ᠯᠸᠢ ᠹᠸᠩ᠎ᠤᠨ ᠵᠣᠷᠢᠭ ᠰᠠᠨᠠᠭ᠎ᠠ ᠪᠣᠯᠤᠨ ᠳᠤᠮᠳᠠᠳᠤ᠎ᠶ᠋ᠢᠨ ᠪᠡᠶ᠎ᠡ᠎ᠶ᠋ᠢᠨ ᠲᠠᠮᠢᠷ᠎ᠤᠨ ᠵᠣᠷᠢᠭ ᠰᠠᠨᠠᠭ᠎ᠠ᠎ᠶ᠋ᠢ ᠶᠡᠬᠡᠪᠡᠷ ᠪᠠᠳᠠᠷᠠᠭᠤᠯᠵᠤ᠂ ᠪᠡᠶ᠎ᠡ᠎ᠶ᠋ᠢᠨ ᠲᠠᠮᠢᠷ᠎ᠤᠨ ᠰᠠᠢᠨ ᠳᠤᠷ᠎ᠠ᠎ᠶ᠋ᠢᠨ ᠦᠶ᠋ᠯᠡᠴᠢᠯᠡᠭᠡ᠎ᠶ᠋ᠢ ᠪᠠᠢᠩᠭᠤᠵᠢᠭᠤᠯᠬᠤ᠂ ᠲᠤᠰᠭᠠᠢᠵᠢᠭᠤᠯᠤᠨ ᠬᠥᠭ᠌ᠵᠢᠭᠦᠯᠬᠦ᠌᠎ᠶ᠋ᠢ ᠠᠬᠢᠭᠤᠯᠬᠤ᠎ᠶ᠋ᠢᠨ ᠲᠥᠯᠥᠭᠡ ᠵᠢᠷᠠᠨ ᠭᠤᠷᠪᠠᠳᠡᠬᠢ 《ᠯᠸᠢ ᠹᠸᠩ᠎ᠠᠴᠠ ᠰᠤᠷᠤᠯᠴᠠᠬᠤ ᠳᠤᠷᠠᠰᠭᠠᠯ᠎ᠤᠨ ᠡᠳᠦᠷ》 ᠬᠦᠷᠴᠦ᠍ ᠢᠷᠡᠬᠦ᠌ ᠲᠠᠱᠢᠷᠠᠮ᠎ᠳᠤ᠂ 3 ᠰᠠᠷ᠎ᠠ᠎ᠶ᠋ᠢᠨ 5 ᠤ᠋ ᠡᠳᠦᠷ᠂ 2026 ᠣᠨ᠎ᠤ ᠥᠪᠥᠷ ᠮᠣᠩᠭᠣᠯ᠎ᠤᠨ ᠪᠡᠶ᠎ᠡ᠎ᠶ᠋ᠢᠨ ᠲᠠᠮᠢᠷ᠎ᠤᠨ ᠰᠠᠢᠨ ᠳᠤᠷ᠎ᠠ᠎ᠶ᠋ᠢᠨ ᠦᠶ᠋ᠯᠡᠴᠢᠯᠡᠭᠡᠨ᠎ᠦ ᠡᠬᠢᠯᠡᠯᠲᠡ᠎ᠶ᠋ᠢᠨ ᠶᠣᠰᠣᠯᠠᠯ ᠬᠥᠬᠡᠬᠣᠲᠠ᠎ᠶ᠋ᠢᠨ ᠳᠠᠯᠠᠨ ᠬᠠᠷ᠎ᠠ ᠠᠭᠤᠯᠠ᠎ᠶ᠋ᠢᠨ ᠤᠯᠤᠰ᠎ᠤᠨ ᠪᠡᠶ᠎ᠡ ᠴᠢᠭᠢᠷᠠᠭ᠍ᠵᠢᠭᠤᠯᠬᠤ ᠶᠠᠪᠠᠭᠠᠨ ᠵᠠᠮ᠎ᠳᠤ ᠦᠪᠡᠳᠡᠭ᠌ᠰᠢ ᠶᠡᠬᠡᠪᠡᠷ ᠶᠠᠪᠤᠭ᠍ᠳᠠᠪᠠ᠃
ᠲᠣᠰ ᠤᠳᠠᠭᠠᠨ᠎ᠤ ᠠᠵᠢᠯᠯᠠᠭ᠎ᠠ᠎ᠶ᠋ᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠡᠶ᠎ᠡ᠎ᠶ᠋ᠢᠨ ᠲᠠᠮᠢᠷ᠎ᠤᠨ ᠲᠣᠪᠴᠢᠶ᠎ᠠ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶ᠋ᠢᠨ ᠨᠡᠢᠭᠡᠮ᠎ᠦᠨ ᠠᠵᠢᠯ᠎ᠤᠨ ᠬᠡᠯᠲᠡᠰ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠡᠶ᠎ᠡ᠎ᠶ᠋ᠢᠨ ᠲᠠᠮᠢᠷ᠎ᠤᠨ ᠶᠡᠷᠦᠩᠬᠡᠶ ᠡᠪᠯᠡᠯ᠎ᠡᠴᠡ ᠭᠤᠤᠯᠯᠠᠨ ᠡᠷᠭᠢᠯᠡᠪᠡ᠃ ᠪᠡᠶ᠎ᠡ᠎ᠶ᠋ᠢᠨ ᠲᠠᠮᠢᠷ᠎ᠤᠨ ᠰᠠᠢᠨ ᠳᠤᠷ᠎ᠠ᠎ᠶ᠋ᠢᠨ ᠦᠶ᠋ᠯᠡᠴᠢᠯᠡᠭᠡ ᠪᠣᠯ ᠪᠡᠶ᠎ᠡ᠎ᠶ᠋ᠢᠨ ᠲᠠᠮᠢᠷ᠎ᠤᠨ ᠦᠶ᠋ᠯᠡᠰ ᠪᠠ ᠤᠯᠠᠨ ᠲᠦᠮᠡᠨ᠎ᠢ ᠬᠣᠯᠪᠣᠬᠤ ᠬᠥᠭᠥᠷᠭᠡ ᠮᠥᠨ᠃ ᠲᠣᠰ ᠤᠳᠠᠭᠠᠨ᠎ᠤ ᠠᠵᠢᠯᠯᠠᠭ᠎ᠠ᠎ᠨᠢ ᠨᠠᠩ ᠣᠯᠠᠨ ᠬᠥᠮᠦᠨ᠎ᠢ ᠳᠠᠢᠴᠢᠯᠠᠨ ᠰᠠᠢᠨ ᠳᠤᠷ᠎ᠠ᠎ᠶ᠋ᠢᠨ ᠠᠵᠢᠯᠯᠠᠭ᠎ᠠ᠎ᠳᠤ ᠣᠷᠣᠯᠴᠠᠭᠤᠯᠵᠤ᠂ ᠥᠪᠥᠷ ᠮᠣᠩᠭᠣᠯ᠎ᠤᠨ ᠪᠡᠶ᠎ᠡ᠎ᠶ᠋ᠢᠨ ᠲᠠᠮᠢᠷ᠎ᠤᠨ ᠰᠠᠢᠨ ᠳᠤᠷ᠎ᠠ᠎ᠶ᠋ᠢᠨ ᠦᠶ᠋ᠯᠡᠴᠢᠯᠡᠭᠡ᠎ᠶ᠋ᠢ ᠪᠠᠢᠩᠭᠤᠵᠢᠭᠤᠯᠤᠨ ᠥᠷᠨᠢᠭᠦᠯᠬᠦ᠌᠎ᠶ᠋ᠢ ᠠᠬᠢᠭᠤᠯᠪᠡ᠃
ᠡᠬᠢᠯᠡᠯᠲᠡ᠎ᠶ᠋ᠢᠨ ᠶᠣᠰᠣᠯᠠᠯ᠎ᠤᠨ ᠳᠠᠷᠠᠭ᠎ᠠ᠂ ᠭᠤᠷᠪᠠᠳᠤᠭᠠᠷ ᠬᠤᠭᠤᠴᠠᠭᠠᠨ᠎ᠤ 《ᠯᠧᠢ ᠹᠧᠩ᠎ᠡᠴᠡ ᠰᠤᠷᠤᠯᠴᠠᠬᠤ》 ᠬᠠᠶᠠᠭ᠍ᠳᠠᠮᠠᠯ ᠪᠣᠳᠠᠰ᠎ᠢ ᠲᠡᠭᠦᠵᠦ᠍ ᠠᠯᠭᠤᠷ ᠭᠦᠶᠦᠬᠦ᠌ ᠠᠵᠢᠯᠯᠠᠭ᠎ᠠ ᠵᠢᠩᠬᠢᠨᠢ᠎ᠪᠡᠷ ᠡᠬᠢᠯᠡᠪᠡ᠃ ᠰᠠᠢᠨ ᠲᠤᠷᠠᠴᠤᠳ ᠬᠣᠭ ᠨᠣᠪᠰᠢ᠎ᠶ᠋ᠢᠨ ᠬᠠᠪᠴᠢᠭᠤᠷ ᠪᠠ ᠣᠷᠴᠢᠨ ᠲᠣᠭᠣᠷᠢᠨ᠎ᠤ ᠡᠷᠡᠬᠦᠯ ᠬᠠᠮᠠᠭᠠᠯᠠᠯ᠎ᠤᠨ ᠤᠭᠤᠲᠠ ᠠᠳᠭᠤᠵᠤ᠂ ᠳᠠᠯᠠᠨ ᠬᠠᠷ᠎ᠠ ᠠᠭᠤᠯᠠ᠎ᠶ᠋ᠢᠨ ᠤᠯᠤᠰ᠎ᠤᠨ ᠪᠡᠶ᠎ᠡ ᠴᠢᠭᠢᠷᠠᠭ᠍ᠵᠢᠭᠤᠯᠬᠤ ᠶᠠᠪᠠᠭᠠᠨ ᠵᠠᠮ᠎ᠢᠶᠠᠷ ᠠᠯᠭᠤᠷ ᠭᠦᠶᠦᠪᠡ᠃ ᠲᠡᠳᠡ ᠪᠡᠶ᠎ᠡ ᠴᠢᠭᠢᠷᠠᠭ᠍ᠵᠢᠭᠤᠯᠬᠤ᠎ᠶ᠋ᠢᠨ ᠬᠠᠪᠤ ᠴᠡᠩᠭᠡᠯ᠎ᠢ ᠡᠳ᠋ᠯᠡᠬᠦ ᠵᠢᠨ ᠬᠠᠮᠳᠤ ᠵᠠᠮ ᠳᠠᠭᠠᠤ᠎ᠶ᠋ᠢᠨ ᠲᠠᠮᠠᠬᠢᠨ ᠶᠤᠵᠤᠭᠤᠷ᠂ ᠴᠠᠭᠠᠰᠤᠨ ᠦᠷᠦᠪᠳᠡᠰᠦ᠂ ᠰᠦᠯᠢᠶᠣᠣ ᠯᠣᠩᠬᠣ ᠵᠡᠷᠭᠡ ᠬᠣᠭ ᠨᠣᠪᠰᠢ᠎ᠵᠢ ᠲᠡᠬᠦᠵᠦ᠂ ᠰᠠᠢᠨ ᠲᠤᠷ᠎ᠠ ᠵᠢᠨ ᠦᠢᠯᠡᠴᠢᠯᠡᠭᠡᠨ᠎ᠤ ᠵᠤᠷᠢᠭ ᠰᠠᠨᠠᠭ᠎ᠠ ᠵᠢ ᠪᠠᠳᠠᠷᠠᠭᠤᠯᠪᠠ᠃ ᠡᠢᠮᠦᠷᠬᠦᠦ 《ᠪᠡᠶ᠎ᠡ᠎ᠶᠢᠨ ᠲᠠᠮᠢᠷ᠎ᠤᠨ ᠬᠥᠳᠡᠯᠭᠡᠭᠡᠨ + ᠨᠡᠢᠲᠡ᠎ᠶ᠋ᠢᠨ ᠠᠰᠠᠷᠠᠮᠵᠢ 》 ᠵᠢᠨ ᠱᠢᠨ᠎ᠡ᠎ᠶ᠋ᠢ ᠡᠭᠦᠳᠬᠦ᠌ ᠵᠠᠭ᠍ᠪᠤᠷ ᠨᠢ ᠣᠷᠴᠢᠨ ᠲᠣᠭᠣᠷᠢᠨ᠎ᠢ ᠴᠡᠪᠡᠷᠱᠢᠭᠦᠯᠦᠭ᠌ᠰᠡᠨᠢᠶᠡᠷ ᠪᠠᠷᠠᠬᠤ ᠦᠬᠡᠢ᠂ ᠨᠡᠩ ᠴᠤ᠌ ᠬᠤᠳᠠ᠎ᠶ᠋ᠢᠨ ᠠᠷᠠᠳ᠎ᠲᠤ 《ᠪᠣᠬᠢᠷᠲᠤᠯ ᠦᠬᠡᠢ ᠪᠠᠭ᠎ᠠ ᠨᠡᠭᠦᠷᠡᠰᠦᠲᠥ᠋ᠷᠥᠭ᠌ᠴᠢᠲᠦ》 ᠪᠣᠯᠪᠠᠰᠤᠨ᠎ᠤ ᠣᠢᠯᠠᠭᠠᠭ᠍ᠳᠠᠬᠤᠨ᠎ᠢ ᠳᠠᠮᠵᠢᠭᠤᠯᠤᠭ᠍ᠰᠠᠨ ᠪᠠᠢᠨ᠎ᠠ᠃