ᠦᠦᠰᠢᠨ ᠬᠣᠰᠢᠭᠤ ᠣᠶᠤᠨᠴᠢ ᠪᠡᠷ ᠴᠢᠬᠢ ᠪᠣᠢᠵᠢᠭᠤᠯᠵᠤ ᠬᠠᠪᠤᠷ ᠤ᠋ᠨ ᠲᠠᠷᠢᠶᠠᠯᠠᠭ᠎ᠠ ᠳ᠋ᠤ ᠪᠡᠯᠡᠳᠬᠡᠵᠤ ᠪᠤᠢ
2026-04-29 11:30:08
ᠵᠣᠬᠢᠶᠠᠭ᠍ᠴᠢ᠄
ᠪᠤᠶᠠᠠᠡᠨᠡᠷᠢᠯ
ᠣᠩᠱᠢᠭ᠍ᠰᠠᠨ ᠣᠳᠠᠭ᠎ᠠ᠄
★★★☆☆

ᠤᠷᠳᠤᠰ ᠬᠤᠳᠠ ᠶ᠋ᠢᠨ ᠦᠦᠰᠢᠨ ᠬᠤᠰᠢᠭᠤ ᠣᠢᠷ᠎ᠠ ᠵᠢᠨ ᠵᠢᠯ ᠡᠴᠡ ᠪᠣᠳᠠᠲᠤ ᠪᠠᠢᠳᠠᠯ ᠳ᠋ᠠᠭᠠᠨ ᠰᠠᠭᠤᠷᠢᠯᠠᠵᠤ᠂ ᠳᠦᠬᠦᠭᠡᠷᠦᠮᠵᠢᠳᠦ ᠳᠠᠷᠢᠶᠠᠯᠠᠩ ᠢ᠋ ᠬᠦᠭᠵᠢᠬᠦᠯᠦᠨ᠂ ᠪᠦᠬᠦ ᠬᠣᠰᠢᠭᠤᠨ ᠤ᠋ ᠡᠯ᠎ᠡ ᠴᠢᠬᠢ ᠪᠣᠢᠵᠢᠭᠤᠯᠬᠤ ᠰᠠᠭᠤᠷᠢᠨ ᠳ᠋ᠤ ᠤᠰᠤ ᠪᠣᠷᠳᠣᠭᠤᠷ ᠢ᠋ ᠨᠢᠭᠡ ᠴᠣᠭᠴᠠᠵᠢᠭᠤᠯᠤᠨ ᠤᠰᠤᠯᠠᠬᠤ ᠵᠡᠷᠭᠡ ᠲᠡᠷᠢᠭᠦᠨ ᠤ᠋ ᠮᠡᠷᠭᠡᠵᠢᠯ ᠢ᠋ ᠲᠦᠭᠡᠮᠡᠯᠵᠢᠭᠦᠯᠦᠭᠡᠳ᠂ ᠤᠳᠤ ᠪᠤᠯᠳᠠᠯ᠎ᠠ ᠪᠥᠬᠥ ᠬᠣᠰᠢᠭᠤᠨ ᠤ᠋ ᠴᠢᠬᠢ ᠪᠣᠢᠵᠢᠭᠤᠯᠬᠤ ᠰᠠᠭᠤᠷᠢᠨ ᠤ᠋ ᠨᠢᠯᠬ᠎ᠠ ᠴᠢᠬᠢ ᠵᠢᠨ ᠡᠳᠡᠭᠡᠷᠡᠯᠲᠡ ᠶ᠋ᠢᠨ ᠨᠣᠷᠮ᠎ᠠ ᠵᠢ 95% ᠡᠴᠡ ᠳᠡᠭᠡᠭᠰᠢ᠎ᠳᠤ ᠬᠦᠷᠬᠡᠵᠦ᠂ ᠢᠳᠡᠰᠢᠨ ᠨᠣᠭᠣᠭ᠎ᠠ ᠵᠢᠨ ᠭᠠᠷᠤᠯᠲᠠ ᠪᠠ ᠶᠠᠰᠤ ᠴᠢᠨᠠᠷ ᠢ᠋ ᠳᠡᠭᠡᠭᠰᠢᠯᠡᠭᠦᠯᠵᠠᠢ᠃

ᠠᠭᠤᠷ ᠠᠮᠢᠰᠬᠤᠯ ᠳᠤᠯᠠᠭᠠᠷᠠᠬᠤ ᠵᠢ ᠳᠠᠭᠠᠯᠳᠤᠨ᠂ ᠰᠢᠷᠠᠤ᠋ᠰᠤᠨ ᠭᠤᠤᠯ ᠪᠠᠯᠭᠠᠰᠤᠨ᠎ᠤ ᠸᠠᠩ ᠶᠣᠣ ᠸᠠᠨ ᠲᠣᠰᠬᠣᠨ ᠤ᠋ ᠴᠢᠬᠢ ᠪᠣᠢᠵᠢᠭᠤᠯᠬᠤ ᠰᠠᠭᠤᠷᠢᠨ ᠳ᠋ᠤ ᠬᠦᠷ ᠬᠥᠭᠵᠢᠶᠡᠨ ᠶ᠋ᠢᠡᠷ ᠪᠢᠯᠬᠠᠵᠤ᠂ ᠠᠦ᠋ᠲ᠋ᠣ᠋ ᠨᠦᠬᠡᠯᠡᠨ ᠳᠠᠷᠢᠬᠤ ᠮᠠᠰᠢᠨ ᠵᠢᠭᠳᠡ ᠬᠤᠷᠳᠤᠴᠠ ᠪᠡᠷ ᠠᠵᠢᠯᠯᠠᠨ᠂ ᠪᠣᠷᠳᠣᠭᠤᠷ ᠣᠷᠣᠭᠤᠯᠬᠤ᠂ ᠳᠠᠷᠢᠬᠤ ᠵᠡᠷᠭᠡ ᠭᠣᠭᠴᠣᠭ᠎ᠠ ᠵᠢ ᠨᠠᠷᠢᠯᠢᠭ᠋ ᠣᠨᠣᠴᠠᠲᠠᠢ ᠪᠡᠶᠡᠯᠡᠭᠦᠯᠦᠨ᠎ᠡ᠃ ᠠᠵᠢᠯᠴᠢᠳ ᠬᠤᠪᠢᠳᠠᠭᠰᠠᠨ ᠠᠵᠢᠯ ᠤ᠋ᠨ ᠪᠠᠢᠷᠢᠨ ᠳ᠋ᠠᠭᠠᠨ ᠶᠠᠭᠠᠷᠠᠵᠠᠭᠠᠨ᠂ ᠣᠳᠣᠬᠢᠴᠢᠯᠠᠭᠰᠠᠨ ᠴᠢᠬᠢ ᠪᠣᠢᠵᠢᠭᠤᠯᠬᠤ ᠦᠢᠯᠡᠳᠪᠦᠷᠢᠯᠡᠯ ᠤ᠋ᠨ ᠱᠤᠭᠤᠮ ᠪᠥᠬᠥ ᠬᠦᠴᠦᠨ ᠶ᠋ᠢᠡᠷ ᠠᠵᠢᠯᠯᠠᠵᠤ᠂ ᠬᠠᠪᠤᠷ ᠤ᠋ᠨ ᠲᠠᠷᠢᠶᠠᠯᠠᠭ᠎ᠠ ᠳ᠋ᠤ ᠪᠡᠯᠡᠳᠬᠡᠨ᠎ᠡ᠃

ᠸᠠᠩ ᠶᠣᠣ ᠸᠠᠨ ᠲᠣᠰᠬᠣᠨ ᠤ᠋ ᠴᠢᠬᠢ ᠪᠣᠢᠵᠢᠭᠤᠯᠬᠤ ᠰᠠᠭᠤᠷᠢᠨ ᠤ᠋ ᠬᠠᠷᠢᠭᠤᠴᠠᠯᠭᠠᠲᠠᠨ ᠭᠣᠤ ᠱᠢ ᠵᠢᠶᠦ᠋ᠨ᠄ 《ᠮᠠᠨ ᠤ᠋ ᠰᠠᠭᠤᠷᠢᠨ ᠤᠶᠤᠨᠴᠢ ᠪᠡᠷ ᠴᠢᠬᠢ ᠪᠣᠢᠵᠢᠭᠤᠯᠬᠤ ᠵᠢ ᠪᠥᠬᠥ ᠲᠠᠯ᠎ᠠ ᠪᠡᠷ ᠪᠡᠶᠡᠯᠡᠭᠦᠯᠵᠦ᠂ ᠨᠢᠭᠡᠳᠦᠯᠲᠡᠢ ᠴᠢᠬᠢ ᠪᠣᠢᠵᠢᠭᠤᠯᠬᠤ᠂ ᠰᠢᠨᠵᠢᠯᠡᠬᠦ ᠤᠬᠠᠭᠠᠨᠴᠢ ᠪᠡᠷ ᠠᠷᠠᠴᠢᠯᠠᠬᠤ ᠪᠡᠷ ᠳᠠᠮᠵᠢᠭᠤᠯᠤᠨ᠂ ᠦᠷ᠎ᠡ ᠰᠠᠭᠤᠯᠭᠠᠬᠤ ᠡᠴᠠ ᠴᠢᠬᠢ ᠪᠣᠢᠵᠢᠭᠤᠯᠬᠤ ᠬᠦᠷᠲᠡᠯᠡᠬᠢ ᠪᠥᠬᠥ ᠶᠠᠪᠤᠴᠠ ᠵᠢᠨ ᠪᠣᠢᠵᠢᠭᠤᠯᠬᠤ ᠰᠢᠰᠲᠧᠮ ᠢ᠋ ᠪᠠᠢᠭᠤᠯᠵᠠᠢ》ᠭᠡᠵᠦ ᠰᠤᠷᠪᠤᠯᠵᠢᠯᠠᠭᠴᠢ᠎ᠳᠤ ᠲᠠᠨᠢᠯᠴᠠᠭᠤᠯᠤᠯ᠎ᠠ᠃

ᠡᠨᠡ ᠵᠢᠯ᠂ ᠸᠠᠩ ᠶᠣᠣ ᠸᠠᠨ ᠲᠣᠰᠬᠣᠨ ᠤ᠋ ᠴᠢᠬᠢ ᠪᠣᠢᠵᠢᠭᠤᠯᠬᠤ ᠰᠠᠭᠤᠷᠢᠨ ᠴᠤᠭᠤᠷ ᠨᠣᠭᠣᠭ᠎ᠠ᠂ ᠯᠠᠵᠤᠤ᠂ ᠥᠷᠭᠡᠰᠦᠲᠦ ᠬᠡᠮᠬᠡ ᠵᠡᠷᠭᠡ 20 ᠭᠠᠷᠤᠢ ᠵᠦᠢᠯ᠎ᠤᠨ ᠢᠳᠡᠰᠢᠨ ᠨᠣᠭᠣᠭ᠎ᠠ ᠵᠢᠨ ᠡᠭᠦᠯᠳᠡᠷ ᠢ᠋ ᠪᠣᠢᠵᠢᠭᠤᠯᠬᠤ ᠪᠡᠷ ᠲᠥᠯᠥᠪᠯᠡᠵᠦ᠂ ᠴᠢᠬᠢ ᠪᠣᠢᠵᠢᠭᠤᠯᠬᠤ ᠶᠡᠷᠦᠩᠬᠡᠢ ᠬᠡᠮᠵᠢᠶ᠎ᠡ ᠨᠢ 2000 ᠭᠠᠷᠤᠢ ᠲᠦᠮᠡᠨ ᠰᠠᠭᠤᠷᠢ ᠳ᠋ᠤ ᠬᠦᠷᠬᠦ ᠪᠤᠯᠤᠨ᠎ᠠ᠂ ᠭᠤᠤᠯᠳᠠᠭᠤ ᠦᠦᠰᠢᠨ ᠬᠣᠰᠢᠭᠤ᠂ ᠣᠲᠣᠭ ᠤ᠋ᠨ ᠡᠮᠦᠨᠡᠲᠦ ᠬᠣᠰᠢᠭᠤ᠂ ᠱᠠᠨᠰᠢ ᠮᠤᠵᠢ ᠵᠢᠨ ᠵᠢᠩᠪᠢᠶᠠᠨ ᠰᠢᠶᠠᠨ ᠵᠡᠷᠭᠡ ᠭᠠᠵᠠᠷ ᠤᠷᠤᠨ ᠤ᠋ 2000 ᠭᠠᠷᠤᠢ ᠮᠦ᠍ ᠲᠠᠷᠢᠶᠠᠨ ᠭᠠᠵᠠᠷ ᠤ᠋ᠨ ᠴᠢᠬᠢ ᠰᠤᠶᠤᠭ᠎ᠠ ᠶ᠋ᠢᠨ ᠬᠡᠷᠡᠭᠴᠡᠭᠡ ᠵᠢ ᠬᠠᠩᠭᠠᠨ᠎ᠠ᠃

ᠴᠢᠨᠠᠷ ᠰᠠᠢᠲᠠᠢ ᠴᠢᠬᠢ ᠰᠤᠶᠤᠭ᠎ᠠ ᠵᠢᠨ ᠬᠠᠩᠭᠠᠯᠭ᠎ᠠ ᠨᠢ ᠲᠤᠰ ᠭᠠᠵᠠᠷ ᠤ᠋ᠨ ᠬᠠᠪᠤᠷ ᠤ᠋ᠨ ᠲᠠᠷᠢᠶᠠᠯᠠᠭ᠎ᠠ ᠵᠢᠨ ᠬᠡᠷᠡᠭᠴᠡᠭᠡ ᠵᠢ ᠪᠠᠲᠤᠯᠠᠭᠰᠠᠨ ᠪᠥᠭᠡᠳ ᠡᠷᠬᠢᠨ ᠲᠣᠭᠣᠷᠢᠨ ᠤ᠋ ᠭᠠᠵᠠᠷ ᠣᠷᠣᠨ ᠤ᠋ ᠲᠥᠬᠥᠭᠡᠷᠦᠮᠵᠢᠲᠦ ᠲᠠᠷᠢᠶᠠᠯᠠᠩ ᠤ᠋ᠨ ᠬᠠᠮᠵᠢᠯᠴᠠᠨ ᠬᠥᠭᠵᠢᠬᠦ ᠵᠢ ᠨᠥᠯᠥᠭᠡᠯᠡᠨ ᠲᠠᠢᠴᠢᠯᠠᠵᠠᠢ᠃ ᠡᠳᠦᠬᠡ ᠦᠦᠰᠢᠨ ᠬᠣᠰᠢᠭᠤ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠳᠤ ᠲᠦᠰᠢᠭᠯᠡᠨ᠂ ᠲᠥᠬᠥᠭᠡᠷᠦᠮᠵᠢᠲᠦ ᠳᠠᠷᠢᠶᠠᠯᠠᠩ ᠤ᠋ᠨ ᠬᠦᠭᠵᠢᠯᠲᠠ ᠵᠢ ᠠᠬᠢᠭᠤᠯᠵᠤ᠂ ᠲᠠᠷᠢᠶᠠᠯᠠᠩ᠎ᠤᠨ ᠶᠠᠰᠤ ᠴᠢᠨᠠᠷ ᠢ᠋ ᠳᠡᠭᠡᠭᠰᠢᠯᠡᠭᠦᠯᠦᠨ ᠦᠷ᠎ᠡ ᠠᠰᠢᠭ᠋ ᠢ᠋ ᠨᠡᠮᠡᠭᠳᠡᠭᠦᠯᠬᠦ ᠵᠢ ᠴᠢᠩᠭᠠᠳᠬᠠᠨ᠂ ᠪᠦᠬᠦ ᠬᠣᠰᠢᠭᠤᠨ ᠤ᠋ ᠡᠯ᠎ᠡ ᠴᠢᠬᠢ ᠪᠣᠢᠵᠢᠭᠤᠯᠬᠤ ᠰᠠᠭᠤᠷᠢᠨ ᠳ᠋ᠤ ᠤᠰᠤ ᠪᠣᠷᠳᠣᠭᠤᠷ ᠢ᠋ ᠨᠢᠭᠡ ᠴᠣᠭᠴᠠᠵᠢᠭᠤᠯᠤᠨ ᠤᠰᠤᠯᠠᠬᠤ᠂ ᠳᠤᠯᠠᠭᠠᠨ ᠴᠢᠭᠢᠭ᠌ ᠤ᠋ᠨ ᠬᠡᠮᠵᠢᠶ᠎ᠡ ᠵᠢ ᠣᠶᠤᠨᠴᠢ ᠪᠡᠷ ᠲᠣᠬᠢᠷᠠᠭᠤᠯᠤᠨ ᠡᠵᠡᠮᠳᠡᠬᠦ᠂ ᠭᠡᠮ ᠬᠣᠷᠣᠬᠠᠢ ᠵᠢᠨ ᠬᠥᠨᠥᠭᠡᠯ ᠢ᠋ ᠪᠣᠬᠢᠷᠲᠤᠯ ᠦᠭᠡᠢ ᠰᠡᠷᠭᠡᠢᠯᠡᠨ ᠡᠵᠡᠮᠳᠡᠬᠦ ᠵᠡᠷᠭᠡ ᠳᠠᠷᠢᠬᠦᠨ ᠤ᠋ ᠮᠡᠷᠭᠡᠵᠢᠯ ᠢ᠋ ᠬᠡᠷᠡᠭᠯᠡᠨ᠂ ᠳᠦᠬᠦᠬᠡᠷᠦᠮᠵᠢᠳᠤ ᠳᠠᠷᠢᠶᠠᠯᠠᠩ ᠤ᠋ᠨ ᠨᠠᠷᠢᠯᠢᠭ ᠤᠨᠤᠪᠴᠢᠳᠠᠢ᠂ ᠪᠠᠷᠢᠮᠵᠢᠶᠠᠵᠢᠭᠰᠠᠨ᠂ ᠰᠢᠨᠵᠢᠯᠡᠬᠦ ᠤᠬᠠᠭᠠᠨᠴᠢ ᠪᠡᠷ ᠠᠷᠠᠴᠢᠯᠠᠬᠤ ᠵᠢ ᠪᠡᠶᠡᠯᠡᠬᠦᠯᠦᠨ᠂ ᠳᠠᠷᠢᠬᠤ ᠥᠪᠡᠷ ᠤ᠋ᠨ ᠥᠷᠲᠡᠭ ᠢ᠋ ᠪᠠᠭᠤᠷᠠᠭᠤᠯᠵᠤ᠂ ᠬᠢᠮᠢ ᠵᠢᠨ ᠪᠣᠷᠳᠣᠭᠤᠷ᠂ ᠲᠠᠷᠢᠶᠠᠨ ᠡᠮ ᠤ᠋ᠨ ᠬᠡᠷᠡᠭᠯᠡᠯᠲᠡ ᠵᠢ ᠪᠦᠲᠦᠮᠵᠢᠲᠡᠢ ᠪᠠᠭᠠᠰᠬᠠᠭᠰᠠᠨ ᠪᠠᠢᠨ᠎ᠠ᠃ ᠤᠳᠤᠬᠠᠨ ᠳ᠋ᠤ᠂ ᠪᠦᠬᠦ ᠬᠤᠰᠢᠭᠤᠨ ᠤ᠋ ᠳᠦᠬᠦᠬᠡᠷᠦᠮᠵᠢᠳᠤ ᠳᠠᠷᠢᠶᠠᠯᠠᠩ ᠤ᠋ᠨ ᠶᠡᠷᠦᠩᠬᠡᠢ ᠳᠠᠯᠠᠪᠠᠢ ᠪᠠᠷᠤᠭ 1100 ᠮᠤ᠌᠎ᠳᠤ ᠬᠦᠷᠴᠦ᠂ ᠭᠤᠤᠯᠳᠠᠭᠤ ᠴᠢᠬᠢ ᠪᠤᠢᠵᠢᠭᠤᠯᠬᠤ ᠪᠠ ᠢᠳᠡᠰᠢᠨ ᠨᠤᠭᠤᠭ᠎ᠠ᠂ ᠵᠢᠮᠢᠰ ᠵᠡᠷᠭᠡ ᠵᠢ ᠳᠠᠷᠢᠵᠤ ᠪᠤᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号