ᠲᠦᠩᠯᠢᠶᠣᠤ ᠬᠤᠳᠠ ᠣᠶᠤᠨᠴᠢ ᠪᠡᠷ ᠲᠠᠷᠢᠶ᠎ᠠ ᠳᠠᠷᠢᠬᠤ ᠰᠢᠨ᠎ᠠ ᠵᠠᠮ ᠢ᠋ ᠨᠡᠬᠡᠬᠡᠯ᠎ᠠ
2026-04-14 09:29:11
ᠵᠣᠬᠢᠶᠠᠭ᠍ᠴᠢ᠄
ᠯᠢ ᠵᠢᠶᠠ ᠢᠦᠶ
ᠣᠩᠱᠢᠭ᠍ᠰᠠᠨ ᠣᠳᠠᠭ᠎ᠠ᠄
★★★☆☆

ᠬᠠᠪᠤᠷ ᠤ᠋ᠨ ᠳᠤᠮᠳᠠ ᠰᠠᠷ᠎ᠠ ᠪᠤᠯᠵᠤ ᠬᠠᠮᠤᠭ ᠪᠤᠳᠠᠰ ᠠᠮᠢᠯᠠᠨ᠂ ᠬᠣᠷᠴᠢᠨ ᠤ᠋ ᠡᠬᠡ ᠭᠠᠵᠠᠷ ᠲᠤ᠌ ᠬᠠᠪᠤᠷ ᠤ᠋ᠨ ᠲᠠᠷᠢᠶᠠᠯᠠᠭ᠎ᠠ ᠢ᠋ᠢᠨ ᠪᠡᠯᠡᠳᠭᠡᠯ ᠠᠵᠢᠯ ᠪᠥᠬᠥ᠌ ᠲᠠᠯ᠎ᠠ ᠪᠡᠷ ᠥᠷᠨᠢᠵᠤ ᠡᠬᠢᠯᠡᠪᠡ᠃ ᠲᠦᠩᠯᠢᠶᠣᠤ ᠬᠣᠲᠠ ᠱᠢᠨ᠎ᠡ ᠴᠢᠨᠠᠷ ᠤ᠋ᠨ ᠦᠶ᠋ᠯᠡᠳᠪᠦᠷᠢᠯᠡᠯ ᠤ᠋ᠨ ᠬᠦᠴᠦᠨ ᠢ᠋ᠢᠡᠷ ᠤᠳᠤᠷᠢᠳᠤᠮᠵᠢ ᠪᠣᠯᠭᠠᠵᠤ᠂ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠬᠢᠭᠡᠳ ᠲᠠᠷᠢᠶᠠᠯᠠᠩ ᠤ᠋ᠨ ᠭᠦᠨᠵᠡᠭᠡᠶ ᠠᠭᠤᠰᠤᠯᠴᠠᠯ ᠢ᠋ ᠠᠬᠢᠭᠤᠯᠤᠨ᠂ ᠳᠣᠬᠢᠭᠤᠷ ᠲᠤᠯᠤᠭᠠᠨ ᠣᠲᠣ ᠵᠠᠮᠴᠢᠯᠠᠭᠤᠷ᠂ ᠲᠣᠮᠣ ᠳ᠋ᠠᠢᠲ᠋ᠠ ᠢ᠋ᠢᠨ ᠮᠡᠷᠭᠡᠵᠢᠯ᠂ ᠥᠨᠳᠥᠷ ᠪᠠᠷᠢᠮᠵᠢᠶᠠᠲᠤ ᠲᠠᠷᠢᠶᠠᠨ ᠭᠠᠵᠠᠷ ᠤ᠋ᠨ ᠪᠥᠲᠥᠭᠡᠨ ᠪᠠᠢᠭᠤᠯᠤᠯᠲᠠ ᠢ᠋ᠢ ᠣᠷᠭᠠᠨᠢᠭ ᠵᠢᠡᠷ ᠤᠶᠠᠯᠳᠤᠭᠤᠯᠵᠤ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠢ᠋ᠢᠡᠷ ᠡᠨ᠋ᠸᠷᠬᠢ ᠣᠯᠭᠣᠬᠤ᠂ ᠣᠶᠤᠨᠴᠢ ᠪᠡᠷ ᠲᠠᠷᠢᠶ᠎ᠠ ᠳᠠᠷᠢᠬᠤ ᠬᠥᠳᠡᠭᠡ ᠲᠣᠰᠭᠣᠨ ᠢ᠋ ᠬᠥᠭ᠌ᠵᠢᠭᠦᠯᠦᠨ ᠮᠠᠨᠳᠤᠭᠤᠯᠬᠤ ᠱᠢᠨ᠎ᠡ ᠵᠠᠮ ᠢ᠋ ᠨᠡᠭᠡᠭᠡᠵᠦ᠍᠂ ᠲᠠᠷᠢᠶᠠᠯᠠᠩ ᠤ᠋ᠨ ᠴᠢᠨᠠᠷ ᠰᠠᠢᠲᠠᠶ ᠬᠥᠭ᠌ᠵᠢᠯᠲᠡ ᠳ᠋ᠤ ᠬᠦᠴᠦᠷᠬᠡᠭ ᠶᠡᠬᠡ ᠬᠥᠳᠡᠯᠭᠡᠬᠦ᠌ ᠬᠦᠴᠦᠨ ᠨᠡᠮᠡᠷᠢᠯᠡᠵᠤ ᠪᠠᠢᠨ᠎ᠠ᠃

ᠬᠠᠪᠤᠷ ᠤ᠋ᠨ ᠲᠠᠷᠢᠶᠠᠯᠠᠭ᠎ᠠ ᠢ᠋ᠢᠨ ᠦᠶ᠋ᠯᠡᠳᠪᠦᠷᠢᠯᠡᠯ ᠨᠢ ᠲᠠᠷᠢᠶᠠᠯᠠᠩ ᠤ᠋ᠨ ᠮᠠᠱᠢᠨ ᠲᠦᠬᠦᠬᠡᠷᠤᠮᠵᠢ ᠪᠡᠷ ᠰᠠᠭᠤᠷᠢ ᠪᠣᠯᠭᠠᠳᠠᠭ᠃ 3 ᠰᠠᠷ᠎ᠠ ᠢ᠋ᠢᠨ 23 ᠤ᠋ ᠡᠳᠦᠷ᠂ ᠬᠣᠷᠴᠢᠨ ᠲᠣᠭᠣᠷᠢᠭ ᠤ᠋ᠨ ᠵᠢᠨ ᠬᠣᠶ ᠲᠠᠷᠢᠶᠠᠯᠠᠩ ᠤ᠋ᠨ ᠮᠠᠱᠢᠨ ᠲᠠᠷᠢᠮᠠᠯ ᠤ᠋ᠨ ᠬᠣᠷᠱᠢᠶ᠎ᠠ ᠢ᠋ᠢᠨ ᠬᠦᠷᠢᠶᠡᠨ ᠳ᠋ᠤ ᠳᠣᠬᠢᠭᠤᠷ ᠲᠤᠯᠤᠭᠠᠨ ᠣᠲᠣ ᠵᠠᠮᠴᠢᠯᠠᠬᠤ ᠱᠢᠰᠲ᠋ᠧᠮ ᠤ᠋ᠨ ᠤᠶᠤᠨᠲᠤ ᠳᠠᠷᠢᠬᠤ ᠮᠠᠱᠢᠨ ᠪᠤᠯᠤᠨ ᠬᠠᠭᠠᠯᠪᠤᠷᠢᠯᠠᠬᠤ ᠥᠬᠡᠶ ᠪᠡᠷ ᠨᠠᠷᠢᠯᠢᠭ ᠳᠠᠷᠢᠬᠤ ᠮᠠᠱᠢᠨ ᠳᠡᠷᠢ ᠳᠡᠭᠰᠢ ᠵᠢᠭᠰᠠᠵᠤ᠂ ᠮᠡᠷᠭᠡᠵᠢᠯᠲᠡᠳ ᠮᠠᠰᠢᠨ ᠲᠥᠬᠥᠭᠡᠷᠦᠮᠵᠢ ᠢ᠋ᠢ ᠲᠣᠬᠢᠷᠠᠭᠤᠯᠤᠨ᠂ ᠪᠣᠯᠵᠣᠯᠲᠤ ᠲᠣᠭ᠎ᠠ ᠢ᠋ᠢ ᠬᠠᠷᠭᠤᠭᠤᠯᠵᠤ᠂ ᠬᠠᠪᠤᠷ ᠤ᠋ᠨ ᠲᠠᠷᠢᠶᠠᠯᠠᠭ᠎ᠠ ᠢ᠋ᠢᠨ ᠪᠡᠯᠡᠳᠭᠡᠯ ᠠᠵᠢᠯ ᠢ᠋ ᠰᠠᠢᠲᠤᠷ ᠬᠢᠨ᠎ᠠ᠃ ᠳᠡᠯᠭᠡᠴᠡᠡ ᠳᠡᠭᠡᠷ᠎ᠡ ᠲᠤᠬᠠᠢ ᠢ᠋ᠢᠨ ᠴᠠᠭ ᠤ᠋ᠨ ᠲᠣᠭ᠎ᠠ ᠪᠠᠷᠢᠮᠲᠠ ᠲᠤᠳᠤᠷᠠᠵᠤ᠂ ᠲᠠᠷᠢᠶᠠᠯᠠᠩ ᠤ᠋ᠨ ᠮᠠᠱᠢᠨ ᠤ᠋ ᠮᠥᠷ ᠤ᠋ᠨ ᠵᠠᠶ᠂ ᠰᠠᠭᠤᠷᠢ ᠢ᠋ᠢᠨ ᠵᠠᠶ᠂ ᠲᠠᠷᠢᠬᠤ ᠬᠦᠨ ᠤ᠋ ᠬᠡᠮᠵᠢᠶ᠎ᠠ ᠵᠡᠷᠭᠡ ᠪᠣᠯᠵᠣᠯᠲᠤ ᠲᠣᠭ᠎ᠠ ᠢ᠋ᠢ ᠤᠷᠢᠳᠴᠢᠯᠠᠨ ᠲᠤᠬᠢᠷᠠᠭᠤᠯᠤᠭᠰᠠᠭᠠᠷ ᠲᠠᠷᠢᠶᠠᠯᠠᠩ ᠤ᠋ᠨ ᠮᠠᠱᠢᠨ ᠨᠠᠷᠢᠨ ᠣᠨᠣᠴᠠᠲᠠᠶ ᠪᠡᠷ ᠠᠵᠢᠯᠯᠠᠵᠤ᠂ ᠲᠠᠷᠢᠶᠠᠯᠠᠭ᠎ᠠ᠂ ᠲᠠᠷᠢᠶᠠᠨ ᠦᠷ᠎ᠠ ᠪᠤᠯᠤᠨ ᠪᠣᠷᠲᠣᠭᠣᠷ᠂ ᠪᠦᠷᠬᠦᠪᠴᠢ ᠢ᠋ᠢ ᠨᠢᠭᠡ ᠴᠤᠭ᠍ᠴᠠᠵᠢᠭᠤᠯᠤᠭ᠍ᠰᠠᠨ ᠠᠵᠢᠯ ᠢ᠋ ᠨᠢᠭᠡ ᠯᠡ ᠤᠳᠠᠭ᠎ᠠ ᠳ᠋ᠤ ᠪᠡᠶᠡᠯᠡᠭᠦᠯᠵᠦ᠍᠂ ᠬᠥᠮᠦᠨ ᠤ᠋ ᠬᠦᠴᠦ ᠪᠡᠷ ᠤᠲᠠᠰᠤ ᠲᠠᠲᠠᠬᠤ᠂ ᠳᠠᠬᠢᠨ ᠳᠠᠪᠲᠠᠨ ᠬᠠᠷᠭᠤᠭᠤᠯᠤᠨ ᠪᠠᠢᠴᠠᠭᠠᠬᠤ ᠵᠡᠷᠭᠡ ᠶᠠᠪᠤᠴᠠ ᠢ᠋ᠢ ᠶᠡᠬᠡ ᠪᠡᠷ ᠳᠥᠭᠥᠮᠴᠢᠯᠡᠬᠦ ᠪᠤᠯᠵᠠᠢ᠃ 《ᠥᠩᠭᠡᠷᠡᠭ᠌ᠰᠡᠨ ᠳ᠋ᠤ ᠬᠥᠮᠦᠨ ᠤ᠋ ᠬᠦᠴᠦ ᠪᠤᠯᠤᠨ ᠲᠤᠷᠱᠢᠯᠭ᠎ᠠ ᠳ᠋ᠠᠭᠠᠨ ᠲᠦᠱᠢᠭ᠌ᠯᠡᠵᠦ᠍᠂ ᠨᠢᠭᠡ ᠮᠦ᠍ ᠲᠠᠷᠢᠶ᠎ᠠ ᠲᠠᠷᠢᠬᠤ ᠳ᠋ᠤ᠌ ᠬᠠᠭᠠᠰ ᠡᠳᠦᠷ ᠮᠤᠡᠭᠭᠠᠨᠢᠳᠠᠭ ᠪᠠᠢᠪᠠ᠃ ᠤᠳᠤ ᠳᠣᠬᠢᠭᠤᠷ ᠲᠤᠯᠤᠭᠠᠨ ᠣᠲᠣ ᠵᠠᠮᠴᠢᠯᠠᠭᠤᠷ ᠨᠢ ᠵᠠᠯᠠᠭᠤᠷ ᠢ᠋ ᠣᠨᠣᠪᠴᠢᠲᠠᠶ ᠡᠵᠡᠮᠳᠡᠨ᠂ ᠦᠷ᠎ᠡ ᠪᠦᠲᠦᠮᠵᠢ ᠢ᠋ᠢ 50% ᠪᠡᠷ ᠳᠡᠭᠡᠭ᠌ᠰᠢᠯᠡᠭᠦᠯᠵᠦ᠍᠂ ᠦᠷ᠎ᠡ ᠪᠤᠯᠤᠨ ᠪᠣᠷᠲᠣᠭᠣᠷ ᠢ᠋ ᠨᠠᠷᠢᠨ ᠣᠨᠣᠴᠠᠲᠠᠶ ᠪᠡᠷ ᠠᠷᠪᠢᠯᠠᠵᠤ᠂ ᠲᠠᠷᠢᠶ᠎ᠠ ᠳᠠᠷᠢᠬᠤ ᠠᠵᠢᠯ ᠶᠠᠪᠤᠬᠤ ᠲᠤᠲᠤᠮ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠳ᠋ᠤ ᠲᠦᠰᠢᠭᠯᠡᠬᠦ ᠪᠣᠯᠵᠣ ᠪᠠᠢᠨ᠎ᠠ》 ᠬᠡᠵᠤ ᠲᠠᠷᠢᠶᠠᠯᠠᠩ ᠤ᠋ᠨ ᠮᠠᠰᠢᠨ ᠤ᠋ ᠵᠢᠯᠦᠭᠤᠴᠢ ᠣᠶᠤᠨᠴᠢ ᠲᠠᠷᠢᠶᠠᠯᠠᠩ ᠤ᠋ᠨ ᠮᠠᠱᠢᠨ ᠲᠦᠬᠦᠬᠡᠷᠦᠮᠵᠢ ᠵᠢᠨ ᠲᠠᠷᠢᠶᠠᠯᠠᠩ ᠦᠶ᠋ᠯᠡᠳᠪᠦᠷᠢᠯᠡᠯ ᠳ᠋ᠤ ᠠᠪᠴᠢᠷᠠᠬᠰᠠᠨ ᠭᠦᠨᠵᠡᠭᠡᠶ ᠬᠤᠪᠢᠰᠤᠯᠲᠠ ᠢ᠋ᠢ ᠶᠠᠷᠢᠨ᠎ᠠ᠃

ᠣᠢᠯᠠᠭᠠᠭ᠍ᠰᠠᠨ ᠢ᠋ᠢᠡᠷ᠂ ᠠᠮᠤ ᠪᠤᠳᠠᠭᠠᠨ ᠤ᠋ ᠤᠨᠠᠯᠲᠠ ᠢ᠋ᠢ ᠲᠣᠭ᠍ᠲᠠᠪᠤᠷᠢᠵᠢᠭᠤᠯᠵᠤ ᠤᠨᠠᠯᠲᠠ ᠢ᠋ᠢ ᠲᠡᠬᠡᠭᠰᠢᠯᠡᠬᠦᠯᠬᠦ ᠵᠢᠨ ᠲᠥᠯᠥᠭᠡ᠂ ᠲᠦᠩᠯᠢᠶᠣᠤ ᠬᠣᠲᠠ 6000 ᠭᠠᠷᠤᠶ ᠢᠵᠢ ᠳᠣᠬᠢᠭᠤᠷ ᠲᠤᠯᠤᠭᠠᠨ ᠣᠲᠣ ᠵᠠᠮᠴᠢᠯᠠᠭ᠎ᠠ ᠵᠢᠨ ᠤᠶᠤᠨᠲᠤ ᠲᠠᠷᠢᠶᠠᠯᠠᠩ ᠤ᠋ᠨ ᠮᠠᠱᠢᠨ ᠢ᠋ ᠨᠢᠭᠡᠳᠦᠯᠲᠡᠶ ᠲᠥᠯᠥᠪᠵᠢᠭᠦᠯᠦᠨ ᠲᠣᠬᠢᠷᠠᠭᠤᠯᠵᠤ᠂ ᠬᠠᠭᠠᠯᠪᠤᠷᠢᠯᠠᠬᠤ ᠥᠬᠡᠶ ᠪᠡᠷ ᠨᠠᠷᠢᠯᠢᠭ ᠳᠠᠷᠢᠬᠤ᠂ ᠨᠢᠭ᠍ᠲᠠ ᠳᠠᠷᠢᠵᠤ ᠨᠠᠷᠢᠨ ᠣᠨᠣᠴᠠᠲᠠᠶ ᠲᠣᠬᠢᠷᠠᠭᠤᠯᠤᠨ ᠡᠵᠡᠮᠳᠡᠬᠦ᠌ ᠵᠡᠷᠭᠡ ᠥᠨᠳᠥᠷ ᠤᠨᠠᠯᠲᠠᠳᠤ ᠥᠨᠳᠥᠷ ᠪᠦᠲᠦᠮᠵᠢᠲᠡᠶ ᠮᠡᠷᠭᠡᠵᠢᠯ ᠤ᠋ᠨ ᠵᠠᠭ᠍ᠪᠤᠷ ᠢ᠋ ᠭᠤᠤᠯᠳᠠᠯᠭ᠎ᠠ ᠲᠠᠢ ᠳᠡᠯᠭᠡᠷᠡᠭᠦᠯᠵᠤ ᠪᠠᠢᠨ᠎ᠠ᠃ ᠬᠥᠷᠥᠰᠥ ᠰᠢᠷᠤᠢ ᠢ᠋ᠢ ᠰᠤᠯᠠᠷᠠᠭᠤᠯᠵᠤ ᠲᠠᠷᠢᠶᠠᠨ ᠭᠠᠵᠠᠷ ᠢ᠋ ᠲᠡᠭ᠌ᠰᠢᠯᠡᠬᠦ᠌᠂ ᠡᠰᠢ ᠰᠦᠷᠡᠯ ᠢ᠋ ᠲᠠᠷᠢᠶᠠᠨ ᠭᠠᠵᠠᠷ ᠲᠤ᠌ ᠪᠤᠴᠠᠭᠠᠬᠤ ᠡᠴᠡ ᠠᠪᠤᠭᠠᠳ ᠨᠠᠷᠢᠯᠢᠭ ᠳᠠᠷᠢᠬᠤ᠂ ᠰᠦᠯᠢᠶᠣᠣ ᠪᠦᠷᠬᠦᠪᠴᠢ ᠲᠠᠷᠤᠬᠤ ᠬᠦᠷᠳᠡᠯ᠎ᠠ ᠣᠶᠤᠨᠴᠢ ᠲᠣᠨᠣᠭ᠍ᠯᠠᠯ ᠢ᠋ ᠬᠠᠪᠤᠷ ᠤ᠋ᠨ ᠲᠠᠷᠢᠶᠠᠯᠠᠭ᠎ᠠ ᠢ᠋ᠢᠨ ᠦᠶ᠋ᠯᠡᠳᠪᠦᠷᠢᠯᠡᠯ ᠤ᠋ᠨ ᠪᠥᠬᠥ᠌ ᠶᠠᠪᠤᠴᠠ ᠳ᠋ᠤ ᠨᠡᠢᠳᠡᠮ ᠪᠦᠷᠬᠦᠬᠦᠯᠵᠤ᠂ ᠪᠥᠬᠥ᠌ ᠬᠣᠲᠠ ᠢ᠋ᠢᠨ 2400 ᠲᠦᠮᠡᠨ ᠮᠥ᠍ ᠡᠷᠳᠡᠨᠢ ᠱᠢᠰᠢ ᠢ᠋ᠢᠨ ᠡᠯᠪᠡᠭ ᠬᠤᠷᠢᠶᠠᠯᠲᠠ ᠤᠯᠬᠤ ᠳ᠋ᠤ ᠪᠠᠲᠤ ᠪᠠᠬᠢ ᠬᠠᠲᠠᠭᠤ ᠲᠣᠨᠣᠭ ᠤ᠋ᠨ ᠰᠠᠭᠤᠷᠢ ᠢ᠋ᠢ ᠲᠠᠯᠪᠢᠵᠡᠢ᠃

ᠰᠢᠨᠵᠢᠯᠡᠭᠦ ᠤᠬᠠᠭᠠᠨᠴᠢ ᠪᠡᠷ ᠪᠡᠯᠡᠳᠬᠡᠯ ᠬᠢᠵᠤ᠂ ᠲᠣᠭ᠎ᠠ ᠪᠠᠷᠢᠮᠲᠠ ᠪᠡᠷ ᠬᠦᠴᠦᠨ ᠤᠯᠭᠤᠨ᠎ᠠ᠃ ᠲᠦᠩᠯᠢᠶᠣᠤ ᠬᠣᠲᠠ ᠲᠣᠭᠠᠴᠢᠯᠠᠯᠲᠠ ᠪᠠ ᠤᠶᠤᠨᠴᠢᠯᠠᠯᠲᠠ ᠲᠠᠢᠰᠢ ᠬᠡᠯᠪᠡᠷᠢ ᠪᠡᠨ ᠬᠤᠪᠢᠷᠠᠭᠤᠯᠬᠤ ᠪᠡᠷ ᠴᠢᠭ᠌ᠯᠡᠯ ᠪᠣᠯᠭᠠᠨ ᠬᠣᠲᠠ᠂ ᠱᠢᠶᠠᠨ᠂ ᠱᠢᠶᠠᠩ᠂ ᠲᠣᠰᠭᠣᠨ ᠳᠥᠷᠪᠡᠨ ᠱᠠᠲᠤᠨ ᠤ᠋ ᠤᠶᠤᠨᠲᠤ ᠲᠠᠷᠢᠶᠠᠯᠠᠩ ᠤ᠋ᠨ ᠦᠶ᠋ᠯᠡᠴᠢᠯᠡᠭᠡᠨ ᠤ᠋ ᠱᠢᠰᠲ᠋ᠧᠮ ᠢ᠋ ᠪᠠᠢᠭᠤᠯᠪᠠ᠃ ᠲᠠᠷᠢᠶᠠᠨ ᠭᠠᠵᠠᠷ ᠲᠤ᠌ ᠲᠤᠬᠢᠷᠠᠭᠤᠯᠤᠭᠰᠠᠨ ᠬᠥᠷᠥᠰᠥ ᠰᠢᠷᠤᠢ ᠵᠢᠨ ᠴᠢᠭᠢᠭ ᠤ᠋ᠨ ᠪᠠᠢᠳᠠᠯ᠂ ᠭᠠᠵᠠᠷ ᠤ᠋ᠨ ᠳᠤᠯᠠᠭᠠᠨ᠂ ᠴᠠᠭ ᠠᠭᠤᠷ ᠤ᠋ᠨ ᠬᠢᠨᠠᠨ ᠬᠡᠮᠵᠢᠬᠦ᠌ ᠲᠥᠬᠥᠭᠡᠷᠦᠮᠵᠢ ᠵᠡᠷᠬᠡ ᠨᠢ 《ᠲᠩᠷᠢ ᠭᠠᠵᠠᠷ ᠣᠭ᠍ᠲᠠᠷᠭᠤᠶ》 ᠶ᠋ᠢ ᠨᠢᠭᠡ ᠴᠣᠭ᠍ᠴᠠᠵᠢᠭᠤᠯᠤᠭ᠍ᠰᠠᠨ ᠲᠠᠷᠢᠶᠠᠯᠠᠩ ᠤ᠋ᠨ ᠬᠢᠨᠠᠨ ᠬᠡᠮᠵᠢᠬᠦ᠌ ᠲᠤᠤᠷ ᠢ᠋ ᠨᠢᠭ᠍ᠲᠠ ᠰᠦᠯᠵᠢᠪᠠ᠃ ᠬᠣᠲᠠ ᠢ᠋ᠢᠨ ᠤᠶᠤᠨᠲᠤ ᠲᠠᠷᠢᠶᠠᠯᠠᠩ ᠤ᠋ᠨ ᠲᠣᠮᠣ ᠳ᠋ᠠᠢᠲ᠋ᠠ ᠢ᠋ᠢᠨ ᠵᠢᠯᠣᠭᠣᠳᠭᠤ ᠲᠥᠪ ᠲᠦ᠍ ᠦᠵᠡᠭ᠌ᠳᠡᠮᠡᠯ ᠲᠣᠮᠣ ᠳᠡᠯᠭᠡᠴᠡ ᠨᠢ ᠲᠠᠷᠢᠶᠠᠯᠠᠩ ᠤ᠋ᠨ ᠶᠠᠪᠤᠳᠠᠯ ᠤ᠋ᠨ ᠵᠠᠩᠭᠢᠯᠠᠭ᠎ᠠ ᠢ᠋ᠢᠨ ᠲᠣᠭ᠎ᠠ ᠪᠠᠷᠢᠮᠲᠠ ᠢ᠋ᠢ ᠴᠠᠭ ᠲᠤᠬᠠᠶ ᠳ᠋ᠤᠨᠢ ᠱᠢᠨᠡᠳᠭᠡᠵᠦ᠍᠂ ᠪᠥᠬᠥ᠌ ᠬᠣᠲᠠ ᠢ᠋ᠢᠨ 1800 ᠭᠠᠷᠤᠶ ᠭᠠᠴᠠᠭ᠎ᠠ ᠲᠣᠰᠭᠣᠨ ᠤ᠋ ᠬᠢᠨᠠᠨ ᠬᠡᠮᠵᠢᠭ᠌ᠰᠡᠨ ᠮᠡᠳᠡᠭᠡ ᠵᠠᠩᠭᠢ ᠢ᠋ᠢ ᠲᠦᠪᠯᠡᠷᠡᠭᠦᠯᠵᠤ᠂ ᠱᠢᠰᠲ᠋ᠧᠮ ᠢ᠋ᠢᠡᠷ ᠠᠦ᠋ᠲ᠋ᠣ᠋ ᠵᠠᠳᠠᠯᠤᠯᠲᠠ ᠬᠢᠵᠦ᠍ ᠰᠤᠳᠤᠯᠤᠨ ᠮᠠᠭᠠᠳᠯᠠᠵᠤ᠂ ᠲᠠᠷᠢᠶᠠᠯᠠᠩ ᠤ᠋ᠨ ᠶᠠᠪᠤᠳᠠᠯ ᠤ᠋ᠨ ᠰᠠᠨᠠᠭᠤᠯᠭ᠎ᠠ ᠭᠠᠷᠭᠠᠨ᠂ ᠴᠠᠭ ᠠᠭᠤᠷ ᠤ᠋ᠨ ᠰᠡᠷᠡᠮᠵᠢᠯᠡᠭᠦᠯᠦᠯ ᠢ᠋ ᠨᠡᠢᠲᠡᠯᠡᠵᠦ᠍᠂ 《ᠬᠢᠨᠠᠨ ᠬᠡᠮᠵᠢᠬᠦ᠌ — ᠵᠠᠳᠠᠯᠬᠤ — ᠵᠢᠯᠣᠭᠣᠳᠭᠤ》 ᠪᠢᠲᠡᠭᠦᠦ ᠬᠡᠯᠬᠢᠶᠡᠳᠤ ᠬᠠᠮᠢᠶᠠᠷᠤᠯᠲᠠ ᠢ᠋ᠢᠨ ᠵᠠᠭ᠍ᠪᠤᠷ ᠢ᠋ ᠪᠦᠷᠢᠯᠳᠦᠭᠦᠯᠪᠡ᠃ ᠲᠠᠷᠢᠶᠠᠴᠢᠳ ᠬᠡᠷ ᠡᠴᠡ ᠪᠡᠨ ᠭᠠᠷᠬᠤ ᠥᠬᠡᠶ ᠪᠡᠷ ᠭᠠᠷ ᠤᠲᠠᠰᠤᠨ ᠤ᠋ ᠦᠵᠦᠭᠦᠷᠯᠢᠭ ᠢ᠋ᠢᠡᠷ ᠨᠠᠷᠢᠨ ᠣᠨᠣᠴᠠᠲᠠᠶ ᠲᠠᠷᠢᠶ᠎ᠠ ᠳᠠᠷᠢᠬᠤ ᠵᠦᠭ᠌ᠯᠡᠭᠦᠷ ᠢ᠋ ᠣᠯᠵᠤ ᠲᠠᠢᠯᠬᠦ ᠪᠤᠯᠵᠤ᠂ ᠤᠤᠯ ᠤ᠋ᠨ 《ᠲᠩᠷᠢ ᠵᠢᠨ ᠴᠢᠷᠠᠢ ᠬᠠᠷᠠᠵᠤ ᠲᠠᠷᠢᠶ᠎ᠠ ᠳᠠᠷᠢᠬᠤ᠂ ᠲᠤᠷᠱᠢᠯᠭ᠎ᠠ ᠪᠡᠷ ᠢ᠋ᠢᠡᠨ ᠠᠵᠢᠯᠯᠠᠬᠤ》 ᠤᠯᠠᠮᠵᠢᠯᠠᠯᠲᠤ ᠲᠠᠷᠢᠶᠠᠯᠠᠬᠤ ᠵᠠᠭ᠍ᠪᠤᠷ ᠡᠴᠡ ᠲᠤᠢᠯᠪᠤᠷᠢᠲᠠᠶ ᠠᠶᠠᠷᠯᠠᠪᠠ᠃

ᠤᠰᠤᠨ ᠠᠱᠢᠭ᠍ᠯᠠᠯᠲᠠ ᠪᠣᠯ ᠲᠠᠷᠢᠶᠠᠯᠠᠩ ᠤ᠋ᠨ ᠠᠮᠢᠨ ᠰᠤᠳᠠᠰᠤ ᠮᠥᠨ᠂ ᠲᠦᠩᠯᠢᠶᠣᠤ ᠬᠣᠲᠠ ᠥᠨᠳᠥᠷ ᠪᠠᠷᠢᠮᠵᠢᠶᠠᠲᠤ ᠲᠠᠷᠢᠶᠠᠨ ᠭᠠᠵᠠᠷ ᠤ᠋ᠨ ᠪᠥᠲᠥᠭᠡᠨ ᠪᠠᠢᠭᠤᠯᠤᠯᠲᠠ ᠪᠡᠷ ᠠᠴᠢᠶᠠᠯᠠᠪᠤᠷᠢ ᠪᠣᠯᠭᠠᠵᠤ᠂ ᠤᠰᠤᠯᠠᠯᠲᠠ ᠢ᠋ᠢᠨ ᠲᠥᠬᠥᠭᠡᠷᠦᠮᠵᠢ ᠢ᠋ᠢᠨ ᠤᠶᠤᠨᠴᠢᠯᠠᠬᠤ ᠥᠭᠡᠷᠡᠴᠢᠯᠡᠯᠲᠡ ᠢ᠋ᠢ ᠶᠡᠬᠡ ᠪᠡᠷ ᠠᠬᠢᠭᠤᠯᠪᠠ᠃ ᠲᠦᠩᠯᠢᠶᠤᠤ ᠬᠤᠳᠠ ᠵᠢᠨ ᠠᠵᠤ ᠠᠬᠤᠶ ᠮᠡᠷᠭᠡᠵᠢᠯ ᠤ᠋ᠨ ᠨᠡᠭᠡᠭᠡᠯᠲᠡ ᠢ᠋ᠢᠨ ᠣᠷᠣᠨ ᠤ᠋ ᠯᠢᠶᠣᠤᠾᠧ ᠪᠠᠯᠭᠠᠰᠤ ᠵᠢᠨ ᠼᠤᠤ ᠵᠢᠶᠠ ᠸᠧ ᠫᠦ ᠲᠣᠰᠭᠣᠨ ᠤ᠋ ᠥᠨᠳᠥᠷ ᠪᠠᠷᠢᠮᠵᠢᠶᠠᠲᠤ ᠲᠠᠷᠢᠶᠠᠨ ᠭᠠᠵᠠᠷ ᠲᠤ᠌ ᠣᠶᠤᠨᠲᠤ ᠳᠤᠰᠤᠯᠠᠭᠠᠨ ᠤᠰᠤᠯᠠᠬᠤ ᠱᠢᠰᠲ᠋ᠧᠮ ᠢ᠋ᠢᠡᠷ ᠤᠯᠠᠮᠵᠢᠯᠠᠯᠲᠤ ᠨᠡᠯᠦᠢᠲᠡᠯ᠎ᠠ ᠤᠰᠤᠯᠠᠬᠤ ᠢ᠋ᠢ ᠤᠷᠤᠯᠠᠭᠤᠯᠵᠤ᠂ ᠬᠣᠯᠠ ᠳᠠᠮᠵᠢᠭᠤᠯᠭ᠎ᠠ ᠢ᠋ᠢᠨ ᠡᠵᠡᠮᠳᠡᠯ᠂ ᠳᠠᠪᠲᠠᠮᠵᠢ ᠬᠤᠪᠢᠷᠠᠭᠤᠯᠤᠬᠰᠠᠨ ᠲᠣᠭ᠍ᠲᠠᠮᠠᠯ ᠳᠠᠷᠤᠯᠲᠠ ᠢ᠋ᠢᠨ ᠮᠡᠷᠭᠡᠵᠢᠯ ᠢ᠋ᠢᠡᠷ ᠤᠰᠤᠨ ᠤ᠋ ᠡᠬᠢ ᠪᠠᠶᠠᠯᠢᠭ ᠢ᠋ ᠨᠠᠷᠢᠨ ᠤᠨᠤᠴᠠᠲᠠᠢ ᠲᠣᠬᠢᠷᠠᠭᠤᠯᠬᠤ ᠢ᠋ᠢ ᠪᠡᠶᠡᠯᠡᠭᠦᠯᠪᠠ᠃ ᠲᠣᠭ᠎ᠠ ᠪᠠᠷᠢᠮᠲᠠ ᠢ᠋ᠢᠨ ᠲᠥᠪ ᠨᠢ ᠬᠥᠷᠥᠰᠤ ᠰᠢᠷᠤᠢ ᠵᠢᠨ ᠴᠢᠭᠢᠭ ᠤ᠋ᠨ ᠪᠠᠢᠳᠠᠯ ᠢ᠋ ᠦᠨᠳᠦᠰᠦᠯᠡᠨ ᠤᠰᠤᠯᠠᠯᠲᠠ ᠢ᠋ᠢ ᠠᠦ᠋ᠲ᠋ᠣ᠋ ᠪᠡᠷ ᠲᠤᠬᠢᠷᠠᠭᠤᠯᠤᠨ ᠡᠵᠡᠮᠳᠡᠵᠦ᠍᠂ ᠤᠰᠤᠨ ᠤ᠋ ᠡᠬᠢ ᠪᠠᠶᠠᠯᠢᠭ ᠤ᠋ᠨ ᠠᠱᠢᠭ᠍ᠯᠠᠮᠵᠢ ᠢ᠋ᠢ ᠶᠡᠬᠡ ᠪᠡᠷ ᠳᠡᠭᠡᠭ᠌ᠰᠢᠯᠡᠭᠦᠯᠦᠭᠰᠡᠨ ᠢ᠋ᠢᠡᠷ ᠪᠡᠷᠠᠬᠤ ᠥᠬᠡᠶ ᠪᠠᠰᠠ ᠬᠥᠷᠥᠰᠥᠨ ᠤ᠋ ᠳᠠᠪᠬᠤᠷᠭ᠎ᠠ ᠢ᠋ᠢ ᠰᠠᠢᠵᠢᠷᠠᠭᠤᠯᠵᠤ᠂ 《ᠭᠠᠩᠳᠠᠪᠡᠯ ᠤᠰᠤᠯᠠᠵᠤ ᠦᠶᠡᠷᠯᠡᠪᠡᠯ ᠵᠠᠯᠠᠬᠤ》 ᠣᠳᠣᠬᠢᠴᠢᠯᠠᠭ᠍ᠰᠠᠨ ᠤᠰᠤᠨ ᠠᠱᠢᠭ᠍ᠯᠠᠯᠲᠠ ᠢ᠋ᠢᠨ ᠨᠥᠬᠥᠴᠡᠯ ᠲᠡᠶ ᠪᠣᠯᠭᠠᠪᠠ᠃

ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠢ᠋ ᠨᠠᠢᠳᠠᠪᠤᠷᠢᠵᠢᠭᠤᠯᠬᠤ ᠳ᠋ᠤ ᠴᠢᠳᠠᠪᠤᠷᠢᠲᠠᠨ ᠢ᠋ᠢᠡᠷ ᠦᠨᠳᠦᠰᠦ ᠪᠣᠯᠭᠠᠬᠤ ᠨᠢ ᠶᠠᠷᠢᠶᠡᠨ ᠦᠬᠡᠢ᠃ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠦᠷ᠎ᠡ ᠪᠦᠲᠦᠭᠡᠯ ᠢ᠋ ᠦᠨᠳᠤᠷ ᠪᠦᠳᠦᠮᠵᠢᠳᠠᠢ ᠪᠡᠷ ᠬᠤᠪᠢᠷᠠᠭᠤᠯᠬᠤ ᠢ᠋ᠢᠨ ᠲᠥᠯᠥᠭᠡ᠂ ᠲᠦᠩᠯᠢᠶᠣᠤ ᠬᠣᠲᠠ ᠣᠶᠤᠨᠴᠢ ᠲᠠᠷᠢᠶᠠᠯᠠᠩ ᠤ᠋ᠨ ᠮᠠᠱᠢᠨ ᠤ᠋ ᠠᠵᠢᠯᠯᠠᠭ᠎ᠠ᠂ ᠳᠣᠬᠢᠭᠤᠷ ᠲᠤᠯᠤᠭᠠᠨ ᠣᠲᠣ ᠵᠠᠮᠴᠢᠯᠠᠭᠤᠷ ᠤ᠋ᠨ ᠬᠡᠷᠡᠭ᠌ᠯᠡᠭᠡ᠂ ᠲᠣᠮᠣ ᠳ᠋ᠠᠢᠲ᠋ᠠ ᠢ᠋ᠢᠨ ᠲᠠᠪᠴᠠᠩ ᠤ᠋ᠨ ᠬᠠᠮᠢᠶᠠᠷᠤᠯᠲᠠ ᠡᠵᠡᠮᠳᠡᠯ ᠵᠡᠷᠭᠡ ᠵᠠᠩᠭᠢᠯᠠᠭ᠎ᠠ ᠢ᠋ᠢᠨ ᠮᠡᠷᠭᠡᠵᠢᠯ ᠳ᠋ᠤ ᠠᠩᠬᠠᠷᠤᠯ ᠢ᠋ᠢᠡᠨ ᠲᠥᠪᠯᠡᠷᠡᠭᠦᠯᠤᠨ᠂ ᠲᠠᠷᠢᠶᠠᠯᠠᠩ ᠤ᠋ᠨ ᠮᠡᠷᠭᠡᠵᠢᠯ ᠤ᠋ᠨ ᠲᠤᠰᠭᠠᠶ ᠮᠡᠷᠭᠡᠵᠢᠯᠲᠡᠨ ᠢ᠋ ᠵᠣᠬᠢᠶᠠᠨ ᠪᠠᠢᠭᠤᠯᠤᠨ ᠲᠠᠷᠢᠶᠠᠨ ᠭᠠᠵᠠᠷ ᠲᠤ᠌ ᠭᠦᠨᠵᠡᠭᠡᠢᠷᠡᠭᠦᠯᠵᠦ᠍᠂ ᠲᠤᠬᠠᠶ ᠢ᠋ᠢᠨ ᠲᠠᠯᠠᠪᠠᠶ ᠢ᠋ᠢᠨ ᠪᠣᠳᠠᠲᠠᠶ ᠠᠵᠢᠯᠯᠠᠭ᠎ᠠ ᠪᠣᠳᠠᠲᠠᠶ ᠪᠣᠯᠪᠠᠰᠤᠷᠠᠯ ᠪᠤᠯᠤᠨ ᠰᠦᠯᠵᠢᠶᠡᠨ ᠳᠡᠭᠡᠷᠡᠬᠢ ᠲᠤᠰᠭᠠᠶ ᠰᠡᠳᠦᠪᠲᠦ ᠬᠢᠴᠢᠶᠡᠯ ᠤ᠋ᠨ ᠲᠠᠩᠬᠢᠮ ᠵᠡᠷᠭᠡ ᠪᠣᠯᠪᠠᠰᠤᠷᠠᠯ ᠢ᠋ 60 ᠭᠠᠷᠤᠶ ᠲᠠᠯᠠᠪᠤᠷ ᠥᠷᠨᠢᠭᠦᠯᠪᠡ᠃ ᠵᠢᠭᠠᠨ ᠰᠤᠷᠭᠠᠬᠤ ᠪᠠ ᠨᠢᠭᠤᠷᠳᠠᠨ ᠵᠢᠭᠠᠨ ᠵᠢᠯᠣᠭᠣᠳᠭᠤ ᠪᠡᠷ ᠳᠠᠮᠵᠢᠨ 1.2 ᠲᠦᠮᠡ ᠭᠠᠷᠤᠢ ᠲᠠᠷᠢᠶᠠᠯᠠᠩ ᠤ᠋ᠨ ᠮᠠᠱᠢᠨ ᠤ᠋ ᠵᠢᠯᠤᠭᠤᠴᠢ᠂ ᠲᠠᠷᠢᠮᠠᠯ ᠤ᠋ᠨ ᠲᠤᠮᠤ ᠡᠷᠦᠬᠡ ᠪᠣᠯᠤᠨ ᠦᠨᠳᠦᠰᠦᠨ ᠱᠠᠲᠤᠨ ᠤ᠋ ᠲᠠᠷᠢᠶᠠᠯᠠᠩ ᠤ᠋ᠨ ᠮᠡᠷᠭᠡᠵᠢᠯᠲᠡᠨ ᠢ᠋ ᠤᠷᠤᠯᠴᠠᠭᠤᠯᠵᠤ᠂ ᠮᠡᠷᠭᠡᠵᠢᠯ ᠲᠡᠶ ᠮᠦᠷᠳᠡᠬᠡᠨ ᠡᠵᠡᠩᠨᠡᠯᠲᠡ ᠬᠠᠮᠢᠶᠠᠷᠤᠯᠳᠠ ᠳ᠋ᠤ ᠴᠢᠳᠠᠮᠠᠭᠠᠢ ᠪᠠᠢᠳᠠᠭ ᠨᠢᠭᠡ ᠪᠦᠯᠦᠭ ᠬᠠᠮ ᠬᠡᠯᠪᠡᠷᠢ ᠢ᠋ᠢᠨ 《ᠱᠢᠨ᠎ᠡ ᠲᠠᠷᠢᠶᠠᠴᠢᠨ》 ᠢ᠋ ᠬᠥᠮᠦᠵᠢᠭᠦᠯᠵᠦ᠍᠂ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠢ᠋ᠢᠡᠷ ᠲᠠᠷᠢᠶᠠᠯᠠᠩ ᠢ᠋ ᠬᠥᠭ᠌ᠵᠢᠭᠦᠯᠬᠦ᠌᠂ ᠣᠶᠤᠨᠴᠢ ᠪᠡᠷ ᠲᠠᠷᠢᠶ᠎ᠠ ᠲᠠᠷᠢᠬᠤ ᠳ᠋ᠤ ᠪᠠᠲᠤ ᠪᠡᠬᠢ ᠴᠢᠳᠠᠪᠤᠷᠢᠲᠠᠨ ᠤ᠋ ᠰᠠᠭᠤᠷᠢ ᠢ᠋ᠢ ᠲᠠᠯᠪᠢᠵᠡᠢ᠃

ᠵᠢᠯ ᠤ᠋ᠨ ᠠᠵᠢᠯ ᠬᠠᠪᠤᠷ ᠲᠠᠭᠠᠨ ᠬᠡᠳᠡᠭ᠂ ᠲᠦᠩᠯᠢᠶᠣᠤ ᠬᠣᠲᠠ ᠬᠠᠪᠤᠷ ᠤ᠋ᠨ ᠲᠠᠷᠢᠶᠠᠯᠠᠭ᠎ᠠ ᠢ᠋ᠢᠨ ᠪᠡᠯᠡᠳᠭᠡᠯ ᠠᠵᠢᠯ ᠤ᠋ᠨ ᠵᠠᠩᠭᠢᠯᠠᠭ᠎ᠠ ᠢ᠋ᠢᠨ ᠴᠠᠭ ᠢ᠋ ᠠᠮᠵᠢᠵᠤ᠂ ᠱᠢᠨ᠎ᠡ ᠴᠢᠨᠠᠷ ᠤ᠋ᠨ ᠦᠶ᠋ᠯᠡᠳᠪᠦᠷᠢᠯᠡᠯ ᠤ᠋ᠨ ᠬᠦᠴᠦᠨ ᠢ᠋ᠢᠡᠷ ᠬᠥᠳᠡᠯᠭᠡᠭᠦᠷ ᠪᠣᠯᠭᠠᠨ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠢ᠋ᠢᠡᠷ ᠬᠦᠴᠦᠨ ᠣᠯᠭᠣᠬᠤ ᠪᠡᠷ ᠭᠠᠷᠳᠠᠴᠠ ᠪᠣᠯᠭᠠᠵᠤ᠂ ᠲᠠᠷᠢᠶᠠᠯᠠᠩ ᠤ᠋ᠨ ᠮᠠᠱᠢᠨ ᠢ᠋ ᠲᠠᠰ ᠳᠡᠪᠱᠢᠭᠦᠯᠬᠦ᠌᠂ ᠲᠣᠭᠠᠴᠢᠯᠠᠭ᠍ᠰᠠᠨ ᠲᠠᠷᠢᠶᠠᠯᠠᠩ᠂ ᠤᠰᠤᠨ ᠠᠱᠢᠭ᠍ᠯᠠᠯᠲᠠ ᠢ᠋ᠢᠨ ᠥᠭᠡᠷᠡᠴᠢᠯᠡᠯᠲᠡ ᠪᠠ ᠴᠢᠳᠠᠪᠤᠷᠢᠲᠠᠨ ᠢ᠋ ᠬᠥᠮᠦᠵᠢᠭᠦᠯᠬᠦ᠌ ᠵᠡᠷᠭᠡ ᠭᠤᠤᠯᠳᠠᠯᠭ᠎ᠠ ᠲᠠᠢ ᠠᠵᠢᠯ ᠢ᠋ ᠨᠢᠭᠡᠳᠦᠯᠲᠡᠶ ᠲᠥᠯᠥᠪᠵᠢᠭᠦᠯᠦᠨ ᠠᠬᠢᠭᠤᠯᠵᠤ᠂ ᠲᠠᠷᠢᠶᠠᠯᠠᠩ ᠤ᠋ᠨ ᠣᠳᠣᠬᠢᠴᠢᠯᠠᠯᠲᠠ ᠢ᠋ᠢᠨ ᠬᠥᠭ᠌ᠵᠢᠯᠲᠡ ᠢ᠋ᠢᠨ ᠰᠠᠭᠤᠷᠢ ᠢ᠋ᠢ ᠦᠷᠭᠦᠯᠵᠢᠯᠡᠨ ᠪᠡᠬᠢᠵᠢᠭᠦᠯᠵᠦ᠍᠂ ᠲᠠᠷᠢᠶᠠᠯᠠᠩ ᠤ᠋ᠨ ᠴᠢᠨᠠᠷ ᠰᠠᠢᠲᠠᠶ ᠬᠥᠭ᠌ᠵᠢᠯᠲᠡ ᠢ᠋ᠢᠨ ᠲᠦᠩᠯᠢᠶᠣᠤ ᠢ᠋ᠢᠨ ᠬᠠᠭᠤᠳᠠᠰᠤ ᠢ᠋ᠢ ᠴᠢᠷᠮᠠᠢᠨ ᠪᠢᠴᠢᠭ᠌ᠯᠡᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号