ᠣᠢᠷ᠎ᠠ᠎ᠳᠤ᠂ ᠳᠤᠮᠳᠠᠳᠤ ᠤᠯᠤᠰ᠎ᠤᠨ ᠠᠷᠠᠳ᠎ᠤᠨ ᠠᠭᠠᠷ᠎ᠤᠨ ᠠᠶᠠᠯᠠᠯ᠎ᠤᠨ ᠲᠣᠪᠴᠢᠶ᠎ᠠ᠎ᠶᠢᠨ
ᠵᠥᠪᠰᠢᠶᠡᠷᠡᠯ᠎ᠢᠶᠡᠷ᠂ ᠮᠠᠨᠵᠤᠤᠷ᠎ᠤᠨ ᠪᠠᠷᠠᠭᠤᠨ ᠲᠡᠭᠦᠷᠭᠡ᠎ᠶᠢᠨ ᠨᠢᠰᠬᠡᠯ᠎ᠦᠨ ᠪᠠᠭᠤᠳᠠᠯ᠎ᠤᠨ ᠨᠡᠷ᠎ᠡ᠎ᠶᠢ ᠵᠢᠩᠬᠢᠨᠢ᠎ᠪᠡᠷ
ᠮᠠᠨᠵᠤᠤᠷ᠎ᠤᠨ ᠪᠠᠷᠠᠭᠤᠨ ᠲᠡᠭᠦᠷᠭᠡ᠎ᠶᠢᠨ ᠣᠯᠠᠨ ᠤᠯᠤᠰ᠎ᠤᠨ ᠨᠢᠰᠬᠡᠯ᠎ᠦᠨ ᠪᠠᠭᠤᠳᠠᠯ ᠭᠡᠵᠦ ᠬᠠᠯᠠᠪᠠ᠃
ᠮᠠᠨᠵᠤᠤᠷ᠎ᠤᠨ ᠪᠠᠷᠠᠭᠤᠨ ᠲᠡᠭᠦᠷᠭᠡ᠎ᠶᠢᠨ
ᠤᠯᠠᠨ ᠤᠯᠤᠰ᠎ᠤᠨ ᠨᠢᠰᠬᠡᠯ᠎ᠦᠨ ᠪᠠᠭᠤᠳᠠᠯ ᠨᠢ ᠮᠠᠨᠵᠤᠤᠷ ᠬᠤᠳᠠ ᠡᠴᠡ ᠪᠠᠷᠠᠭᠤᠨ ᠡᠮᠦᠨᠡᠰᠢ 9 ᠺᠢᠯᠤᠮᠸᠲᠷ ᠵᠠᠢᠲᠠᠢ
ᠭᠠᠵᠠᠷ᠎ᠲᠤ ᠪᠠᠢᠷᠢᠯᠠᠵᠤ᠂ ᠳᠤᠮᠳᠠᠳᠤ ᠤᠷᠤᠰ᠎ᠤᠨ ᠬᠢᠯᠢ᠎ᠶᠢᠨ ᠱᠤᠭᠤᠮ᠎ᠠᠴᠠ ᠬᠠᠮᠤᠭ᠎ᠤᠨ ᠣᠢᠷ᠎ᠠ᠎ᠳᠠᠭᠠᠨ 7 ᠺᠢᠯᠤᠮᠸᠲᠷ
ᠵᠠᠢᠲᠠᠢ ᠪᠠᠢᠳᠠᠭ᠃ ᠨᠢᠰᠦᠯᠲᠡ᠎ᠶᠢᠨ ᠣᠷᠣᠨ᠎ᠤ ᠵᠡᠷᠭᠡ ᠳᠡᠰ ᠨᠢ 4D᠂ ᠭᠦᠶᠦᠯᠲᠡ᠎ᠶᠢᠨ
ᠵᠠᠮ᠎ᠤᠨ ᠣᠷᠳᠣ᠌ ᠨᠢ 2800 ᠮᠧᠲᠷ ᠪᠠᠢᠵᠤ᠂ ᠪᠦᠸᠸ ᠶᠢᠨ B767-200
ᠵᠢᠴᠢ ᠲᠡᠭᠦᠨ᠎ᠡᠴᠡ ᠳᠣᠷᠣᠭ᠍ᠰᠢᠬᠢ ᠬᠡᠯᠪᠡᠷᠢ᠎ᠶᠢᠨ ᠨᠢᠰᠬᠡᠯ᠎ᠦᠨ ᠨᠢᠰᠦᠯᠳᠡ ᠪᠠᠭᠤᠯᠳᠠ ᠵᠢ ᠬᠠᠩᠭᠠᠵᠤ
ᠳᠡᠢᠯᠤᠳᠡᠭ;
7 ᠨᠢᠰᠬᠡᠯ᠎ᠦᠨ ᠵᠣᠭᠰᠣᠭᠠᠯ ᠪᠠᠢᠵᠥ᠂ ᠵᠢᠯ᠎ᠦᠨ 200 ᠲᠦᠮᠡᠨ ᠬᠥᠮᠥᠨ ᠤᠳᠠᠭ᠎ᠠ
ᠵᠢᠨ ᠠᠶᠠᠨᠴᠢᠳ᠎ᠢ ᠣᠷᠣᠭᠤᠯᠵᠤ ᠭᠠᠷᠭᠠᠬᠤ ᠵᠢ ᠬᠠᠨᠭᠭᠠᠵᠤ ᠴᠢᠳᠠᠵᠥ᠂ ᠣᠷᠭᠢᠯ᠎ᠤᠨ ᠴᠠᠭ᠎ᠲᠤ 1400 ᠬᠥᠮᠥᠨ ᠤᠳᠠᠭ᠎ᠠ᠎ᠶᠢᠨ
ᠪᠠᠲᠤᠯᠠᠭ᠎ᠠ᠎ᠶᠢᠨ ᠬᠡᠷᠡᠭᠴᠡᠭᠡ᠎ᠶᠢ ᠬᠠᠩᠭᠠᠵᠤ ᠲᠠᠶ᠋ᠢᠯᠤᠨ᠎ᠠ᠃
ᠮᠠᠨᠵᠤᠤᠷ᠎ᠤᠨ ᠭᠠᠳᠠᠭᠠᠳᠤ
ᠨᠡᠭᠡᠭᠡᠯᠲᠡ᠎ᠶᠢᠨ 《ᠠᠭᠠᠷᠲᠠᠬᠢ ᠬᠠᠭᠠᠯᠭ᠎ᠠ》 ᠪᠣᠯᠤᠭᠰᠠᠨ᠎ᠤ ᠬᠤᠪᠢ᠎ᠳᠤ᠂ ᠮᠠᠨᠵᠤᠤᠷ᠎ᠤᠨ ᠪᠠᠷᠠᠭᠤᠨ ᠳᠡᠬᠦᠷᠬᠡ᠎ᠶᠢᠨ ᠤᠯᠠᠨ ᠤᠯᠤᠰ᠎ᠤᠨ
ᠨᠢᠰᠬᠡᠯ᠎ᠦᠨ ᠪᠠᠭᠤᠳᠠᠯ 2009 ᠣᠨ᠎ᠳᠤ ᠠᠭᠠᠷ᠎ᠤᠨ ᠠᠶᠠᠯᠠᠯ᠎ᠤᠨ ᠬᠢᠯᠢ ᠵᠢᠨ ᠪᠣᠭᠣᠮᠲᠠ᠎ᠪᠠᠷ ᠭᠠᠳᠠᠭᠠᠳᠤ ᠨᠡᠭᠡᠭᠡᠯᠲᠡ
ᠬᠢᠬᠦ᠎ᠪᠡᠷ ᠵᠥᠪᠰᠢᠶᠡᠷᠡᠭᠳᠡᠭᠰᠡᠨ᠎ᠡᠴᠡ ᠨᠠᠭᠠᠰᠢ᠂ ᠳᠣᠲᠣᠭᠠᠳᠤ ᠭᠠᠳᠠᠭᠠᠳᠤ᠎ᠶᠢ ᠬᠣᠯᠪᠣᠭᠰᠠᠨ ᠡᠭᠦᠷᠭᠡ᠎ᠪᠡᠨ
ᠢᠮᠠᠭᠲᠠ ᠪᠠᠲᠤ ᠰᠠᠬᠢᠵᠤ᠂ ᠠᠭᠠᠷ᠎ᠤᠨ ᠠᠶᠠᠯᠠᠯ᠎ᠤᠨ ᠱᠤᠭᠤᠮ᠎ᠤᠨ ᠲᠣᠣᠷ᠎ᠢ ᠳᠠᠰᠤᠷᠠᠯᠳᠠ ᠦᠭᠡᠢ ᠥᠷᠭᠡᠳᠬᠡᠵᠦ᠂
ᠦᠢᠯᠡᠴᠢᠯᠡᠭᠡᠨ᠎ᠦ ᠶᠠᠰᠤ ᠴᠢᠨᠠᠷ ᠵᠢᠡᠨ ᠳᠡᠭᠡᠭᠰᠢᠯᠡᠭᠦᠯᠵᠡᠢ᠃ ᠨᠢᠰᠬᠡᠯ᠎ᠦᠨ ᠪᠠᠭᠤᠳᠠᠯ᠎ᠳᠤ ᠢᠷᠺᠦ᠋ᠼᠺ᠂ ᠺᠷᠠᠰᠨᠤᠶᠠᠷᠰᠺ᠂
ᠤᠯᠠᠭᠠᠨᠪᠠᠭᠠᠲᠤᠷ ᠵᠡᠷᠭᠡ ᠣᠯᠠᠨ ᠤᠯᠤᠰ᠎ᠤᠨ ᠡᠭᠡᠯᠵᠢ᠎ᠶᠢᠨ ᠨᠢᠰᠬᠡᠯ ᠤᠳᠠᠭᠠᠨ ᠵᠢᠯ᠎ᠢᠶᠡᠷ ᠠᠶᠠᠯᠠᠵᠤ᠂ 《ᠣᠷᠣᠰ ᠮᠣᠩᠭᠣᠯ᠎ᠳᠤ ᠬᠠᠨᠳᠤᠭᠤᠯᠤᠭᠰᠠᠨ᠂ ᠤᠯᠤᠰ᠎ᠤᠨ ᠳᠣᠲᠣᠭᠠᠳᠤ᠎ᠶᠢ ᠬᠣᠯᠪᠣᠭᠰᠠᠨ》 ᠣᠯᠠᠨ ᠤᠯᠤᠰ᠎ᠤᠨ ᠳᠤᠮᠳᠠ ᠵᠢᠵᠢᠭ ᠨᠢᠰᠬᠡᠯ᠎ᠦᠨ ᠪᠠᠭᠤᠳᠠᠯ᠎ᠤᠨ ᠪᠠᠢᠷᠢᠰᠢᠯ᠎ᠢ ᠦᠷᠭᠦᠯᠵᠢᠯᠡᠨ
ᠪᠠᠢᠭᠤᠯᠪᠠ; 2024 ᠣᠨ᠎ᠳᠤ ᠮᠠᠨᠵᠤᠤᠷ᠎ᠤᠨ ᠨᠢᠰᠬᠡᠯ᠎ᠦᠨ ᠪᠠᠭᠤᠳᠠᠯ᠎ᠤᠨ
ᠠᠭᠠᠷ᠎ᠤᠨ ᠲᠡᠭᠡᠭᠡᠪᠦᠷᠢ᠎ᠶᠢᠨ ᠲᠦᠷᠦᠯ᠎ᠦᠨ ᠪᠣᠭᠣᠮᠲᠠ᠎ᠶᠢᠨ ᠬᠢᠨᠠᠨ ᠬᠠᠮᠢᠶᠠᠷᠤᠯᠲᠠ᠎ᠶᠢᠨ ᠠᠵᠢᠯ᠎ᠤᠨ ᠲᠠᠯᠠᠪᠤᠷ᠎ᠤᠨ
ᠬᠢᠷᠢ ᠬᠡᠮ᠎ᠢ ᠰᠡᠷᠭᠦᠭᠡᠭᠰᠡᠨ᠎ᠡᠴᠡ ᠨᠠᠭᠠᠰᠢ᠂ ᠤᠯᠠᠨ ᠤᠯᠤᠰ᠎ᠤᠨ ᠪᠠᠷᠠᠭᠠᠨ᠎ᠤ ᠲᠡᠭᠡᠭᠡᠪᠦᠷᠢ᠎ᠶᠢᠨ ᠲᠤᠬᠠᠢᠯᠠᠭᠰᠠᠨ
ᠠᠵᠢᠯ ᠴᠤ᠌ ᠪᠠᠢᠩᠭᠤᠵᠢᠭ᠍ᠰᠠᠨ ᠠᠵᠢᠯᠯᠠᠭ᠎ᠠ᠎ᠶᠢ ᠪᠡᠶᠡᠯᠡᠭᠦᠯᠵᠦ᠂ ᠤᠯᠠᠨ ᠤᠯᠤᠰ᠎ᠤᠨ ᠠᠶᠠᠨᠴᠢᠳ᠎ᠤᠨ ᠪᠠ ᠪᠠᠷᠠᠭᠠᠨ᠎ᠤ
ᠲᠡᠭᠡᠭᠡᠪᠦᠷᠢ᠎ᠶᠢᠨ ᠲᠤᠬᠠᠢᠯᠠᠭᠰᠠᠨ ᠠᠵᠢᠯ᠎ᠢ ᠵᠡᠷᠭᠡ᠎ᠪᠡᠷ ᠬᠥᠭᠵᠢᠭᠦᠯᠵᠦ᠂ ᠳᠤᠮᠳᠠᠳᠤ ᠮᠣᠩᠭᠣᠯ ᠤᠷᠤᠰ ᠭᠤᠷᠪᠠᠨ
ᠤᠯᠤᠰ᠎ᠤᠨ ᠬᠤᠳᠠ᠎ᠶᠢᠨ ᠬᠣᠭᠣᠷᠣᠨᠳᠣᠬᠢ ᠠᠵᠤ ᠠᠬᠤᠢ᠂ ᠵᠢᠭᠤᠯᠴᠢᠯᠠᠯ᠂ ᠰᠣᠶᠣᠯ᠎ᠤᠨ ᠰᠣᠯᠢᠯᠴᠠᠭ᠎ᠠ᠎ᠳᠤ ᠳᠥᠭᠥᠮ
ᠳᠥᠲᠡ ᠬᠥᠭᠥᠷᠭᠡ ᠲᠠᠯᠪᠢᠵᠤ ᠥᠭᠴᠡᠢ᠃
ᠲᠠᠷᠠᠭᠠᠴᠢ᠎ᠶᠢᠨ ᠠᠯᠬᠤᠮ᠎ᠳᠤ᠂
ᠮᠠᠨᠵᠤᠤᠷ᠎ᠤᠨ ᠪᠠᠷᠠᠭᠤᠨ ᠲᠡᠭᠦᠷᠭᠡ᠎ᠶᠢᠨ ᠣᠯᠠᠨ ᠤᠯᠤᠰ᠎ᠤᠨ ᠨᠢᠰᠬᠡᠯ᠎ᠦᠨ ᠪᠠᠭᠤᠳᠠᠯ ᠡᠭᠦᠨ᠎ᠢᠶᠡᠷ ᠠᠵᠠ ᠲᠣᠬᠢᠶᠠᠯ
ᠵᠢᠡᠨ ᠪᠣᠯᠭᠠᠵᠤ᠂ ᠣᠯᠠᠨ ᠤᠯᠤᠰ᠎ᠤᠨ ᠨᠢᠰᠬᠡᠯ᠎ᠦᠨ ᠪᠠᠭᠤᠳᠠᠯ᠎ᠤᠨ ᠡᠵᠡᠩᠨᠡᠯᠲᠡ᠎ᠶᠢᠨ ᠪᠠᠷᠢᠮᠵᠢᠶ᠎ᠠ᠎ᠶᠢ ᠴᠢᠩᠭ᠎ᠠ
ᠵᠢᠷᠤᠮᠯᠠᠨ᠂ ᠵᠠᠩᠭᠢᠯᠠᠭ᠎ᠠ᠎ᠶᠢᠨ ᠣᠯᠠᠨ ᠤᠯᠤᠰᠴᠢᠯᠠᠭᠰᠠᠨ ᠠᠵᠢᠯ᠎ᠤᠨ ᠪᠠᠢᠷᠢ᠎ᠶᠢᠨ ᠠᠵᠢᠯᠳᠠᠨ᠎ᠢ ᠬᠥᠮᠥᠵᠢᠭᠦᠯᠬᠦ᠎ᠶᠢ
ᠴᠢᠩᠭᠠᠳᠬᠠᠵᠤ᠂ ᠰᠠᠭᠤᠷᠢ ᠲᠥᠬᠦᠭᠡᠷᠦᠮᠵᠢ᠎ᠶᠢᠨ ᠪᠦᠲᠦᠭᠡᠨ ᠪᠠᠢᠭᠤᠯᠤᠯᠲᠠ᠎ᠶᠢ ᠤᠯᠠᠮ ᠨᠢᠭᠡ ᠠᠯᠬᠤᠮ ᠲᠡᠭᠦᠯᠳᠡᠷᠵᠢᠭᠦᠯᠦᠨ᠂
ᠠᠶᠠᠯᠠᠯ᠎ᠤᠨ ᠱᠤᠭᠤᠮ᠎ᠤᠨ ᠳᠤᠤᠷᠵᠢᠯᠳᠠ ᠵᠢᠨ ᠪᠠᠢᠷᠢᠰᠢᠭᠤᠯᠤᠯᠲᠠ᠎ᠶᠢ ᠰᠢᠯᠢᠳᠡᠭᠵᠢᠭᠦᠯᠵᠦ᠂ ᠤᠯᠤᠰ᠎ᠤᠨ ᠳᠣᠲᠣᠭᠠᠳᠤ᠎ᠶᠢᠨ
ᠭᠣᠣᠯᠳᠠᠯᠭ᠎ᠠ᠎ᠲᠠᠢ ᠬᠣᠲᠠ᠎ᠶᠢᠨ ᠡᠭᠡᠯᠵᠢ᠎ᠶᠢᠨ ᠨᠢᠰᠬᠡᠯ᠎ᠢ ᠨᠢᠭᠤᠴᠠᠯᠠᠵᠤ᠂ ᠣᠷᠣᠰ ᠮᠣᠩᠭᠣᠯ᠎ᠤᠨ ᠤᠯᠠᠨ ᠤᠯᠤᠰ᠎ᠤᠨ ᠠᠶᠠᠯᠠᠯ᠎ᠤᠨ
ᠱᠤᠭᠤᠮ᠎ᠢ ᠦᠷᠭᠡᠳᠬᠡᠵᠤ᠂ ᠡᠭᠦᠨ᠎ᠦ ᠬᠠᠮᠲᠤ ᠨᠢᠰᠬᠡᠯ᠎ᠦᠨ ᠪᠠᠭᠤᠳᠠᠯ᠎ᠤᠨ ᠵᠥᠪᠰᠢᠶᠡᠷᠡᠯ
ᠣᠯᠣᠭᠰᠠᠨ ᠲᠦᠷᠭᠡᠨ ᠬᠦᠷᠭᠡᠯᠲᠡ᠎ᠶᠢᠨ ᠲᠥᠷᠥᠯ᠎ᠦᠨ ᠪᠣᠭᠣᠮᠲᠠ᠎ᠶᠢᠨ ᠬᠢᠨᠠᠨ ᠬᠠᠮᠢᠶᠠᠷᠤᠯᠲᠠ᠎ᠶᠢᠨ ᠠᠵᠢᠯ᠎ᠤᠨ ᠲᠠᠯᠠᠪᠤᠷ
ᠭᠠᠵᠠᠷ᠎ᠤᠨ ᠬᠢᠷᠢ ᠬᠡᠮ᠎ᠦᠨ ᠲᠥᠷᠥᠯ ᠵᠦᠢᠯ᠎ᠢ ᠢᠳᠡᠪᠬᠢᠲᠡᠢ ᠠᠬᠢᠭᠤᠯᠵᠤ᠂ 《ᠡᠮᠦᠨᠡᠲᠦ ᠣᠷᠣᠨ ᠳ᠋ᠤ ᠪᠠᠷᠠᠭ᠎ᠠ ᠴᠤᠭᠯᠠᠭᠤᠯᠬᠤ ︱ ᠤᠮᠠᠷᠠᠲᠤ ᠣᠷᠣᠨ ᠳ᠋ᠤ ᠪᠣᠭᠣᠮᠲᠠ ᠥᠩᠭᠡᠷᠡᠬᠦᠯᠬᠦ ︱ ᠣᠷᠣᠰ ᠮᠣᠩᠭᠣᠯ ᠳ᠋ᠤ ᠳᠤᠬᠢᠷᠠᠭᠤᠯᠤᠨ ᠬᠦᠷᠭᠡᠬᠦ》 ᠣᠯᠠᠨ ᠬᠡᠯᠪᠡᠷᠢ᠎ᠶᠢᠨ ᠬᠣᠯᠪᠤᠭᠠᠯᠠᠨ ᠠᠵᠢᠯᠯᠠᠬᠤ ᠪᠣᠭᠣᠮᠲᠠ᠎ᠶᠢᠨ ᠲᠤᠬᠠᠢᠯᠠᠭᠰᠠᠨ ᠠᠵᠢᠯ᠎ᠤᠨ
ᠰᠢᠨ᠎ᠡ᠎ᠶᠢ ᠡᠭᠦᠳᠬᠦ ᠵᠠᠭᠪᠤᠷ᠎ᠢ ᠪᠠᠢᠭᠤᠯᠵᠤ᠂ ᠨᠡᠭᠡᠭᠡᠯᠲᠡᠲᠤ ᠬᠥᠭᠵᠢᠯᠲᠡ᠎ᠶᠢᠨ ᠰᠢᠨ᠎ᠡ ᠬᠠᠭᠤᠳᠠᠰᠤ᠎ᠶᠢ ᠪᠢᠴᠢᠭᠯᠡᠬᠦ
ᠪᠤᠯᠤᠨ᠎ᠡ᠃
ᠢᠷᠡᠯᠲᠡ᠄ ᠬᠥᠯᠥᠨ ᠪᠣᠶ᠋ᠢᠷ᠎ᠤᠨ ᠰᠣᠨᠢᠨ ᠮᠡᠳᠡᠭᠡ