ᠰᠤᠷᠪᠤᠯᠵᠢᠯᠠᠭᠴᠢ ᠦᠪᠤᠷ ᠮᠤᠩᠭᠤᠯ ᠤ᠋ᠨ ᠥᠪᠡᠷᠲᠡᠭᠡᠨ ᠵᠠᠰᠠᠬᠤ ᠣᠷᠣᠨ ᠤ᠋ ᠲᠠᠷᠢᠶᠠᠯᠠᠩ ᠮᠠᠯ ᠠᠵᠤ ᠠᠬᠤᠶ ᠪᠠ ᠬᠥᠳᠡᠭᠡ ᠲᠣᠰᠭᠣᠨ ᠮᠠᠯᠵᠢᠬᠤ ᠣᠷᠣᠨ ᠤ᠋ ᠲᠢᠩᠬᠢᠮ ᠡᠴᠡ ᠣᠢᠯᠠᠭᠠᠭ᠍ᠰᠠᠨ ᠵᠢᠡᠷ᠂ ᠨᠢᠳᠤᠨᠤᠨ ᠮᠠᠨ ᠤ᠋ ᠤᠷᠤᠨ 《ᠴᠢᠬᠢ ᠦᠵᠡᠵᠦ ᠦᠷ᠎ᠡ ᠰᠤᠡᠭᠭᠤᠬᠤ》 ᠲᠠᠪᠴᠠᠩ ᠵᠢᠡᠷ ᠪᠥᠬᠥ᠌ ᠣᠷᠣᠨ ᠤ᠋ ᠠᠳᠠᠯᠢ ᠪᠤᠰᠤ ᠠᠮᠢ ᠠᠬᠤᠶ ᠶ᠋ᠢᠨ ᠣᠷᠣᠨ ᠪᠦᠰᠡ ᠳ᠋ᠤ ᠳᠣᠭᠢᠷᠠᠬᠤ 60 ᠱᠢᠯᠢᠳᠡᠭ ᠡᠭᠦᠯᠳᠡᠷ ᠢ᠋ ᠰᠤᠡᠭᠭᠤᠨ ᠭᠠᠷᠭᠠᠵᠤ᠂ ᠡᠷᠳᠡᠨᠢ ᠱᠢᠰᠢ᠂ ᠱᠢᠷᠠ ᠪᠤᠷᠴᠠᠭ᠂ ᠤᠰᠤᠨ ᠲᠤᠲᠤᠷᠭ᠎ᠠ᠂ ᠪᠣᠭᠣᠳᠠᠶ᠂ ᠲᠥᠮᠥᠰᠥ᠍᠂ ᠨᠡᠷᠡᠨ ᠬᠤᠸᠠᠷ᠂ ᠨᠠᠷᠢᠮᠤ᠂ ᠱᠢᠰᠢ᠂ ᠢᠳᠡᠱᠢᠨ ᠨᠣᠭᠣᠭ᠎ᠠ ᠵᠡᠷᠭᠡ 9 ᠲᠥᠷᠥᠯ ᠤ᠋ᠨ ᠲᠠᠷᠢᠮᠠᠯ ᠢ᠋ ᠬᠠᠮᠤᠷᠴᠠᠢ᠃
2025 ᠣᠨ ᠳ᠋ᠤ᠂ ᠮᠠᠨ ᠤ᠋ ᠤᠷᠤᠨ 《ᠴᠢᠬᠢ ᠦᠵᠡᠵᠦ ᠦᠷ᠎ᠡ ᠰᠤᠡᠭᠭᠤᠬᠤ》 ᠲᠠᠪᠴᠠᠩ ᠵᠢᠡᠷ ᠲᠠᠮᠵᠢᠨ ᠡᠪᠡᠳᠴᠢᠨ ᠬᠢᠵᠢᠭ ᠢ᠋ ᠡᠰᠡᠷᠭᠦᠴᠡᠬᠦ᠌ ᠴᠢᠨᠠᠷ ᠶ᠋ᠢᠡᠷ ᠰᠠᠢᠨ ᠲᠠᠷᠢᠮᠠᠯ ᠤ᠋ᠨ ᠡᠭᠦᠯᠳᠡᠷ ᠢ᠋ ᠭᠤᠤᠯᠳᠠᠯᠭ᠎ᠠ ᠲᠠᠶ ᠱᠢᠭ᠌ᠰᠢᠨ ᠰᠣᠩᠭᠣᠭ᠍ᠰᠠᠨ ᠰᠠᠭᠤᠷᠢᠨ ᠳᠡᠭᠡᠷ᠎ᠡ᠂ ᠲᠥᠷᠥᠯ ᠵᠦᠶ᠋ᠯ ᠢ᠋ ᠱᠢᠭ᠌ᠰᠢᠨ ᠰᠣᠩᠭᠣᠬᠤ ᠴᠢᠭ᠌ᠯᠡᠯ ᠢ᠋ ᠤᠯᠠᠮ ᠨᠢᠭᠡ ᠠᠯᠬᠤᠮ ᠨᠠᠷᠢᠯᠢᠭ᠍ᠵᠢᠭᠤᠯᠵᠤ᠂ ᠪᠥᠬᠥ᠌ ᠣᠷᠣᠨ ᠤ᠋ 7 ᠠᠢᠮᠠᠭ ᠬᠣᠲᠠ ᠳ᠋ᠤ ᠡᠷᠳᠡᠨᠢ ᠱᠢᠰᠢ ᠵᠢ ᠨᠢᠭᠲᠠ ᠲᠠᠷᠢᠵᠤ ᠨᠠᠷᠢᠯᠢᠭ ᠤᠨᠤᠴᠠᠲᠠᠢ ᠲᠤᠬᠢᠷᠠᠭᠤᠯᠤᠨ ᠡᠵᠡᠮᠳᠡᠬᠦ ᠮᠡᠷᠭᠡᠵᠢᠯ ᠲᠠᠢ ᠤᠶᠠᠯᠳᠤᠭᠤᠯᠤᠨ ᠨᠢᠭᠲᠠ ᠲᠠᠷᠢᠬᠤ ᠳ᠋ᠦ ᠲᠤᠬᠢᠷᠠᠮᠵᠢᠲᠡᠢ ᠡᠭᠦᠯᠳᠡᠷ ᠢ᠋ ᠰᠢᠭᠰᠢᠨ ᠰᠤᠡᠭᠭᠤᠵᠤ᠂ 200 ᠵᠦᠢᠯ ᠤ᠋ᠨ ᠡᠭᠦᠯᠳᠡᠷ ᠢ᠋ ᠳᠡᠯᠭᠡᠨ ᠦᠵᠡᠭᠦᠯᠪᠡ; ᠪᠣᠷᠣᠲᠣᠬᠣᠶ᠂ ᠲᠦᠮᠡᠳ ᠤ᠋ᠨ ᠲᠠᠯ᠎ᠠ ᠪᠠ ᠪᠠᠷᠠᠭᠤᠨ ᠯᠢᠶᠣᠤᠾᠧ ᠭᠤᠤᠯ ᠤ᠋ᠨ ᠭᠤᠷᠪᠠᠨ ᠶᠡᠬᠡ ᠤᠰᠤᠯᠠᠯᠲᠠ ᠶ᠋ᠢᠨ ᠣᠷᠣᠨ ᠳ᠋ᠤ ᠬᠤᠵᠢᠷ ᠲᠦ᠍ ᠳᠠᠭᠠᠭᠠᠮᠠᠭᠠᠶ ᠲᠠᠷᠢᠮᠠᠯ ᠤ᠋ᠨ ᠡᠭᠦᠯᠳᠡᠷ ᠢ᠋ ᠱᠢᠭ᠌ᠰᠢᠨ ᠰᠤᠡᠭᠭᠤᠬᠤ ᠠᠵᠢᠯᠯᠠᠭ᠎ᠠ ᠦᠷᠨᠢᠭᠦᠯᠵᠦ᠂ 104 ᠡᠭᠦᠯᠳᠡᠷ ᠢ᠋ ᠳᠡᠯᠭᠡᠨ ᠦᠵᠡᠭᠦᠯᠪᠡ; ᠬᠥᠯᠥᠨ ᠪᠣᠢᠷ᠂ ᠬᠢᠩᠭᠠᠨ᠂ ᠲᠦᠩᠯᠢᠶᠣᠤ᠂ ᠤᠯᠠᠭᠠᠨᠬᠠᠳᠠ ᠵᠡᠷᠭᠡ 4 ᠠᠢᠮᠠᠭ ᠬᠣᠲᠠ ᠳ᠋ᠤ ᠭᠧᠨ ᠱᠢᠯᠵᠢᠭᠦᠯᠦᠭ᠌ᠰᠡᠨ ᠡᠭᠦᠯᠳᠡᠷ ᠢ᠋ ᠱᠢᠭ᠌ᠰᠢᠨ ᠰᠣᠩᠭᠣᠬᠤ ᠠᠵᠢᠯᠯᠠᠭ᠎ᠠ ᠦᠷᠨᠢᠭᠦᠯᠵᠦ᠂ 36 ᠡᠭᠦᠯᠳᠡᠷ ᠢ᠋ ᠳᠡᠯᠭᠡᠨ ᠦᠵᠡᠭᠦᠯᠪᠡ; ᠡᠷᠳᠡᠨᠢ ᠱᠢᠰᠢ᠂ ᠱᠢᠷᠠ ᠪᠤᠷᠴᠠᠭ ᠵᠡᠷᠭᠡ ᠵᠢ ᠲᠡᠷᠢᠬᠤ ᠳ᠋ᠦ ᠴᠦᠮ ᠲᠣᠬᠢᠷᠠᠮᠵᠢᠲᠠᠶ ᠠᠮᠢ ᠠᠬᠤᠶ ᠶ᠋ᠢᠨ ᠣᠷᠣᠨ ᠤ᠋ 12 ᠲᠠᠪᠴᠠᠩ ᠳ᠋ᠤ ᠣᠯᠠᠨ ᠲᠤᠷᠰᠢᠯᠲᠠ ᠶ᠋ᠢᠨ ᠴᠡᠭ ᠤ᠋ᠨ ᠵᠢᠱ᠌ᠢᠶ᠎ᠡ ᠦᠵᠡᠭᠦᠯᠬᠦ᠌ ᠠᠵᠢᠯᠯᠠᠭ᠎ᠠ ᠥᠷᠨᠢᠭᠦᠯᠵᠦ᠍᠂ 72 ᠡᠭᠦᠯᠳᠡᠷ ᠢ᠋ ᠳᠡᠯᠭᠡᠨ ᠦᠵᠡᠭᠦᠯᠪᠡ᠃ ᠡᠭᠦᠨ ᠤ᠋ ᠬᠠᠮᠲᠤ ᠳᠠᠪᠠᠭᠤᠯᠢᠭᠲᠦ ᠦᠷ᠎ᠡ ᠶ᠋ᠢᠨ ᠠᠵᠤ ᠠᠬᠤᠢᠯᠠᠯ ᠲᠠᠶ ᠬᠣᠯᠪᠣᠭᠠᠯᠠᠨ ᠤᠨᠠᠯᠲᠠ ᠶ᠋ᠢᠨ ᠪᠣᠭᠣᠮᠲᠠ ᠱᠢᠪᠲᠤᠯᠤᠯᠲᠠ ᠶ᠋ᠢᠨ ᠠᠵᠢᠯᠯᠠᠭ᠎ᠠ ᠥᠷᠨᠢᠭᠦᠯᠵᠦ᠍᠂ ᠱᠢᠯᠢᠳᠡᠭ ᠡᠭᠦᠯᠳᠡᠷ ᠤ᠋ᠨ ᠤᠨᠠᠯᠲᠠ ᠵᠢ ᠨᠡᠮᠡᠭ᠌ᠳᠡᠭᠦᠯᠬᠦ᠌ ᠳᠠᠯᠳᠠ ᠬᠦᠴᠦᠨ ᠢ᠋ ᠠᠭᠤᠳᠠᠯᠤᠭᠰᠠᠨ ᠪᠠᠢᠨ᠎ᠠ᠃
ᠤᠢᠯᠠᠭᠠᠭᠰᠠᠨ ᠶ᠋ᠢᠡᠷ᠂ ᠲᠣᠰ ᠤᠳᠠᠭ᠎ᠠ ᠵᠢᠨ ᠲᠠᠨᠢᠯᠴᠠᠭᠤᠯᠭ᠎ᠠ ᠳ᠋ᠤ ᠲᠥᠷᠥᠯ ᠵᠦᠶ᠋ᠯ ᠤ᠋ᠨ ᠣᠯᠠᠨ ᠶᠠᠩᠵᠤᠲᠤ ᠴᠢᠨᠠᠷ ᠪᠠ ᠬᠠᠨᠳᠤᠯᠭᠠᠲᠤ ᠴᠢᠨᠠᠷ ᠢ᠋ ᠨᠠᠩ ᠴᠢᠬᠤᠯᠠᠴᠢᠯᠠᠵᠤ᠂ ᠮᠠᠨ ᠤ᠋ ᠤᠷᠤᠨ ᠤ᠋ ᠠᠳᠠᠯᠢ ᠪᠤᠰᠤ ᠭᠠᠵᠠᠷ ᠣᠷᠣᠨ᠂ ᠠᠳᠠᠯᠢ ᠪᠤᠰᠤ ᠲᠠᠷᠢᠮᠠᠯ ᠤ᠋ᠨ ᠨᠥᠬᠥᠴᠡᠯ ᠤ᠋ᠨ ᠦᠶ᠋ᠯᠡᠳᠪᠦᠷᠢᠯᠡᠯ ᠤ᠋ᠨ ᠬᠡᠷᠡᠭ᠌ᠴᠡᠭᠡ ᠵᠢ ᠣᠨᠣᠴᠠᠲᠠᠶ ᠳᠣᠭᠢᠷᠠᠭᠤᠯᠪᠠ᠃ ᠬᠤᠢᠰᠢᠳᠠ ᠮᠠᠨ ᠤ᠋ ᠤᠷᠤᠨ ᠲᠠᠷᠢᠮᠠᠯ ᠤ᠋ᠨ ᠡᠭᠦᠯᠳᠡᠷ ᠢ᠋ ᠲᠥᠷᠥᠯ ᠬᠤᠪᠢᠶᠠᠬᠤ ᠵᠢ ᠨᠠᠷᠢᠯᠢᠭᠵᠢᠭᠤᠯᠤᠨ᠂ 《ᠨᠢᠭᠡ ᠪᠦᠯᠦᠭ ᠢ᠋ ᠨᠢ ᠳᠡᠯᠭᠡᠷᠡᠭᠦᠯᠵᠦ᠂ ᠨᠢᠭᠡ ᠪᠦᠯᠦᠭ ᠢ᠋ ᠨᠢ ᠰᠣᠩᠭᠣᠵᠤ᠂ ᠨᠢᠭᠡ ᠪᠦᠯᠦᠭ ᠢ᠋ ᠨᠢ ᠨᠥᠭᠡᠴᠡᠯᠡᠬᠦ᠌》 ᠰᠢᠯᠢᠳᠡᠭ ᠡᠭᠦᠯᠳᠡᠷ ᠤ᠋ᠨ ᠵᠢᠭᠰᠠᠭᠠᠯ ᠵᠢᠡᠷ ᠳᠠᠮᠵᠢᠨ ᠨᠠᠩ ᠣᠯᠠᠨ ᠴᠢᠨᠠᠷ ᠰᠠᠢᠲᠠᠶ ᠰᠢᠯᠢᠳᠡᠭ ᠡᠭᠦᠯᠳᠡᠷ ᠢ᠋ ᠲᠠᠷᠢᠶᠠᠨ ᠭᠠᠵᠠᠷ ᠲᠦ᠍ ᠣᠷᠣᠭᠤᠯᠬᠤ ᠪᠡᠷ ᠬᠦᠴᠦᠯᠡᠬᠦ ᠪᠤᠯᠤᠨ᠎ᠠ᠃