ᠱᠢᠳᠢ᠎ᠶ᠋ᠢᠨ ᠡᠭᠡᠱᠢᠭ᠎ᠤᠨ ᠴᠣᠣᠷᠢᠶ᠎ᠠ
2026-03-13 10:47:19
ᠵᠣᠬᠢᠶᠠᠭ᠍ᠴᠢ᠄
ᠠ᠊·ᠰᠡᠩᠭᠡ
ᠣᠩᠱᠢᠭ᠍ᠰᠠᠨ ᠣᠳᠠᠭ᠎ᠠ᠄
★★★☆☆

—  ᠢᠯᠡᠭᠦᠳ ᠡᠭᠡᠱᠢᠭ᠎ᠤᠨ 《ᠱᠢᠳᠢ᠎ᠶ᠋ᠢᠨ ᠡᠭᠡᠱᠢᠭ》 ᠲᠡᠭᠦᠪᠦᠷᠢ᠎ᠶ᠋ᠢ ᠣᠩᠱᠢᠭᠠᠳ


ᠨᠠᠢᠷᠠᠭᠤᠯᠤᠬᠴᠢ ᠵᠢᠨ ᠦᠭᠡ᠄《ᠰᠢᠳᠢ ᠵᠢᠨ ᠬᠤᠳᠳᠤᠭ》 ᠡᠴᠡ ᠡᠬᠢᠯᠡᠭᠡᠳ 《ᠰᠢᠳᠢ ᠵᠢᠨ ᠠᠭᠤᠯᠠ》 ᠬᠦᠷᠳᠡᠯ᠎ᠡ ᠢᠯᠡᠭᠦᠳ ᠡᠭᠡᠱᠢᠭ᠎ᠤᠨ ᠠᠮᠢᠨ ᠬᠠᠢᠷᠠᠳᠠᠢ ᠨᠤᠲᠤᠭ ᠤᠰᠤᠨ᠎ᠤ ᠬᠢᠨᠢ ᠭᠡᠰᠡᠭ ᠴᠢᠯᠠᠭᠤ᠂ ᠰᠢᠷᠭᠡᠭ ᠡᠪᠡᠰᠦ ᠬᠦᠷᠳᠡᠯ᠎ᠡ ᠬᠠᠢᠷ᠎ᠠ ᠵᠢᠨ ᠰᠢᠳᠢ ᠤᠷᠤᠰᠢᠵᠠᠢ; 《ᠬᠦᠦᠵᠠᠶᠠᠭ᠎ᠠ》 ᠡᠴᠡ ᠡᠬᠢᠯᠡᠭᠡᠳ 《ᠠᠵᠠᠢ ᠵᠢᠨ ᠲᠤᠭᠤᠳᠠᠭ ᠬᠦᠦ》 ᠬᠦᠷᠳᠡᠯ᠎ᠡ ᠢᠯᠡᠭᠦᠳ ᠡᠭᠡᠱᠢᠭ᠎ᠤᠨ ᠨᠤᠲᠤᠭ ᠤᠰᠤᠨ᠎ᠤ ᠬᠢᠨᠢ ᠠᠬᠠᠮᠠᠳ ᠪᠤᠭᠤᠷᠤᠯ ᠡᠴᠡ ᠡᠬᠢᠯᠡᠭᠡᠳ ᠠᠢᠯ  ᠰᠠᠭᠠᠬᠠᠯᠳᠠ ᠠᠬᠠᠨ ᠲᠡᠭᠦᠦᠰ ᠬᠦᠷᠳᠡᠯ᠎ᠡ ᠪᠠᠬᠠᠷᠬᠠᠯ᠎ᠤᠨ ᠰᠢᠳᠢ ᠤᠷᠤᠰᠢᠵᠠᠢ;ᠬᠠᠢᠷ᠎ᠠ ᠵᠢᠨ ᠰᠡᠳᠬᠢᠯᠭᠡ ᠨᠢ ᠤᠩᠭᠤᠳ ᠮᠡᠳᠡᠷᠡᠮᠵᠢ ᠵᠢ ᠨᠢ ᠬᠦᠨᠳᠡᠭᠡᠳ ᠢᠯᠡᠭᠦᠳ ᠡᠭᠡᠱᠢᠭ᠎ᠤᠨ ᠪᠢᠷ᠎ᠤᠨ ᠦᠵᠦᠭᠦᠷ ᠲᠦ᠍ ᠤᠷᠠᠨ ᠵᠤᠬᠢᠶᠠᠯ᠎ᠤᠨ ᠰᠢᠳᠢ ᠤᠷᠤᠰᠢᠵᠠᠢ ᠃


ᠢᠯᠡᠭᠦᠳ ᠡᠭᠡᠱᠢᠭ᠎ᠤᠨ ᠨᠠᠢᠷᠠᠭᠤᠯᠣᠯ᠎ᠤᠨ ᠲᠡᠭᠦᠪᠦᠷᠢ 《ᠱᠢᠳᠢ᠎ᠶ᠋ᠢᠨ ᠡᠭᠡᠱᠢᠭ》 ᠎ᠢ᠋ ᠬᠡᠳᠦ ᠲᠠᠬᠢᠨ ᠣᠩᠱᠢᠯ᠎ᠠ᠃ ᠵᠣᠬᠢᠶᠠᠭ᠍ᠴᠢ᠎ᠶ᠋ᠢᠨ ᠠᠮᠢᠳᠣᠷᠠᠯ᠎ᠤᠨ ᠵᠢᠷᠤᠭ ᠱᠢᠭ᠋ ᠡᠰᠭᠡᠮᠵᠢ ᠪᠠ ᠨᠡᠯᠢᠶᠡᠳ ᠭᠠᠷᠱᠢᠭ᠍ᠰᠠᠨ ᠬᠡᠯᠡᠨ᠎ᠤ ᠣᠷᠠᠯᠢᠭ᠎ᠢ ᠪᠠᠭ᠍ᠠᠳᠣᠵᠣ᠂ ᠰᠡᠳᠭᠢᠯᠭᠡᠨ᠎ᠤ ᠮᠡᠳᠡᠷᠡᠮᠵᠢ ᠵᠣᠬᠢᠶᠠᠯ᠎ᠤᠨ ᠦᠢᠯᠡ᠎ᠳᠤ ᠠᠶᠠᠨᠳᠠᠭᠠᠨ ᠠᠭᠤᠰᠴᠣ᠂ ᠣᠷᠠᠨ ᠵᠣᠬᠢᠶᠠᠯ᠎ᠤᠨ ᠰᠠᠨᠠᠭ᠎ᠠ ᠠᠬᠤᠢ᠎ᠳᠤ ᠴᠢᠯᠦᠭᠡᠳᠠᠢ ᠵᠣᠷᠴᠢᠵᠣ᠂ ᠪᠣᠳᠣᠵᠣ ᠰᠠᠨᠠᠭ᠍ᠰᠠᠨ ᠦᠵᠡᠯ ᠪᠣᠳᠣᠯ᠎ᠢᠶᠠᠨ ᠲᠡᠯᠭᠡᠬᠦ᠌᠎ᠶ᠋ᠢ ᠲᠣᠷᠠᠯᠠᠭ᠍ᠰᠠᠨ ᠮᠢᠨᠢ ᠬᠢᠷᠢ᠎ᠠᠴᠠ᠎ᠪᠠᠨ ᠲᠠᠪᠠᠭ᠍ᠰᠠᠨ ᠬᠡᠢᠷᠬᠡᠯ ᠪᠣᠶᠣ ᠵᠣᠬᠢᠶᠠᠯ᠎ᠤᠨ ᠱᠢᠳᠢ᠎ᠶ᠋ᠢ ᠲᠠᠩᠴᠣ ᠬᠦᠢᠬᠡᠨ ᠣᠢᠯᠠᠭᠠᠭ᠍ᠰᠠᠨ ᠥᠩᠭᠡᠪᠴᠢ ᠲᠦᠷᠦᠭ᠌ᠳᠡᠯ ᠲᠡᠳᠦᠢ ᠪᠠᠢᠵᠣ ᠮᠡᠳᠡᠨ᠎ᠡ᠃

《ᠱᠢᠳᠢ᠎ᠶ᠋ᠢᠨ ᠡᠭᠡᠱᠢᠭ》 ᠨᠣᠳᠤᠭ ᠣᠰᠣᠨ᠎ᠤ ᠪᠠᠢᠭᠠᠯᠢ ᠠᠬᠤᠢ᠎ᠠᠴᠠ ᠨᠣᠲ ᠴᠣᠣᠷᠢᠶ᠎ᠠ ᠠᠪᠢᠶᠠᠯᠠᠵᠣ᠂ ᠱᠢᠳᠢ᠎ᠶ᠋ᠢᠨ ᠬᠤᠳᠳᠤᠭ᠂ ᠱᠢᠳᠢ᠎ᠶ᠋ᠢᠨ ᠠᠭᠤᠯᠠ ᠬᠡᠬᠦ᠌ ᠮᠡᠳᠦ᠍᠎ᠶ᠋ᠢᠨ ᠱᠢᠳᠢᠳᠦ ᠨᠣᠳᠤᠭ᠎ᠤᠨ ᠲᠣᠮᠤᠭ ᠲᠡᠦᠬᠡ᠂ ᠬᠦᠮᠦᠨ ᠠᠷᠠᠳ᠎ᠨᠢ ᠵᠣᠬᠢᠶᠠᠭ᠍ᠴᠢ᠎ᠶ᠋ᠢᠨ ᠪᠢᠷ᠎ᠤᠨ ᠦᠵᠦᠭᠦᠷ ᠦᠯᠢᠭᠡᠷ᠎ᠤᠨ ᠪᠠᠭᠠᠳᠣᠷ ᠪᠣᠯᠵᠣ ᠵᠢᠷᠣᠭ᠍ᠯᠠᠭ᠍ᠳᠠᠭ᠍ᠰᠠᠨ ᠪᠠᠢᠨ᠎ᠠ᠃ ᠮᠦᠨ ᠴᠦ᠍ ᠡᠢᠮᠦ᠍ ᠰᠠᠢᠬᠠᠨ ᠣᠰᠣ ᠨᠣᠳᠤᠭ ᠲᠸ᠋ ᠦᠶ᠎ᠡ ᠣᠯᠠᠷᠢᠭ᠍ᠰᠠᠨ ᠣᠬᠠᠭᠠᠨᠳᠣ ᠠᠷᠠᠳ ᠪᠢᠯᠢᠭ ᠴᠣᠭᠤᠷᠬᠠᠢ ᠲᠦᠷᠦᠵᠦ᠍᠂ ᠣᠯᠠᠨ ᠣᠯᠠᠨ ᠪᠢᠴᠢᠭ᠎ᠤᠨ ᠬᠦᠮᠦᠰ ᠮᠡᠨᠳᠦᠯᠡᠵᠡᠢ᠃ 《ᠬᠦᠦᠵᠠᠶᠠᠭ᠎ᠠ》᠂ 《ᠠᠵᠠᠢ᠎ᠶ᠋ᠢᠨ ᠲᠣᠭᠤᠳᠠᠭ ᠬᠦᠦ》᠂ 《ᠡᠭᠡᠴᠢ》 ᠂ 《ᠪᠦᠳᠦᠯ ᠦᠭᠡᠢ ᠠᠬ᠎ᠠ》 ᠂ 《ᠬᠠᠭᠤᠷᠠᠢ ᠠᠪᠤ ᠯᠢ ᠰᠠᠨ》 ᠁ ᠵᠡᠷᠭᠡ ᠵᠣᠬᠢᠶᠠᠯ᠎ᠤᠨ ᠪᠠᠭᠠᠳᠣᠷ᠎ᠤᠳ ᠲᠦᠷᠦᠵᠦ᠍᠂ ᠥᠰᠴᠥ᠍᠂ ᠣᠩᠱᠢᠭ᠍ᠴᠢ᠎ᠶ᠋ᠢᠨ ᠬᠠᠷᠠᠭᠠᠨ᠎ᠳᠤ ᠲᠠᠨᠢᠯ ᠲᠠᠰᠣᠯ ᠲᠦᠷᠢ ᠪᠣᠯᠵᠣ ᠱᠣᠭᠤᠭ᠍ᠳᠠᠭ᠍ᠰᠠᠨ᠎ᠨᠢ ᠢᠯᠡᠭᠦᠳ ᠡᠭᠡᠱᠢᠭ᠎ᠤᠨ ᠵᠣᠬᠢᠶᠠᠨ ᠪᠦᠳᠦᠭᠡᠬᠦ᠌ ᠥᠪᠡᠷᠮᠢᠴᠡ ᠮᠡᠷᠭᠡᠵᠢᠯ ᠭᠡᠵᠦ᠍ ᠪᠢ ᠪᠣᠳᠣᠨ᠎ᠠ᠃

ᠵᠣᠬᠢᠶᠠᠭ᠍ᠴᠢ᠎ᠶ᠋ᠢᠨ ᠲᠣᠰ ᠲᠡᠭᠦᠪᠦᠷᠢ᠎ᠳᠤ ᠬᠤᠷᠢ ᠱᠢᠬᠠᠮ ᠨᠠᠢᠷᠠᠭᠤᠯᠣᠯ ᠪᠠᠭ᠍ᠳᠠᠵᠣ᠂ ᠨᠣᠮ᠎ᠤᠨ ᠭᠠᠷᠴᠠᠭ 《ᠱᠢᠳᠢ᠎ᠶ᠋ᠢᠨ ᠡᠭᠡᠱᠢᠭ》᠎ᠠ᠋ᠴᠠ ᠡᠬᠢᠯᠡᠨ ᠪᠠᠷᠤᠭ ᠵᠣᠬᠢᠶᠠᠯ ᠪᠣᠯᠭᠠᠨ᠎ᠳᠤ 《ᠱᠢᠳᠢ》᠎ᠲᠠᠢ ᠨᠣᠳᠤᠭ᠎ᠤᠨ ᠠᠭᠤᠯᠠ ᠣᠰᠣᠨ᠎ᠤ ᠨᠡᠷᠡᠢᠳᠦᠯ ᠪᠠᠢᠨ ᠲᠠᠬᠢᠨ ᠬᠢᠯᠠᠰᠣᠨ ᠢᠯᠡᠷᠡᠵᠣ᠂ ᠡᠨᠡ ᠬᠦ᠌ ᠨᠣᠳᠤᠭ᠎ᠤᠨ ᠬᠡᠰᠡᠭ ᠴᠢᠯᠠᠭᠤ ᠮᠦᠬᠦᠯᠢᠭ ᠱᠢᠷᠣᠢ᠎ᠠᠴᠠ ᠣᠷᠠᠨ ᠵᠣᠬᠢᠶᠠᠯ᠎ᠤᠨ ᠠᠮᠢᠳᠣ ᠰᠡᠳᠭᠢᠬᠦᠢ ᠴᠣᠬᠤᠯᠵᠠᠨ ᠠᠮᠢᠯᠠᠭ᠍ᠰᠠᠨ ᠪᠠᠢᠳᠠᠭ᠃ ᠨᠢᠭᠡ ᠵᠣᠬᠢᠶᠠᠯᠴᠢ᠎ᠶ᠋ᠢᠨ ᠥᠰᠴᠦ᠍ ᠪᠣᠢᠵᠢᠭ᠍ᠰᠠᠨ ᠪᠠ ᠠᠵᠢᠯᠯᠠᠵᠣ ᠠᠮᠢᠳᠣᠷᠠᠭ᠍ᠰᠠᠨ ᠣᠷᠴᠢᠨ ᠲᠣᠭᠤᠷᠢᠨ ᠵᠢᠴᠢ ᠲᠡᠷᠭᠡᠳᠡᠬᠢ ᠬᠦᠮᠦᠨ ᠠᠷᠠᠳ᠎ᠨᠢ ᠵᠣᠬᠢᠶᠠᠯ᠎ᠤᠨ ᠲᠣᠮᠳᠠ ᠱᠢᠭᠤᠳ ᠪᠣᠶᠣ ᠲᠠᠮ᠎ᠢᠶᠠᠷ ᠲᠦᠷᠰᠦᠯᠡᠭ᠌ᠳᠡᠨ ᠢᠯᠡᠷᠡᠵᠦ᠍ ᠪᠢᠷ᠎ᠤᠨ ᠦᠵᠦᠭᠦᠷ ᠣᠯᠠᠮ ᠣᠷᠠᠯᠢᠭ᠍ᠵᠢᠨ ᠵᠢᠷᠣᠭ᠍ᠯᠠᠭ᠍ᠳᠠᠵᠣ ᠣᠩᠱᠢᠭ᠍ᠴᠢ᠎ᠶ᠋ᠢᠨ ᠰᠠᠨᠠᠭ᠎ᠠ ᠪᠣᠳᠣᠯ᠎ᠢ ᠬᠦᠢᠴᠡᠳ ᠨᠥᠯᠥᠭᠡᠯᠡᠵᠦ᠍᠂ ᠡᠷᠬᠡᠱᠢᠶᠡᠵᠦ᠍ ᠴᠢᠳᠠᠳᠠᠭ᠎ᠨᠢ ᠵᠣᠬᠢᠶᠠᠭ᠍ᠴᠢ᠎ᠶ᠋ᠢᠨ ᠪᠠᠰᠠ ᠨᠢᠭᠡᠨ ᠪᠢᠴᠢᠯᠭᠡ᠎ᠶ᠋ᠢᠨ ᠣᠷ᠎ᠠ  ᠲᠡᠮ ᠶᠤᠮ ᠃

ᠣᠩᠨᠢᠭᠤᠳ ᠬᠤᠱᠢᠭᠤᠨ᠎ᠤ ᠠᠱᠢᠬᠠᠨ ᠰᠣᠮᠣ᠎ᠶ᠋ᠢᠨ ᠱᠢᠳᠢ᠎ᠶ᠋ᠢᠨ ᠬᠤᠳᠳᠤᠭ᠎ᠤᠨ ᠠᠢᠯ ᠭᠡᠵᠦ᠍ ᠪᠢᠴᠢᠭ᠎ᠤᠨ ᠮᠡᠷᠭᠡᠳ ᠣᠯᠠᠨ ᠭᠠᠷᠣᠭ᠍ᠰᠠᠨ ᠱᠢᠳᠢᠳᠣ ᠨᠣᠳᠤᠭ ᠬᠡᠬᠦ ᠠᠯᠳᠠᠷ᠎ᠲᠠᠢ ᠪᠠᠢᠳᠠᠭ᠃ ᠢᠯᠡᠭᠦᠳ ᠡᠭᠡᠱᠢᠭ ᠴᠦ᠍ ᠡᠨᠡ ᠨᠣᠳᠤᠭ᠎ᠤᠨ ᠬᠦᠷᠦᠰᠦᠨ ᠲᠡᠭᠡᠷ᠎ᠡ ᠬᠦᠮᠦᠨ ᠪᠣᠯᠵᠣ᠂ ᠬᠦᠯ᠎ᠳᠤ ᠣᠷᠣᠵᠣ᠂ ᠣᠳᠣᠮ᠎ᠤᠨ᠎ᠢᠶᠠᠨ ᠣᠷᠠᠨ ᠠᠪᠢᠶᠠᠰ᠎ᠢ ᠣᠰᠣᠯᠳᠠᠯ ᠦᠭᠡᠢ ᠣᠯᠠᠮᠵᠢᠯᠠᠨ ᠠᠪᠴᠦ᠍᠂ ᠣᠯᠠᠨ ᠰᠠᠢᠬᠠᠨ ᠱᠢᠯᠦᠭ᠂ ᠨᠠᠢᠷᠠᠭᠤᠯᠣᠯ ᠪᠢᠴᠢᠵᠦ᠍᠂ ᠣᠷᠣᠯᠳᠣᠭᠠᠨ ᠮᠥᠷᠦᠢᠴᠡᠭᠡᠨ᠎ᠤ ᠲᠡᠭᠡᠳᠦ ᠱᠠᠩᠨᠠᠯ᠎ᠢᠶᠠᠷ ᠮᠢᠯᠢᠶᠠᠯᠭᠠᠵᠦ᠂ ᠣᠩᠱᠢᠭ᠍ᠴᠢ ᠲᠦᠮᠡᠨ᠎ᠳᠤ ᠲᠠᠨᠢᠭ᠍ᠳᠠᠵᠣ ᠶᠠᠪᠣᠭ᠍ᠰᠠᠨ᠎ᠤ ᠬᠠᠷᠢᠭᠤ᠎ᠳᠤ ᠲᠣᠰ ᠨᠣᠮ᠎ᠤᠨ ᠨᠡᠷ᠎ᠡ᠎ᠪᠠᠨ 《ᠱᠢᠳᠢ᠎ᠶ᠋ᠢᠨ ᠡᠭᠡᠱᠢᠭ》 ᠭᠡᠰᠡᠨ᠎ᠨᠢ ᠶᠠᠭᠠᠬᠢᠬᠤ᠎ᠶ᠋ᠢᠨ ᠠᠷᠭ᠎ᠠ ᠦᠭᠡᠢ ᠠᠶᠠᠨᠳᠠᠭᠠᠨ᠎ᠤ ᠵᠦᠪ ᠰᠣᠩᠭᠤᠯᠳᠠ ᠪᠢᠯᠡ᠃

ᠬᠦᠮᠦᠨ ᠭᠡᠵᠦ᠍ ᠥᠩᠭᠡᠷᠡᠭ᠌ᠰᠡᠨ ᠣᠳᠣ ᠢᠷᠡᠭᠡᠳᠦᠢ᠎ᠶ᠋ᠢᠨ ᠲᠣᠮᠳᠠ ᠠᠮᠢᠳᠣᠷᠠᠵᠣ ᠪᠠᠢᠳᠠᠭ᠎ᠠᠴᠠ ᠡᠷᠬᠢᠴᠡᠭᠦᠯᠦᠯ᠂ ᠲᠡᠮᠡᠥᠯᠤᠯ᠎ᠢᠶᠠᠷ ᠪᠣᠳᠣᠯ ᠰᠡᠳᠭᠢᠯ᠎ᠢᠶᠠᠨ ᠲᠡᠵᠢᠭᠡᠵᠦ᠍ ᠪᠠᠢᠳᠠᠭ᠃ ᠨᠡᠩ ᠴᠦ᠍ ᠨᠢᠭᠡᠨ ᠵᠣᠬᠢᠶᠠᠯᠴᠢ ᠪᠣᠯᠣᠭ᠍ᠰᠠᠨ᠎ᠤ ᠬᠤᠪᠢ᠎ᠳᠤ ᠡᠢᠮᠦᠷᠬᠦᠤ ᠲᠣᠬᠢᠶᠠᠯᠳᠣᠯ᠎ᠳᠤ ᠪᠣᠳᠣᠯ᠎ᠢᠶᠠᠷ᠎ᠢᠶᠠᠨ ᠲᠡᠮᠳᠡᠴᠢᠵᠦ᠍᠂ ᠣᠯᠠᠨ ᠰᠡᠳᠭᠢᠯᠭᠡᠨ᠎ᠤ ᠥᠩᠭᠡ ᠠᠶᠠᠰ᠎ᠲᠠᠢ ᠣᠷᠠᠨ ᠵᠢᠷᠣᠭ᠍ᠯᠠᠯ ᠬᠡᠯᠬᠢᠶᠡᠷᠡᠵᠦ᠍᠂ ᠥᠩᠭᠡᠷᠡᠭ᠌ᠰᠡᠨ᠎ᠲᠠᠢ ᠦᠭᠦᠯᠡᠯᠳᠦᠵᠣ᠂ ᠢᠷᠡᠭᠡᠳᠦᠢ᠎ᠶ᠋ᠢ ᠰᠣᠪᠢᠳᠠᠭ ᠠᠩᠬᠢᠳᠠ ᠨᠢᠭᠡᠨ ᠰᠡᠳᠭᠢᠯ᠎ᠤᠨ ᠴᠢᠯᠦᠭᠡᠳᠦ ᠵᠠᠢ᠎ᠠᠴᠠ ᠭᠬᠢᠷ ᠦᠭᠡᠢ ᠴᠠᠢᠯᠭᠠᠨ ᠰᠠᠨᠠᠭᠠᠨ᠎ᠤ ᠠᠮᠳᠠᠷᠬᠠᠯ ᠣᠯᠵᠣ ᠪᠢᠷ ᠬᠦᠳᠡᠯᠭᠡᠳᠡᠭ᠃

ᠢᠯᠡᠭᠦᠳ ᠡᠭᠡᠱᠢᠭ ᠴᠦ᠍ ᠮᠦᠨ ᠠᠳᠠᠯᠢᠬᠠᠨ ᠲᠣᠷᠠᠰᠣᠮᠵᠢ ᠲᠣᠷᠠᠳᠭᠠᠯ᠎ᠳᠠᠭᠠᠨ ᠬᠦᠳᠦᠯᠦᠭ᠌ᠳᠡᠵᠣ ᠨᠠᠢᠷᠠᠭᠤᠯᠣᠯ᠎ᠤᠨ ᠣᠷᠠᠨ ᠪᠦᠭᠡᠳ ᠪᠣᠳᠠᠳᠠᠢ ᠪᠠᠢᠬᠤ ᠴᠢᠨᠠᠷ᠎ᠢ ᠠᠭᠤᠰᠣᠯᠴᠠᠭᠤᠯᠵᠣ᠂ ᠥᠩᠭᠡᠷᠡᠵᠦ᠍ ᠣᠳᠣᠭ᠍ᠰᠠᠨ ᠺᠢᠨᠣ᠋ ᠵᠢᠷᠤᠭ ᠱᠢᠭ᠋ ᠠᠮᠢᠳᠣᠷᠠᠯ᠎ᠢ ᠣᠷᠠᠨ᠎ᠢᠶᠠᠷ ᠡᠰᠭᠡᠨ ᠨᠡᠢᠯᠡᠭᠦᠯᠵᠣ᠂ ᠣᠩᠱᠢᠭ᠍ᠴᠢ᠎ᠶ᠋ᠢᠨ ᠲᠠᠭᠠᠱᠢᠶᠠᠯ᠎ᠳᠤ ᠬᠦᠷᠦᠭ᠌ᠰᠡᠨ ᠢᠳᠡᠯᠢᠭ ᠵᠣᠬᠢᠶᠠᠯ ᠪᠢᠴᠢᠭ᠌ᠰᠡᠨ ᠪᠠᠢᠵᠠᠢ᠃ ᠢᠯᠡᠭᠦᠳ ᠡᠭᠡᠱᠢᠭ ᠡᠮᠡᠭ᠌ᠳᠡᠢ ᠬᠦᠮᠦᠨ᠎ᠤ ᠥᠪᠡᠷᠮᠢᠴᠡ ᠬᠠᠷᠠᠭᠠᠰᠣ᠎ᠠᠴᠠ ᠠᠮᠢᠳᠣᠷᠠᠯ᠂ ᠨᠡᠢᠭᠡᠮ᠂ ᠪᠠᠢᠭᠠᠯᠢ᠎ᠶ᠋ᠢ ᠰᠡᠮ ᠱᠢᠨᠵᠢᠨ᠂ ᠣᠶᠠᠨ ᠵᠦᠭᠡᠯᠡᠨ ᠰᠡᠳᠭᠢᠯᠭᠡ᠎ᠪᠠᠷ ᠲᠦᠷᠦᠭ᠌ᠰᠡᠨ ᠨᠣᠳᠤᠭ᠎ᠵᠢᠡᠨ ᠠᠷᠭᠠᠳᠠᠨ ᠡᠪᠡᠢᠯᠡᠵᠦ᠍᠂ ᠱᠢᠷᠬᠡᠭ ᠡᠪᠡᠰᠣ᠂ ᠮᠦᠬᠦᠯᠢᠭ ᠴᠢᠯᠠᠭᠤ᠎ᠶ᠋ᠢ᠎ᠨᠢ ᠬᠦᠷᠳᠡᠯ᠎ᠡ ᠠᠮᠢ ᠣᠷᠣᠳᠠᠯ᠎ᠠ ᠰᠡᠳᠭᠢᠨ ᠵᠦᠬᠡᠯᠡᠯᠡᠨ ᠪᠢᠴᠢᠭ᠌ᠰᠡᠨ ᠪᠦᠭᠡᠳ ᠨᠡᠩ ᠴᠦ᠍ ᠱᠢᠳᠢ᠎ᠶ᠋ᠢᠨ ᠬᠤᠳᠳᠤᠭ᠎ᠢ ᠣᠭᠤᠷᠠᠭ᠎ᠢᠶᠠᠷ ᠢᠪᠢᠯᠤᠭᠦᠯᠵᠣ᠂ ᠱᠢᠳᠢ᠎ᠶ᠋ᠢᠨ ᠠᠭᠤᠯᠠ᠎ᠪᠠᠨ ᠬᠠᠷᠠᠴᠠ᠎ᠪᠠᠷ᠎ᠢᠶᠠᠨ ᠣᠶᠠᠷᠠᠭᠤᠯᠵᠣ᠂ ᠡᠯᠢᠭᠡ ᠥᠨᠳᠡᠯᠵᠡᠭᠦᠯᠦᠮ᠎ᠡ ᠬᠠᠢᠷ᠎ᠠ᠎ᠶ᠋ᠢᠨ ᠠᠭᠤᠣ ᠶᠡᠭᠡ᠎ᠶ᠋ᠢ ᠵᠣᠬᠢᠶᠠᠯ᠎ᠳᠠᠭᠠᠨ ᠪᠠᠭ᠍ᠳᠠᠭᠠᠳᠠᠭ᠃

ᠢᠯᠡᠭᠦᠳ ᠡᠭᠡᠱᠢᠭ᠎ᠤᠨ ᠨᠠᠢᠷᠠᠭᠤᠯᠣᠯ᠎ᠢ ᠣᠩᠱᠢᠬᠤ᠎ᠳᠤ ᠵᠣᠬᠢᠶᠠᠯ᠎ᠤᠨ ᠪᠠᠭᠠᠳᠣᠷ᠎ᠤᠳ᠎ᠨᠢ ᠣᠯᠠᠩᠬᠢ᠎ᠨᠢ ᠱᠢᠳᠢ᠎ᠶ᠋ᠢᠨ ᠬᠤᠳᠳᠤᠭ᠎ᠤᠨ ᠠᠢᠯ᠎ᠤᠨ ᠡᠷᠬᠢᠨ ᠲᠣᠭᠤᠷᠢᠨ᠎ᠳᠠᠬᠢ ᠲᠠᠨᠢᠯ ᠬᠦᠮᠦᠰ᠎ᠢᠶᠠᠷ ᠢᠯᠡᠷᠡᠵᠦ᠍᠂ ᠦᠨᠡᠨ ᠣᠴᠢᠷ᠎ᠤᠨ ᠣᠷᠠᠯᠢᠭ ᠢᠯᠡᠷᠡᠭᠦᠯᠦᠯ᠎ᠲᠠᠢ᠂ ᠭᠤᠢᠳᠠ ᠨᠢᠭᠤᠴᠠᠭᠠᠢ ᠪᠢᠴᠢᠯᠭᠡ᠎ᠶ᠋ᠢᠨ ᠠᠷᠭ᠎ᠠ᠎ᠪᠠᠷ 《ᠦᠨᠡᠨ》᠎ᠢ᠋ ᠣᠩᠱᠢᠭ᠍ᠴᠢ᠎ᠳᠤ ᠪᠣᠳᠣᠯᠭᠠᠱᠢᠷᠠᠯ ᠪᠣᠶᠣ ᠰᠣᠷᠭᠠᠮᠵᠢ᠎ᠶ᠋ᠢᠨ ᠠᠶᠠᠰ᠎ᠲᠠᠢ ᠦᠯᠢᠭᠡᠷᠴᠢᠯᠡᠨ ᠬᠦᠷᠭᠡᠳᠡᠭ᠃ 《ᠠᠮᠢ ᠠᠮᠢᠳᠣᠷᠠᠯ᠎ᠤᠨ ᠦᠨᠡᠨ᠎ᠳᠤ ᠰᠠᠭᠤᠷᠢᠯᠠᠭ᠍ᠰᠠᠨ ᠦᠯᠢᠭᠡᠷ ᠣᠴᠢᠷ᠎ᠤᠳ ᠯᠠ ᠨᠠᠳᠠ᠎ᠳᠤ ᠪᠢᠴᠢᠬᠦ᠌ ᠣᠷᠮ᠎ᠠ ᠱᠠᠩᠨᠠᠭ᠍ᠰᠠᠨ》᠂ 《ᠬᠡᠢᠰᠪᠦᠷᠢ᠎ᠠᠴᠠ ᠪᠣᠳᠠᠳᠠᠢ᠂ ᠰᠡᠴᠡᠷᠭᠡᠯ᠎ᠠᠴᠠ ᠦᠨᠡᠨ᠎ᠨᠢ ᠢᠯᠡᠭᠦᠦ ᠲᠠᠭᠠᠯᠠᠭ᠍ᠳᠠᠳᠠᠭ ᠪᠣᠯᠬᠤᠷ ᠡᠳᠡᠭᠡᠷ ᠪᠦᠬᠦᠨ᠎ᠢ ᠣᠷᠠᠨ ᠵᠣᠬᠢᠶᠠᠯ᠎ᠤᠨ ᠠᠷᠭ᠎ᠠ᠎ᠪᠠᠷ ᠨᠡᠢᠳᠭᠡᠨ ᠰᠦᠯᠵᠢᠭᠡᠳ ᠬᠡᠯᠡᠬᠦ᠌ ᠭᠡᠰᠡᠨ ᠵᠣᠷᠢᠯᠭ᠎ᠠ᠎ᠳᠠᠭᠠᠨ ᠬᠦᠷᠬᠦ᠌᠎ᠨᠢ ᠮᠢᠨᠦ᠍ ᠬᠦᠰᠡᠯᠡᠡᠭ》 ᠭᠡᠵᠦ᠍ ᠪᠢᠴᠢᠭ᠌ᠰᠡᠨ᠎ᠨᠢ ᠢᠯᠡᠭᠦᠳ ᠡᠭᠡᠱᠢᠭ᠎ᠤᠨ ᠦᠨᠡᠨᠴᠢ ᠴᠠᠭᠠᠪᠣᠷᠢᠯᠠᠯ᠃

ᠢᠯᠡᠭᠦᠳ ᠡᠭᠡᠱᠢᠭ ᠥᠪᠡᠷ᠎ᠤᠨ ᠠᠯᠳᠠᠨ ᠱᠢᠷᠣᠢ ᠷᠠᠱᠢᠶᠠᠨ ᠣᠰᠣ᠎ᠪᠠᠨ ᠦᠭᠡᠢᠯᠡᠨ᠂ ᠬᠠᠮᠤᠭ ᠬᠠᠢᠷᠠᠳᠠᠢ ᠨᠣᠳᠤᠭ ᠣᠰᠣᠨ᠎ᠳᠠᠭᠠᠨ ᠨᠢᠰᠦᠨ ᠬᠦᠷᠬᠦ᠌᠎ᠶ᠋ᠢ ᠰᠠᠨᠠᠳᠠᠭ᠃ ᠠᠭᠤᠯᠠ ᠵᠢᠨ ᠬᠢᠨᠢ ᠪᠠᠷ᠎ᠠ᠎ᠳᠤ ᠰᠦᠬᠦᠷᠡᠨ ᠮᠦᠷᠭᠦᠵᠦ᠍᠂ ᠣᠰᠣᠨ᠎ᠤ ᠬᠢᠨᠢ ᠴᠢᠮᠡᠭᠡ᠎ᠠᠴᠠ ᠷᠠᠱᠢᠶᠠᠨ ᠠᠮᠰᠠᠵᠣ᠂ ᠮᠦᠬᠦᠯᠢᠭ ᠱᠢᠷᠦᠢ᠎ᠠᠴᠠ᠎ᠨᠢ ᠮᠦᠯᠬᠦᠭ᠌ᠰᠡᠨ ᠮᠦᠷ᠎ᠵᠢᠡᠨ ᠡᠷᠢᠵᠦ᠍᠂ ᠮᠦᠬᠡᠷᠦᠦ ᠬᠠᠳᠠᠨ᠎ᠠᠴᠠ᠎ᠨᠢ ᠲᠠᠭᠤᠷᠢᠰᠤᠭᠰᠠᠨ ᠴᠤᠤᠷᠢᠶ᠎ᠠ᠎ᠪᠠᠨ ᠴᠢᠩᠨᠠᠵᠣ ᠥᠪᠡᠷ᠎ᠤᠨ ᠡᠷᠬᠡ ᠦᠭᠡᠢ ᠪᠦᠳᠦᠭᠡᠯ ᠰᠣᠪᠢᠳᠠᠭ᠃ ᠲᠡᠷᠡ ᠵᠣᠬᠢᠶᠠᠯ᠎ᠳᠠᠭᠠᠨ 《ᠠᠢᠯ ᠣᠯᠠᠨ᠎ᠢ ᠠᠮᠣᠷ ᠲᠠᠢᠪᠣᠩ ᠪᠣᠯᠭᠠᠭ᠍ᠰᠠᠨ᠂ ᠠᠪᠤ᠎ᠶ᠋ᠢ ᠮᠢᠨᠢ ᠦᠷ᠎ᠡ᠎ᠶ᠋ᠢᠨ ᠦᠷ᠎ᠡ᠎ᠳᠤ ᠲᠣᠷᠠᠰᠣᠭ᠍ᠳᠠᠳᠠᠭ ᠵᠣᠬᠢᠶᠠᠯᠴᠢ ᠪᠣᠯᠭᠠᠭ᠍ᠰᠠᠨ᠂ ᠠᠪᠤ᠎ᠶ᠋ᠢᠨ᠎ᠢᠶᠠᠨ ᠣᠯᠠᠨ ᠵᠣᠬᠢᠶᠠᠯ᠎ᠢ ᠣᠶᠠᠩᠭᠠᠯᠠᠵᠣ ᠥᠰᠥᠭ᠌ᠰᠡᠨ ᠨᠠᠮ᠎ᠠ᠎ᠶ᠋ᠢ ᠣᠷᠠᠨ ᠬᠤᠭᠤᠯᠠᠢ᠎ᠲᠠᠢ ᠨᠡᠪᠳᠡᠷᠡᠭᠦᠯᠦᠭ᠌ᠴᠢ ᠪᠣᠯᠭᠠᠭ᠍ᠰᠠᠨ ᠱᠢᠳᠢᠳᠦ ᠠᠭᠤᠯᠠ ᠣᠰᠣᠨ᠎ᠳᠠᠭᠠᠨ ᠪᠢ ᠰᠦᠰᠦᠭ᠌ᠯᠡᠨ ᠵᠠᠯᠪᠠᠷᠢᠵᠣ᠂ ᠰᠦᠭᠦᠳᠥᠨ ᠮᠦᠷᠬᠦᠬᠦ᠌ ᠦᠭᠡᠢ ᠪᠠᠢᠬᠤ ᠱᠢᠯᠳᠠᠭ ᠠᠯᠠᠭ᠎ᠠ》 ᠭᠡᠵᠦ᠍ 《ᠰᠡᠳᠭᠢᠯ᠎ᠤᠨ ᠠᠯᠳᠠᠨ ᠰᠣᠪᠣᠷᠭ᠎ᠠ ᠵᠦᠭ᠎ᠢᠶᠠᠨ ᠠᠯᠢᠪᠠ ᠰᠠᠢᠨ ᠰᠠᠢᠬᠠᠨ᠎ᠢ ᠲᠠᠭᠠᠳᠭᠠᠨ ᠨᠠᠮᠠᠨᠴᠢᠯᠠᠭ᠍ᠰᠠᠭᠠᠷ ᠁》 ᠶᠠᠪᠣᠳᠠᠭ᠎ᠠᠴᠠ 《ᠪᠢᠴᠢᠭ᠌ᠰᠡᠨ ᠵᠣᠬᠢᠶᠠᠯ ᠪᠣᠯᠭᠠᠨ᠎ᠢᠶᠠᠨ ᠪᠦᠷ ᠨᠣᠳᠤᠭ᠎ᠤᠨ᠎ᠢᠶᠠᠨ ᠠᠭᠤᠯᠠ ᠣᠰᠣᠨ᠎ᠠᠴᠠ ᠠᠭᠤᠳᠠᠯᠤᠨ ᠠᠪᠣᠭ᠍ᠰᠠᠨ》 ᠭᠡᠳᠡᠭ᠃

ᠲᠣᠰ ᠲᠡᠭᠦᠪᠦᠷᠢ᠎ᠳᠤ ᠰᠣᠩᠭᠤᠭ᠍ᠳᠠᠭ᠍ᠰᠠᠨ ᠵᠣᠬᠢᠶᠠᠯ᠎ᠤᠳ᠎ᠨᠢ ᠦᠨᠳᠦᠰᠦᠨ᠎ᠳᠡᠭᠡᠨ ᠵᠤᠬᠢᠶᠠᠬᠴᠢ ᠵᠢᠨ ᠲᠦᠷᠦᠭ᠌ᠰᠡᠨ ᠨᠣᠳᠤᠭ ᠱᠢᠳᠢ᠎ᠶ᠋ᠢᠨ ᠬᠤᠳᠳᠤᠭ᠎ᠤᠨ ᠠᠢᠯ᠎ᠠᠴᠠ᠎ᠪᠠᠨ ᠰᠠᠯᠣᠭ᠍ᠰᠠᠨ ᠦᠭᠡᠢ᠃ ᠡᠨᠡ ᠨᠣᠳᠤᠭ᠎ᠤᠨ ᠠᠭᠤᠯᠠ ᠣᠰᠣ᠂ ᠬᠦᠮᠦᠨ ᠠᠷᠠᠳ ᠵᠣᠬᠢᠶᠠᠭ᠍ᠴᠢ᠎ᠶ᠋ᠢᠨ ᠪᠢᠷ᠎ᠤᠨ ᠲᠣᠣᠷ᠎ᠠ ᠣᠷᠠᠨ ᠨᠠᠢᠷᠠᠭᠤᠯᠣᠯ᠎ᠤᠨ ᠲᠦᠷᠢ ᠪᠣᠯᠵᠣ ᠣᠩᠱᠢᠭ᠍ᠴᠢᠳ᠎ᠲᠤ ᠲᠠᠨᠢᠭ᠍ᠳᠠᠭ᠍ᠰᠠᠨ ᠪᠠᠢᠨ᠎ᠠ᠂ ᠡᠭᠦᠨ᠎ᠠᠴᠠ ᠵᠣᠬᠢᠶᠠᠬᠴᠢ᠎ᠶ᠋ᠢᠨ ᠨᠣᠳᠤᠭ ᠣᠰᠣ᠎ᠪᠠᠨ ᠭᠡᠰᠡᠨ ᠪᠢᠯᠬᠠᠮ᠎ᠠ ᠴᠠᠯᠬᠢᠮ᠎ᠠ ᠬᠠᠢᠷ᠎ᠠ᠎ᠶ᠋ᠢ ᠣᠩᠱᠢᠭ᠍ᠴᠢ ᠣᠬᠠᠭᠠᠷᠠᠨ ᠮᠡᠳᠡᠷᠡᠨ᠎ᠡ᠃ ᠣᠷᠠᠨ ᠵᠣᠬᠢᠶᠠᠯ᠎ᠤᠨ ᠶᠢᠷᠳᠢᠨᠴᠦ᠍ ᠲᠣᠮᠳᠠ ᠱᠢᠳᠢ᠎ᠶ᠋ᠢᠨ ᠬᠤᠳᠳᠤᠭ ᠵᠢᠵᠢᠭ᠌ᠬᠡᠨ᠂ ᠭᠡᠪᠡᠴᠦ᠍ ᠵᠣᠬᠢᠶᠠᠭ᠍ᠴᠢ᠎ᠶ᠋ᠢᠨ ᠰᠠᠨᠠᠭᠠᠨ᠎ᠳᠤ ᠲᠦᠷᠦᠭ᠌ᠰᠡᠨ ᠨᠣᠳᠤᠭ᠎ᠨᠢ ᠶᠢᠷᠳᠢᠨᠴᠦ᠍᠎ᠶ᠋ᠢᠨ ᠶᠠᠭᠤ ᠪᠦᠬᠦᠨ᠎ᠢ ᠡᠪᠦᠷ ᠲᠡᠭᠡᠨ ᠪᠠᠭ᠍ᠳᠠᠭᠠᠵᠣ ᠴᠢᠳᠠᠳᠠᠭ 《ᠠᠭᠤᠣ ᠶᠡᠭᠡ》 ᠪᠠᠢᠵᠠᠢ᠃ ᠡᠢᠮᠦ᠍ ᠰᠠᠢᠬᠠᠨ ᠨᠣᠳᠤᠭ ᠣᠰᠣᠨ᠎ᠤ ᠦᠬᠢᠨ ᠦᠷ᠎ᠡ ᠪᠣᠯᠣᠭ᠍ᠰᠠᠨ᠎ᠤ ᠬᠤᠪᠢ᠎ᠳᠤ ᠢᠯᠡᠭᠦᠳ ᠡᠭᠡᠱᠢᠭ ᠡᠨᠡ ᠨᠣᠳᠤᠭ᠎ᠤᠨ ᠠᠯᠳᠠᠨ ᠱᠢᠷᠣᠢ᠎ᠪᠠᠷ ᠥᠯᠥᠭᠡᠢᠳᠡᠭᠦᠯᠵᠦ᠍᠂ ᠷᠠᠰᠢᠶᠨᠨ ᠣᠰᠣ᠎ᠪᠠᠷ᠎ᠨᠢ ᠷᠠᠱᠢᠶᠠᠯᠠᠭᠤᠯᠵᠣ ᠥᠰᠴᠦ᠍ ᠲᠣᠮᠣᠭᠠᠵᠢᠭ᠍ᠰᠠᠨ᠎ᠤ ᠬᠠᠷᠢᠭᠤ᠎ᠳᠤ ᠡᠨᠡ ᠬᠦ᠌ ᠠᠭᠤᠣ ᠶᠡᠭᠡ ᠠᠮᠢᠳᠣ ᠣᠷᠣᠨ ᠵᠠᠢ᠎ᠳᠤ ᠨᠡᠩ ᠣᠯᠠᠨ ᠣᠷᠠᠨ ᠪᠦᠳᠦᠭᠡᠯ ᠣᠩᠱᠢᠭ᠍ᠴᠢ᠎ᠶ᠋ᠢᠨ ᠬᠠᠷᠠᠭᠠᠨ᠎ᠳᠤ ᠠᠮᠢᠯᠠᠨ ᠬᠦᠷᠬᠦ᠌᠎ᠨᠢ ᠯᠠᠪᠳᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号