠷ ᠮᠡᠳᠡᠭᠦᠯᠵᠦ᠍᠂ 2.95% ᠪᠡᠷ ᠪᠠᠭᠤᠷᠠᠪᠠ᠃

ᠣᠯᠠᠨ ᠤᠯᠤᠰ᠎ᠤᠨ ᠲᠣᠰᠣᠨ᠎ᠤ ᠦᠨ᠎ᠡ ᠪᠠᠭ᠎ᠠ ᠬᠡᠮᠵᠢᠶ᠎ᠡ᠎ᠪᠡᠷ ᠪᠠᠭᠤᠷᠠᠪᠠ

ᠣᠯᠠᠨ ᠤᠯᠤᠰ᠎ᠤᠨ ᠲᠣᠰᠣᠨ᠎ᠤ ᠦᠨ᠎ᠡ᠎ᠶᠢᠨ ᠲᠠᠯ᠎ᠠ᠎ᠪᠠᠷ᠂ ᠠᠮᠧᠷᠢᠺᠠ᠎ᠶᠢᠨ ᠶᠡᠷᠦᠩᠬᠡᠶ᠋ᠢᠯᠡᠭᠴᠢ ᠲᠸᠷᠠᠮᠫᠦ᠋ ᠤᠤᠯ᠎ᠤᠨ ᠲᠦᠯᠦᠪᠯᠡᠵᠤ ᠪᠠᠢᠬᠰᠠᠨ 19 ᠎ᠦ ᠡᠳᠦᠷ ᠢᠷᠠᠨ᠎ᠳᠤ ᠴᠢᠭᠯᠡᠭᠦᠯᠦᠭᠰᠡᠨ ᠴᠡᠷᠢᠭ᠎ᠦᠨ ᠶᠠᠪᠤᠳᠠᠯ᠎ᠤᠨ ᠴᠣᠬᠢᠯᠲᠠ ᠥᠭᠬᠦ᠌ ᠠᠵᠢᠯᠯᠠᠭ᠎ᠠ᠎ᠶᠢ ᠬᠦᠴᠦᠨ ᠥᠬᠡᠶ ᠪᠣᠯᠭᠠᠨ᠎ᠠ ᠭᠡᠵᠦ᠍ ᠵᠠᠷᠯᠠᠪᠠ᠂ ᠮᠡᠳᠡᠭᠡ᠎ᠶᠢ ᠨᠡᠶ᠋ᠢᠲᠡᠯᠡᠭᠰᠡᠨ᠎ᠦ ᠳᠠᠷᠠᠭ᠎ᠠ᠂ ᠣᠯᠠᠨ ᠤᠯᠤᠰ᠎ᠤᠨ ᠲᠣᠰᠣᠨ᠎ᠤ ᠦᠨ᠎ᠡ ᠡᠬᠢᠯᠡᠨ ᠪᠠᠭᠤᠷᠠᠪᠠ᠃ ᠳᠠᠷᠠᠭ᠎ᠠ᠎ᠨᠢ ᠲᠸᠷᠠᠮᠫᠦ᠋ ᠪᠠᠰᠠ᠂ ᠠᠮᠧᠷᠢᠺᠠ᠎ᠠᠴᠠ ᠢᠷᠠᠨ᠎ᠳᠤ ᠳᠠᠬᠢᠨᠲᠠ 《ᠬᠦᠨᠳᠦ ᠴᠣᠬᠢᠯᠲᠠ ᠥᠭᠬᠦ᠌》 ᠪᠣᠯᠤᠨ᠎ᠠ ᠭᠡᠵᠦ᠍ ᠢᠯᠡᠷᠬᠡᠢᠯᠡᠭᠰᠡᠨ ᠪᠥᠭᠡᠳ ᠢᠷᠠᠨ ᠶᠠᠭ ᠠᠮᠧᠷᠢᠺᠠ᠎ᠲᠠᠶ ᠬᠡᠯᠡᠯᠴᠡᠭᠡᠷ ᠭᠢᠭᠦ ᠪᠡᠷ ᠭᠦᠰᠡᠮᠵᠢᠯᠡᠵᠦ ᠪᠠᠢᠨ᠎ᠠ ᠭᠡᠪᠡ᠂ ᠲᠠᠷᠠᠭ᠎ᠠ᠎ᠨᠢ ᠤᠯᠠᠨ ᠤᠯᠤᠰ᠎ᠤᠨ ᠲᠤᠰᠤᠨ᠎ᠤ ᠦᠨ᠎ᠡ᠎ᠶᠢᠨ ᠪᠠᠭᠤᠷᠠᠯᠲᠠ ᠪᠠᠭᠠᠰᠪᠡ᠃ ᠲᠣᠰ ᠡᠳᠦᠷ ᠪᠣᠯᠲᠠᠯ᠎ᠠ᠂ ᠨᠢᠦ᠋ ᠶᠣᠷᠺ᠎ᠤᠨ ᠲᠠᠸᠠᠷ᠎ᠤᠨ ᠠᠷᠠᠯᠵᠢᠶᠠᠨ᠎ᠤ ᠭᠠᠵᠠᠷ᠎ᠤᠨ 6 ᠰᠠᠷ᠎ᠠ᠎ᠳᠤ ᠪᠠᠷᠠᠭ᠎ᠠ ᠲᠤᠰᠢᠶᠠᠬᠤ ᠬᠥᠩᠭᠡᠨ ᠴᠢᠨᠠᠷ᠎ᠤᠨ ᠲᠦᠭᠦᠬᠡᠶ ᠲᠣᠰᠣᠨ᠎ᠤ ᠬᠤᠭᠤᠴᠠᠭᠠᠲᠤ᠌ ᠪᠠᠷᠠᠭ᠎ᠠ᠎ᠶᠢᠨ ᠦᠨ᠎ᠡ᠎ᠶᠢ ᠲᠦᠡᠭᠰᠠ ᠪᠦᠷᠢ ᠵᠢ 107.77 ᠳ᠋ᠣᠯᠯᠠᠷ᠎ᠢᠶᠠᠷ ᠬᠤᠷᠢᠶᠠᠵᠤ᠂ ᠪᠠᠭᠤᠷᠠᠯᠲᠠ᠎ᠶᠢᠨ ᠬᠡᠮᠵᠢᠶ᠎ᠡ ᠨᠢ 0.82% ᠪᠠᠶ᠋ᠢᠪᠠ; 7 ᠰᠠᠷ᠎ᠠ᠎ᠳᠤ ᠪᠠᠷᠠᠭ᠎ᠠ ᠲᠤᠰᠢᠶᠠᠬᠤ ᠯᠣᠨᠳᠣᠨ᠎ᠤ ᠪᠷᠸᠨ᠋ᠲ ᠲᠦᠭᠦᠬᠡᠶ ᠲᠣᠰᠣᠨ᠎ᠤ ᠬᠤᠭᠤᠴᠠᠭᠠᠲᠤ᠌ ᠪᠠᠷᠠᠭ᠎ᠠ᠎ᠶᠢᠨ ᠦᠨ᠎ᠡ᠎ᠶᠢ ᠲᠦᠡᠭᠰᠠ ᠪᠦᠷᠢ ᠵᠢ 111.28 ᠳ᠋ᠣᠯᠯᠠᠷ ᠵᠢᠡᠷ ᠬᠤᠷᠢᠶᠠᠵᠤ᠂ ᠪᠠᠭᠤᠷᠠᠯᠲᠠ᠎ᠶᠢᠨ ᠬᠡᠮᠵᠢᠶ᠎ᠡ ᠨᠢ 0.73% ᠪᠣᠯᠤᠨ᠎ᠠ᠃

ᠢᠷᠡᠯᠳᠠ᠄ ᠳᠦᠪ ᠳᠸᠯᠸᠢᠰ᠎ᠤᠨ ᠰᠤᠨᠢᠨ ᠮᠡᠳᠡᠭᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号