ᠤᠢ ᠬᠠᠮᠠᠭᠠᠯᠠᠭᠴᠢ ᠎ᠵᠢᠨ ᠦᠢᠯᠡᠳᠤᠯ᠎ᠢ᠋ ᠤᠮᠳᠤᠭᠠᠢᠯᠠᠵᠤ ᠪᠤᠯᠤᠰᠢ ᠦᠭᠡᠢ
2026-03-16 11:44:23
ᠵᠣᠬᠢᠶᠠᠭ᠍ᠴᠢ᠄
ᠭᠤᠸ᠎ᠠ
ᠣᠩᠱᠢᠭ᠍ᠰᠠᠨ ᠣᠳᠠᠭ᠎ᠠ᠄
★★★☆☆

ᠦᠪᠦᠷ ᠮᠤᠩᠭᠤᠯ ᠤᠷᠢᠳ ᠬᠤᠵᠢᠳ 4.68 ᠲᠦᠮᠡᠨ ᠣᠢ ᠬᠠᠮᠠᠭᠠᠯᠠᠭᠴᠢ ᠪᠠ ᠪᠡᠯᠴᠢᠭᠡᠷ ᠬᠠᠮᠠᠭᠠᠯᠠᠭᠴᠢ ᠵᠢ ᠤᠷᠢᠨ ᠬᠡᠷᠡᠭᠯᠡᠵᠤ ᠪᠤᠢ


ᠠᠮᠢ ᠠᠬᠤᠢ ᠵᠢ ᠬᠠᠮᠠᠭᠠᠯᠠᠬᠤ ᠭᠡᠵᠤ ᠬᠦᠮᠤᠨ ᠪᠦᠬᠦᠨ᠎ᠤ ᠡᠬᠦᠷᠭᠡ ᠬᠠᠷᠢᠭᠤᠴᠠᠯᠭ᠎ᠠ ᠪᠤᠯᠬᠤ ᠶᠤᠰᠤᠳᠠᠢ᠃   ᠰᠦᠨ ᠵᠦᠩ ᠴᠢᠤᠸᠠᠨ ᠶᠡᠭᠡ ᠬᠢᠩᠭᠠᠨ ᠳᠠᠪᠠᠭ᠎ᠠ ᠵᠢᠨ ᠮᠦᠧᠧ ᠲᠢᠶᠠᠨ ᠯᠢᠩ ᠳᠠᠪᠠᠭ᠎ᠠ ᠎ᠵᠢ ᠪᠠᠬᠳᠠᠭᠠᠭᠰᠠᠨ ᠤᠢᠷ᠎ᠠ ᠬᠠᠪᠢ ᠵᠢᠨ 32 ᠲᠦᠮᠡᠨ ᠾᠧᠺᠲ᠋ᠠᠷ᠎ᠤᠨ ᠰᠢᠭᠤᠢᠳᠤ ᠤᠷᠤᠨ ᠤ᠋ ᠠᠮᠢ ᠠᠬᠤᠢ ᠵᠢᠨ ᠠᠮᠤᠷ ᠲᠦᠪᠰᠢᠨ ᠢ᠋ ᠬᠠᠮᠠᠭᠠᠯᠠᠬᠤ ᠡᠭᠦᠷᠭᠡ ᠵᠢ ᠬᠦᠢᠴᠡᠳᠭᠡᠵᠤ᠂ ᠡᠭᠡᠯ ᠵᠢᠷ᠎ᠤᠨ ᠠᠵᠢᠯ᠎ᠤᠨ ᠹᠷᠤᠨᠲ᠎ᠲᠡᠭᠠᠨ ᠠᠮᠢ ᠠᠬᠤᠢ ᠎ᠵᠢ ᠦᠪᠡᠷ᠎ᠤᠨ ᠨᠢᠳᠤᠨ ᠴᠡᠴᠡᠭᠡᠢ ᠪᠠᠨ ᠰᠢᠭ ᠬᠠᠮᠠᠭᠠᠯᠠᠵᠤ᠂ ᠦᠪᠡᠷ᠎ᠤᠨ ᠠᠮᠢ ᠨᠠᠰᠤ ᠪᠠᠨ ᠬᠠᠮᠠᠭᠠᠯᠠᠬᠤ ᠲᠠᠢ ᠠᠳᠠᠯᠢ ᠪᠠᠷ ᠠᠮᠢ ᠠᠬᠤᠢ᠎ᠳᠤ ᠬᠠᠨᠳᠤᠪᠠᠯ ᠰᠠᠶᠢ ᠮᠠᠨ ᠎ᠤ ᠤᠯᠤᠰ ᠎ᠤᠨ ᠤᠮᠠᠷᠠᠳᠤ ᠎ᠵᠢᠨ ᠠᠮᠢ ᠠᠬᠤᠢ᠎ᠵᠢᠨ ᠠᠮᠤᠷ ᠲᠦᠪᠰᠢᠨ᠎ᠤ ᠬᠠᠯᠬᠠᠪᠴᠢ᠎ᠵᠢ ᠨᠠᠡᠭ ᠪᠠᠳᠤ ᠴᠤᠭᠴᠠᠯᠠᠵᠤ ᠴᠢᠳᠠᠨ᠎ᠠ ᠭᠡᠳᠡᠭ᠎ᠢ ᠦᠢᠯᠡᠳᠤᠯᠭᠡᠵᠢᠬᠦᠯᠵᠤ᠂ ᠲᠠᠷᠠᠴᠢᠯᠠᠨ ᠪᠤᠳᠠᠭᠠᠯᠢ ᠪᠡᠶ᠎ᠡ ᠵᠢᠨ ᠠᠮᠢ ᠨᠠᠰᠤᠨ ᠤ᠋ ᠦᠢᠯᠡᠳᠦᠯᠭᠡ᠎ᠳ᠋ᠦ᠍ ᠭᠦᠨ ᠰᠠᠭᠤᠷᠢᠯᠠᠭᠰᠠᠨ ᠬᠠᠷᠢᠭᠤᠴᠠᠯᠭᠠᠲᠤ ᠰᠡᠳᠬᠢᠯᠭᠡ ᠪᠠ ᠥᠷᠲᠡᠭ ᠤ᠋ᠨ ᠦᠵᠡᠯᠲᠡ ᠵᠢ ᠲᠤᠳᠤᠷᠠᠭᠤᠯᠤᠭᠰᠠᠨ ᠪᠠᠢᠨ᠎ᠠ᠃

ᠪᠦᠲᠦᠮᠵᠢᠲᠡᠢ ᠠᠮᠢ ᠠᠬᠤᠢ ᠵᠢᠨ ᠬᠠᠮᠠᠭᠠᠯᠠᠯᠲᠠ ᠨᠢ ᠰᠠᠭᠤᠷᠢ ᠲᠦᠭᠦᠭᠡᠷᠦᠮᠵᠢ ᠬᠢᠭᠡᠳ ᠲᠧᠭᠨᠢᠭ ᠮᠡᠷᠭᠡᠵᠢᠯ ᠤ᠋ᠨ ᠠᠷᠭ᠎ᠠ ᠪᠠᠷᠢᠯ ᠎ᠳ᠋ᠤ᠌ ᠲᠦᠰᠢᠭᠯᠡᠬᠦ ᠪᠡᠷ ᠪᠠᠷᠠᠬᠤ ᠦᠭᠡᠢ᠂ ᠨᠡᠩ ᠴᠦ᠍ ᠵᠣᠬᠢᠶᠠᠨ ᠪᠠᠢᠭᠤᠯᠤᠯᠲᠠ ᠲᠠᠢ ᠲᠣᠣᠷᠵᠢᠭᠤᠯᠤᠭᠰᠠᠨ ᠨᠡᠢᠭᠡᠮ ᠤ᠋ᠨ ᠬᠠᠮᠵᠢᠯᠴᠠᠭ᠎ᠠ ᠪᠠᠢᠬᠤ ᠴᠢᠬᠤᠯᠠᠳᠠᠢ ᠃ ᠥᠪᠥᠷ ᠮᠣᠩᠭᠣᠯ 《ᠳᠡᠭᠷᠢ ᠣᠭᠲᠠᠷᠭᠤᠢ ᠭᠠᠵᠠᠷ》 ᠢ᠋ ᠨᠢᠭᠡ ᠴᠤᠭᠴᠠᠵᠢᠭᠤᠯᠤᠭᠰᠠᠨ ᠬᠢᠨᠠᠨ ᠬᠡᠮᠵᠢᠯᠲᠡ ᠵᠢᠨ ᠰᠢᠰᠲ᠋ᠸᠮ ᠢ᠋ ᠪᠠᠢᠭᠤᠯᠬᠤ ᠪᠠᠷ ᠳᠠᠮᠵᠢᠨ ᠭᠤᠷᠪᠠᠨ ᠳᠡᠰ ᠤ᠋ᠨ ᠣᠢ ᠰᠢᠭᠤᠢ ᠪᠠ ᠨᠤᠳᠤᠭ ᠪᠡᠯᠴᠢᠭᠡᠷ ᠤ᠋ᠨ ᠬᠠᠤᠯᠢ ᠬᠡᠷᠡᠭᠵᠢᠭᠦᠯᠬᠦ ᠡᠩᠨᠡᠭᠡ ᠵᠢ ᠵᠣᠬᠢᠶᠠᠨ ᠪᠠᠢᠭᠤᠯᠤᠨ ᠂ 700 ᠭᠠᠷᠤᠢ  ᠰᠤᠮᠤ ᠰᠢᠶᠠᠡᠭ ᠪᠠᠯᠭᠠᠰᠤᠨ᠎ᠳᠤ ᠤᠢ ᠰᠢᠭᠤᠢ ᠪᠠ ᠨᠤᠳᠤᠭ ᠪᠠᠯᠴᠢᠭᠡᠷ᠎ᠤᠨ  ᠠᠵᠢᠯ᠎ᠤᠨ ᠦᠷᠳᠡᠭᠡ ᠪᠠᠢᠭᠤᠯᠵᠤ᠂ ᠦᠨᠳᠤᠰᠤᠨ ᠱᠠᠳᠤᠨ᠎ᠤ ᠤᠢ ᠰᠢᠭᠤᠢ ᠪᠠ ᠨᠤᠳᠤᠭ ᠪᠠᠯᠴᠢᠭᠡᠷ᠎ᠤᠨ ᠬᠠᠮᠢᠶᠠᠷᠤᠯᠳᠠ ᠎ᠵᠢᠨ ᠦᠢᠯᠡᠴᠢᠯᠡᠭᠡᠨ᠎ᠤ 《ᠡᠴᠤᠰ᠎ᠤᠨ ᠨᠢᠭᠡ ᠺᠢᠯᠦᠮᠸᠲᠷ》 ᠢ᠋ ᠨᠡᠪᠳᠡᠷᠡᠬᠦᠯᠵᠤ᠂ ᠨᠢᠭᠡᠨ ᠥᠷᠭᠡᠨ ᠬᠡᠪᠴᠢᠶᠡᠨ ᠤ᠋  《 ᠬᠠᠲᠠᠭᠤ ᠴᠢᠨᠠᠷ 》 ᠪᠦᠬᠦᠢ ᠬᠠᠮᠢᠶᠠᠷᠤᠨ ᠬᠠᠮᠠᠭᠠᠯᠠᠬᠤ ᠵᠠᠰᠠᠯᠳᠠ ᠵᠢᠨ ᠳᠤᠤᠷ ᠢ᠋ ᠰᠦᠯᠵᠢᠵᠠᠢ᠃ ᠦᠪᠦᠷ ᠮᠤᠩᠭᠤᠯ  ᠤᠷᠢᠳ ᠬᠤᠵᠢᠳ 4.68 ᠲᠦᠮᠡᠨ ᠣᠢ ᠬᠠᠮᠠᠭᠠᠯᠠᠭᠴᠢ ᠪᠠ ᠪᠡᠯᠴᠢᠭᠡᠷ ᠬᠠᠮᠠᠭᠠᠯᠠᠭᠴᠢ ᠵᠢ ᠤᠷᠢᠨ ᠬᠡᠷᠡᠭᠯᠡᠵᠤ ᠂ 《ᠨᠠᠮ ᠤ᠋ᠨ ᠭᠡᠰᠢᠭᠦᠨ + ᠮᠠᠯᠵᠢᠬᠤ ᠡᠷᠤᠭᠡ》᠂ 《ᠲᠤᠰᠬᠠᠢ ᠲᠤᠰᠢᠶᠠᠯᠳᠠᠨ + ᠲᠤᠰᠢᠶᠠᠯ ᠬᠠᠪᠰᠤᠷᠭᠠᠭᠰᠠᠨ》 ᠬᠠᠮᠢᠶᠠᠷᠴᠤ ᠬᠠᠮᠠᠭᠠᠯᠠᠬᠤ ᠲᠣᠣᠷ ᠢ᠋ ᠡᠬᠦᠳᠴᠤ᠂ ᠭᠠᠵᠠᠷ ᠵᠦᠢ ᠵᠢᠨ ᠠᠯᠤᠰ ᠵᠠᠢ ᠂ ᠭᠠᠵᠠᠷ ᠤ᠋ᠨ ᠪᠠᠢᠴᠠ ᠵᠢᠨ ᠪᠤᠳᠤᠯᠢᠶᠠᠨᠲᠠᠢ ᠬᠦᠴᠢᠷᠳᠡᠯ ᠢ᠋ ᠪᠦᠲᠦᠮᠵᠢᠲᠡᠢ ᠨᠥᠬᠥᠪᠥᠷᠢᠯᠡᠵᠦ ᠂ 《ᠤᠮᠠᠷᠠᠲᠤ ᠵᠢᠨ ᠭᠤᠷᠪᠠᠨ ᠤᠷᠤᠨ 》  ᠤ᠋ ᠢᠨᠵᠧᠨᠧᠷᠢᠩ ᠤ᠋ᠨ ᠪᠣᠭᠣᠮᠲᠠ ᠰᠢᠪᠲᠤᠯᠬᠤ ᠲᠡᠢᠯᠡᠯᠳᠤᠭᠠᠨ ᠤ᠋ ᠦᠷ᠎ᠡ ᠪᠦᠲᠦᠭᠡᠯ᠎ᠳ᠋ᠦ᠍ ᠥᠷᠭᠡᠨ ᠳᠡᠯᠭᠡᠷ ᠮᠦᠷᠳᠡᠭᠡᠨ ᠪᠠᠳᠤ ᠪᠠᠬᠢ  ᠦᠨᠳᠦᠰᠦᠨ ᠱᠠᠲᠤᠨ ᠤ᠋ ᠬᠠᠮᠲᠤ ᠵᠢᠨ ᠵᠠᠰᠠᠯᠳᠠ ᠵᠢᠨ ᠬᠠᠯᠬᠠᠪᠴᠢ ᠵᠢ ᠪᠠᠳᠤ ᠴᠤᠭᠴᠠᠯᠠᠪᠠ᠃

ᠰᠦᠨ ᠵᠦᠩ ᠴᠢᠤᠸᠠᠨ ᠭᠡᠵᠤ ᠡᠭᠡᠯ ᠵᠢᠷ᠎ᠤᠨ ᠤᠢ ᠬᠠᠮᠠᠭᠠᠯᠠᠭᠴᠢ᠂ ᠭᠡᠪᠡᠴᠤ ᠲᠠᠷᠠ ᠬᠦᠴᠢᠷ ᠪᠡᠷᠬᠡᠰᠢᠶᠡᠯᠲᠡᠢ ᠮᠦᠷᠳᠡᠭᠡᠨ ᠡᠭᠡᠯ ᠶᠡᠷᠦᠮᠳᠡᠭ ᠠᠵᠢᠯ ᠤ᠋ᠨ ᠪᠠᠢᠷᠢ ᠎ᠳ᠋ᠠᠭᠠᠨ  ᠦᠢ ᠤᠯᠠᠨ ᠤᠢ ᠬᠠᠮᠠᠭᠠᠯᠠᠭᠴᠢ᠎ᠵᠢᠨ ᠦᠯᠢᠭᠡᠷ᠎ᠢ ᠪᠢᠴᠢᠭᠯᠡᠵᠤ᠂ ᠬᠡᠳᠦᠨ ᠠᠷᠪᠠᠨ ᠵᠢᠯ ᠢ᠋ ᠨᠢᠭᠡ ᠡᠳᠦᠷ ᠮᠡᠲᠦ ᠬᠠᠲᠠᠭᠤ ᠳᠠᠭᠠᠭᠠᠮᠠᠭᠠᠢ ᠤᠪᠤᠷ ᠡᠪᠤᠷᠯᠡᠨ᠂ ᠬᠠᠷᠢᠭᠤᠴᠠᠭᠰᠠᠨ ᠠᠵᠢᠯ ᠎ᠵᠢᠡᠨ ᠬᠢᠨᠠᠮᠠᠭᠠᠢ ᠬᠦᠢᠴᠡᠳᠭᠡᠵᠤ ᠢᠷᠡᠭᠰᠡᠨ ᠤᠢᠯᠠ ᠠᠵᠢᠯᠯᠠᠭ᠎ᠠ ᠨᠢ ᠮᠠᠬᠳᠠᠭᠤᠰᠢᠳᠠᠢ ᠮᠦᠷᠳᠡᠭᠡᠨ ᠪᠢᠰᠢᠷᠡᠬᠦᠰᠢᠳᠠᠢ᠃

ᠬᠠᠮᠤᠭ ᠤ᠋ᠨ ᠤᠷᠢᠳᠠ ᠵᠢᠨ ᠬᠠᠷᠠᠭᠤᠯ ᠪᠤᠯᠵᠤ᠂  ᠬᠠᠷᠠᠩᠭᠤᠢ ᠰᠦᠨᠢ ᠵᠢᠨ ᠵᠤᠯᠠ ᠪᠤᠯᠤᠨ᠎ᠠ ᠭᠡᠳᠡᠭᠴᠢᠯᠡᠨ ᠦᠵᠡᠰᠭᠦᠯᠡᠩᠳᠤ ᠰᠠᠢᠬᠠᠨ ᠦᠪᠦᠷ ᠮᠤᠩᠭᠤᠯ ᠤ᠋ᠨ ᠪᠦᠳᠦᠭᠡᠨ ᠪᠠᠢᠭᠤᠯᠤᠯᠳᠠᠳ᠋ᠤ ᠤᠢ ᠬᠠᠮᠠᠭᠠᠯᠠᠭᠴᠢ ᠎ᠵᠢᠨ ᠦᠢᠯᠡᠳᠤᠯ ᠢ᠋ ᠤᠮᠳᠤᠭᠠᠢᠯᠠᠵᠤ ᠪᠤᠯᠤᠰᠢ ᠦᠭᠡᠢ ᠶᠤᠮ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号