ᠪᠡᠭᠡᠵᠢᠩ ᠥᠪᠥᠷ ᠮᠣᠩᠭᠣᠯ᠎ᠤᠨ ᠰᠤᠳᠤᠯᠤᠨ ᠰᠤᠷᠤᠯᠴᠠᠬᠤ ᠠᠶᠠᠯᠠᠯ ᠵᠠᠯᠠᠭᠤᠴᠤᠤᠨ ᠪᠠᠭᠠᠴᠤᠤᠨ ᠤ᠋ᠨ ᠬᠦᠰᠠᠯ ᠵᠡᠬᠦᠲᠤ ᠶ᠋ᠢ ᠲᠠᠷᠬᠡᠯᠰᠢᠬᠦᠯᠪᠠ
2026-03-11 10:11:14
ᠵᠣᠬᠢᠶᠠᠭ᠍ᠴᠢ᠄
ᠪᠤᠤ ᠢᠤᠢ ᠶᠢᠡᠭ
ᠣᠩᠱᠢᠭ᠍ᠰᠠᠨ ᠣᠳᠠᠭ᠎ᠠ᠄
★★★☆☆

ᠪᠡᠭᠡᠵᠢᠩ ᠥᠪᠥᠷ ᠮᠣᠩᠭᠣᠯ᠎ᠤᠨ ᠰᠤᠷᠭᠠᠨ ᠬᠥᠮᠦᠵᠢᠯ᠎ᠦᠨ ᠬᠠᠮᠵᠢᠯᠴᠠᠭᠠᠨ᠎ᠤ ᠠᠭᠤᠯᠤᠭ᠍ᠳᠠᠬᠤᠨ᠎ᠢ ᠭᠦᠨᠵᠡᠭᠡᠢᠷᠡᠭᠦᠯᠵᠦ᠍᠂ 《ᠠᠭᠤᠰᠤᠯᠴᠠᠭᠤᠯᠬᠤ》 ᠮᠠᠶᠢᠭ᠎ᠤᠨ ᠰᠤᠷᠭᠠᠨ ᠬᠥᠮᠦᠵᠢᠯ᠎ᠦᠨ ᠣᠢᠯᠠᠭᠠᠭ᠍ᠳᠠᠬᠤᠨ᠎ᠢ ᠦᠶ᠋ᠯᠡᠳᠦᠯᠭᠡᠵᠢᠭᠦᠯᠵᠦ᠍᠂ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ᠎ᠶ᠋ᠢᠨ ᠲᠥᠯᠥᠭᠡ᠂ 2 ᠰᠠᠷ᠎ᠠ᠎ᠶ᠋ᠢᠨ 1 ᠎ᠤ᠋ ᠡᠳᠦᠷ᠎ᠡᠴᠡ 7 ᠎ᠤ᠋ ᠡᠳᠦᠷ ᠪᠣᠯᠲᠠᠯ᠎ᠠ᠂ ᠥᠪᠡᠷᠲᠡᠭᠡᠨ ᠵᠠᠰᠠᠬᠤ ᠣᠷᠣᠨ᠎ᠤ ᠰᠤᠷᠭᠠᠨ ᠬᠥᠮᠦᠵᠢᠯ᠎ᠦᠨ ᠲᠢᠩᠬᠢᠮ ᠮᠠᠨᠵᠤᠤᠷ ᠬᠣᠲᠠ᠎ᠠᠴᠠ 44 ᠪᠠᠭ᠍ᠰᠢ ᠰᠣᠷᠣᠭ᠍ᠴᠢ᠎ᠶ᠋ᠢ ᠰᠣᠩᠭᠣᠨ ᠪᠡᠭᠡᠵᠢᠩ᠎ᠳᠦ ᠣᠴᠢᠭᠤᠯᠵᠤ ᠡᠪᠦᠯ᠎ᠦᠨ ᠠᠮᠠᠷᠠᠯᠲᠠ᠎ᠶ᠋ᠢᠨ 《ᠠᠭᠤᠰᠤᠯᠴᠠᠭᠤᠯᠬᠤ》 ᠮᠠᠶᠢᠭ᠎ᠤᠨ ᠰᠤᠷᠭᠠᠨ ᠬᠥᠮᠦᠵᠢᠯ᠎ᠦᠨ ᠬᠠᠮᠵᠢᠯᠴᠠᠭᠠᠨ᠎ᠤ ᠠᠵᠢᠯᠯᠠᠭ᠎ᠠ ᠥᠷᠨᠢᠭᠦᠯᠪᠡ᠃


73ad3bdf-7457-46a1-acc5-a8860ac7e562.png


ᠬᠠᠮᠲᠤ ᠵᠢᠨ ᠰᠡᠬᠦᠲᠠᠷ ᠲᠠᠲᠠᠨ᠎ᠠ


ᠲᠣᠰ ᠤᠳᠠᠭ᠎ᠠ᠎ᠶ᠋ᠢᠨ ᠪᠡᠭᠡᠵᠢᠩ ᠥᠪᠥᠷ ᠮᠣᠩᠭᠣᠯ᠎ᠤᠨ ᠰᠤᠳᠤᠯᠤᠨ ᠰᠤᠷᠤᠯᠴᠠᠬᠤ ᠠᠶᠠᠯᠠᠯ ᠪᠣᠯ 《ᠠᠭᠤᠰᠤᠯᠴᠠᠭᠤᠯᠬᠤ》 ᠮᠠᠶᠢᠭ᠎ᠤᠨ ᠰᠤᠷᠭᠠᠨ ᠬᠥᠮᠦᠵᠢᠯ᠎ᠦᠨ ᠬᠠᠮᠵᠢᠯᠴᠠᠭ᠎ᠠ᠎ᠶ᠋ᠢᠨ ᠠᠮᠢᠳᠤᠯᠢᠭ ᠦᠶ᠋ᠯᠡᠳᠦᠯᠭᠡ ᠪᠠᠢᠵᠤ᠂ ᠬᠣᠶᠠᠷ ᠭᠠᠵᠠᠷ᠎ᠤᠨ ᠵᠠᠯᠠᠭᠤᠴᠤᠳ ᠪᠠᠭᠠᠴᠤᠳ᠎ᠤᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠳᠤ ᠰᠡᠳᠭᠢᠯ᠎ᠤᠨ ᠬᠥᠭᠥᠷᠭᠡ ᠵᠢ ᠲᠠᠯᠪᠢᠵᠤ ᠥᠭ᠌ᠴᠡᠶ᠃ ᠮᠠᠨᠵᠤᠤᠷ᠎ᠤᠨ ᠪᠠᠭ᠍ᠰᠢ ᠰᠤᠷᠤᠭ᠍ᠴᠢᠳ ᠬᠠᠷᠠᠭ᠎ᠠ᠎ᠪᠠᠨ ᠥᠷᠭᠡᠳᠭᠡᠵᠦ᠍᠂ ᠬᠠᠢᠷ᠎ᠠ ᠰᠡᠳᠭᠢᠯᠭᠡ᠎ᠪᠡᠨ ᠵᠤᠵᠠᠭᠠᠳᠭᠠᠵᠤ᠂ ᠬᠤᠪᠢᠰᠭᠠᠯ᠎ᠤᠨ ᠤᠳᠤᠮᠱᠢᠯ᠂ ᠰᠣᠶᠣᠯ᠎ᠤᠨ ᠢᠲᠡᠭᠡᠯ ᠪᠣᠯᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ ᠣᠢᠯᠠᠭᠠᠭ᠍ᠳᠠᠬᠤᠨ᠎ᠢ ᠰᠡᠳᠭᠢᠯ᠎ᠦᠨ ᠭᠦᠨ᠎ᠳᠦ ᠦᠨᠳᠦᠰᠦᠯᠡᠭᠦᠯᠵᠦ᠍᠂ ᠪᠡᠭᠡᠵᠢᠩ ᠥᠪᠥᠷ ᠮᠣᠩᠭᠣᠯ᠎ᠤᠨ ᠰᠡᠳᠭᠢᠯ ᠨᠢᠭᠡᠳᠦᠭ᠌ᠰᠡᠨ ᠦᠷ᠎ᠡ᠎ᠶ᠋ᠢ ᠬᠠᠷᠢᠯᠴᠠᠨ ᠦᠨᠳᠦᠰᠦᠯᠡᠭᠦᠯᠦᠨ ᠰᠣᠶᠣᠭᠠᠯᠠᠭᠤᠯᠵᠠᠢ᠃


d65be1c4-4bcd-4c4c-af05-338f3c330869.png

cde4b7d4-f8b9-4596-98a9-b961d5efd5c8.png


ᠰᠢᠪᠠᠷ ᠱᠤᠭᠤᠮᠠᠯ ᠬᠢᠨ᠎ᠡ


ᠬᠣᠢᠱᠢᠳᠠ᠂ ᠪᠡᠭᠡᠵᠢᠩ ᠥᠪᠥᠷ ᠮᠣᠩᠭᠣᠯ ᠬᠣᠶᠠᠷ ᠭᠠᠵᠠᠷ ᠦᠷᠭᠦᠯᠵᠢᠯᠡᠨ 《ᠠᠭᠤᠰᠤᠯᠴᠠᠭᠤᠯᠬᠤ》 ᠮᠠᠶᠢᠭ᠎ᠤᠨ ᠰᠤᠷᠭᠠᠨ ᠬᠥᠮᠦᠵᠢᠯ᠎ᠢᠶᠡᠷ ᠬᠣᠯᠪᠣᠭᠠᠰᠤ ᠪᠣᠯᠭᠠᠵᠤ᠂ ᠨᠠᠩ ᠣᠯᠠᠨ ᠰᠣᠯᠢᠯᠴᠠᠭᠠᠨ᠎ᠤ ᠲᠠᠪᠴᠠᠩ᠎ᠢ ᠪᠠᠢᠭᠤᠯᠵᠤ᠂ ᠳᠤᠮᠳᠠᠳᠤ᠎ᠶ᠋ᠢᠨ ᠦᠨᠳᠦᠰᠦᠲᠡᠨ ᠨᠢᠭᠡ ᠬᠡᠷ᠎ᠦᠨ ᠬᠥᠮᠦᠨ ᠮᠡᠲᠦ ᠳᠣᠲᠣᠨᠣ ᠪᠠᠢᠬᠤ ᠣᠢᠯᠠᠭᠠᠭ᠍ᠳᠠᠬᠤᠨ᠎ᠢ ᠵᠠᠯᠠᠭᠤᠴᠤᠳ ᠪᠠᠭᠠᠴᠤᠳ᠎ᠤᠨ ᠰᠡᠳᠭᠢᠯ᠎ᠳᠦ ᠭᠦᠨ ᠬᠠᠳᠠᠩᠱᠢᠭᠤᠯᠵᠤ᠂ ᠦᠨᠳᠦᠰᠦᠲᠡᠨ᠎ᠦ ᠪᠦᠯᠬᠦᠮᠳᠡᠯ ᠳᠠᠪᠱᠢᠯᠲᠠ ᠪᠣᠯᠤᠨ ᠰᠤᠷᠭᠠᠨ ᠬᠥᠮᠦᠵᠢᠯ᠎ᠦᠨ ᠬᠠᠮᠵᠢᠯᠴᠠᠭ᠎ᠠ ᠬᠥᠭ᠌ᠵᠢᠯᠲᠡ᠎ᠳᠦ ᠨᠠᠩ ᠣᠯᠠᠨ ᠵᠠᠯᠠᠭᠤ ᠨᠠᠰᠤᠨ᠎ᠤ ᠬᠦᠴᠦᠨ ᠴᠢᠳᠠᠯ ᠨᠡᠮᠡᠷᠢᠯᠡᠬᠦ᠌ ᠪᠣᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号