1000 ᠲᠦᠮᠡᠨ ᠲᠦᠭᠦᠷᠢᠭ᠎ᠤᠨ ᠺᠢᠨᠣ᠋ ᠦᠵᠡᠬᠦ ᠨᠥᠬᠥᠪᠦᠷᠢ ᠲᠠᠷᠬᠠᠭᠠᠨ᠎ᠠ
2025-09-29 16:24:15
ᠵᠣᠬᠢᠶᠠᠭ᠍ᠴᠢ᠄
ᠵᠠᠩ ᠯᠤ᠌
ᠣᠩᠱᠢᠭ᠍ᠰᠠᠨ ᠣᠳᠠᠭ᠎ᠠ᠄
★★★☆☆

ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠺᠢᠨᠣ᠋᠎ᠶᠢᠨ ᠲᠣᠪᠴᠢᠶ᠎ᠠ᠎ᠠᠴᠠ ᠭᠣᠣᠯᠯᠠᠨ ᠡᠷᠭᠢᠯᠡᠵᠦ᠂ ᠥᠪᠥᠷ ᠮᠣᠩᠭᠣᠯ᠎ᠤᠨ ᠡᠳᠦᠷ᠎ᠦᠨ ᠰᠣᠨᠢᠨ᠎ᠤ ᠬᠣᠷᠢᠶ᠎ᠠ᠎ᠠᠴᠠ ᠬᠠᠮᠵᠢᠨ ᠡᠷᠭᠢᠯᠡᠵᠦ᠂ ᠮᠤᠤ ᠶᠠᠨ ᠵᠤᠭ᠎ᠠ ᠴᠡᠩᠭᠡᠯ ᠪᠣᠯᠣᠨ ᠲᠤᠤ ᠫᠢᠶᠤᠤ ᠫᠢᠶᠤᠤ ᠬᠠᠮᠲᠤ᠎ᠪᠠᠷ ᠳᠠᠭᠠᠭᠠᠴᠢᠯᠠᠨ ᠡᠷᠭᠢᠯᠡᠭᠰᠡᠨ 《2025 ᠥᠪᠥᠷ ᠮᠣᠩᠭᠣᠯ᠎ᠤᠨ ᠠᠷᠠᠳ᠎ᠲᠤ ᠠᠰᠢᠭ᠋ ᠬᠦᠷᠲᠡᠭᠡᠬᠦ ᠺᠢᠨᠣ᠋ ᠦᠵᠡᠬᠦ ᠠᠵᠢᠯᠯᠠᠭ᠎ᠠ》 9 ᠰᠠᠷ᠎ᠠ᠎ᠶᠢᠨ 27᠎ᠤ ᠡᠳᠦᠷ ᠵᠢᠩᠬᠢᠨᠢ᠎ᠪᠡᠷ ᠡᠬᠢᠯᠡᠪᠡ᠃ ᠠᠵᠢᠯᠯᠠᠭ᠎ᠠ ᠨᠢ ᠤᠯᠤᠰ᠎ᠤᠨ ᠪᠠᠶᠠᠷ᠂ ᠨᠠᠢ᠍ᠮᠠᠨ ᠰᠠᠷ᠎ᠠ᠎ᠶᠢᠨ ᠲᠡᠷᠭᠡᠯ ᠪᠠᠶᠠᠷ᠂ ᠰᠢᠨ᠎ᠡ ᠵᠢᠯ ᠴᠠᠭᠠᠨ ᠰᠠᠷ᠎ᠠ ᠵᠡᠷᠭᠡ ᠪᠤᠰᠤᠳ ᠬᠠᠤᠯᠢ᠎ᠪᠠᠷ ᠲᠣᠭᠲᠠᠭᠠᠭᠰᠠᠨ ᠪᠠᠶᠠᠷ ᠳᠤᠷᠠᠰᠬᠠᠯ᠎ᠤᠨ ᠡᠳᠦᠷ ᠵᠢᠴᠢ 2026 ᠣᠨ᠎ᠤ ᠵᠣᠨ᠎ᠤ ᠠᠮᠠᠷᠠᠯᠲᠠ ᠳ᠋ᠤ ᠠᠩᠬᠠᠷᠤᠯ᠎ᠢᠶᠠᠨ ᠲᠥᠪᠯᠡᠷᠡᠭᠦᠯᠵᠦ᠂ 2025 ᠣᠨ᠎ᠤ 10 ᠰᠠᠷ᠎ᠠ᠎ᠶᠢᠨ 1 ᠎ᠦ ᠡᠳᠦᠷ᠎ᠡᠴᠡ ᠡᠬᠢᠯᠡᠨ ᠺᠢᠨᠣ᠋ ᠦᠵᠡᠬᠦ ᠨᠥᠬᠥᠪᠦᠷᠢ ᠳᠠᠷᠬᠠᠭᠠᠨ᠎ᠠ᠃ ᠠᠵᠢᠯᠯᠠᠭ᠎ᠠ ᠨᠢ 《ᠵᠠᠰᠠᠭ᠎ᠤᠨ ᠣᠷᠳᠣᠨ ᠪᠡᠯᠡ ᠭᠠᠷᠭᠠᠵᠤ᠂ ᠲᠠᠪᠴᠠᠩ ᠡᠴᠡ ᠪᠡᠯᠡ ᠲᠣᠬᠢᠷᠠᠭᠤᠯᠬᠤ》 ᠠᠷᠭ᠎ᠠ ᠠᠪᠴᠠᠯ ᠠᠪᠴᠤ᠂ ᠡᠯ᠎ᠡ ᠲᠥᠷᠥᠯ᠎ᠦᠨ ᠡᠬᠢ ᠪᠠᠶᠠᠯᠢᠭ᠋᠎ᠢ ᠬᠤᠷᠠᠮᠳᠤᠭᠤᠯᠤᠨ᠂ ᠠᠷᠠᠳ᠎ᠲᠤ ᠠᠰᠢᠭ᠋ ᠬᠦᠷᠲᠡᠭᠡᠬᠦ ᠨᠥᠬᠥᠪᠦᠷᠢ ᠪᠡᠯᠡ ᠮᠥᠩᠭᠥ᠎ᠶᠢ 1000 ᠲᠦᠮᠡᠨ ᠲᠥᠭᠥᠷᠢᠭ ᠣᠷᠣᠭᠤᠯᠵᠤ᠂ ᠦᠵᠡᠭᠴᠢᠳ᠎ᠤᠨ ᠠᠳᠠᠯᠢ ᠪᠤᠰᠤ ᠬᠤᠭᠤᠴᠠᠭᠠᠨ ᠳ᠋ᠤ ᠬᠠᠷᠠᠭᠠᠯᠵᠠᠯᠲᠤ ᠺᠢᠨᠣ᠋ ᠦᠵᠡᠭᠦ ᠵᠢ ᠪᠡᠶᠡᠯᠡᠭᠦᠯᠵᠦ᠂ ᠠᠷᠠᠳ ᠣᠯᠠᠨ᠎ᠤ ᠰᠣᠶᠣᠯ᠎ᠤᠨ ᠬᠦᠷᠲᠡᠮᠵᠢ᠎ᠶᠢᠨ ᠲᠥᠷᠥᠭᠳᠡᠯ᠂ ᠵᠣᠯ ᠵᠢᠷᠭᠠᠯᠲᠤ ᠲᠥᠷᠥᠭᠳᠡᠯ᠎ᠢ ᠲᠠᠰᠤᠷᠠᠯᠲᠠ ᠦᠭᠡᠢ ᠨᠡᠮᠡᠭᠳᠡᠭᠦᠯᠤᠨ᠎ᠠ᠃


8c96ab223094149e5d18088185ed2481.jpg


ᠲᠣᠰ ᠤᠳᠠᠭᠠᠨ᠎ᠤ ᠠᠵᠢᠯᠯᠠᠭ᠎ᠠ᠎ᠳᠤ ᠣᠯᠠᠨ ᠳᠠᠪᠬᠤᠷ ᠨᠥᠬᠥᠪᠦᠷᠢ ᠠᠰᠠᠷᠠᠮᠵᠢ ᠣᠯᠭᠣᠵᠤ᠂ ᠬᠡᠷᠡᠭᠯᠡᠭᠴᠢᠳ ᠬᠠᠮᠤᠭ ᠥᠨᠳᠥᠷ᠎ᠲᠡᠬᠡᠨ 60 ᠲᠥᠭᠥᠷᠢᠭ᠎ᠦᠨ ᠺᠢᠨᠣ᠋᠎ᠶᠢᠨ ᠬᠡᠷᠡᠭᠯᠡᠭᠡᠨ᠎ᠦ ᠲᠡᠮᠳᠡᠭᠲᠦ ᠤᠯᠵᠥ ᠪᠣᠯᠣᠨ᠎ᠠ᠃ ᠨᠥᠬᠥᠪᠦᠷᠢ ᠣᠯᠬᠤ ᠠᠷᠭ᠎ᠠ ᠵᠠᠮ ᠨᠢ ᠣᠯᠠᠨ ᠭᠣᠣᠯ ᠪᠣᠯᠬᠤ ᠲᠠᠪᠴᠠᠩ᠎ᠢ ᠬᠠᠮᠤᠷᠴᠤ᠂ ᠦᠵᠡᠭᠴᠢᠳ ᠲᠠᠯ᠎ᠠ ᠨᠤᠲᠤᠭ᠎ᠤᠨ ᠡᠭᠦᠯᠡ APP᠂ ᠮᠤᠤ ᠶᠠᠨ App᠂ ᠵᠢᠷᠬᠢᠶ᠎ᠡ App - ᠦᠢᠯᠡᠴᠢᠯᠡᠭᠡ - ᠺᠢᠨᠣ᠋ ᠲᠣᠭᠯᠠᠯᠲᠠ ᠵᠤᠭ᠎ᠠ ᠴᠡᠩᠭᠡᠯ ᠂ ᠮᠧᠶ ᠲᠣᠸᠠᠨ App - ᠺᠢᠨᠣ᠋ \ ᠲᠣᠭᠯᠠᠯᠲᠠ᠂ ᠳᠠ ᠵᠦᠩ ᠳ᠋ᠢᠶᠠᠨ ᠫᠢᠩ App - ᠺᠢᠨᠣ᠋ \ ᠲᠣᠭᠯᠠᠯᠲᠠ ᠵᠢᠴᠢ ᠲᠤᠤ ᠫᠢᠶᠤᠤ ᠫᠢᠶᠤᠤ APP᠂ ᡁᠢ ᠹᠦ ᠪᠤᠤ APP ( ᠲᠤᠤ ᠫᠢᠶᠤᠤ ᠫᠢᠶᠤᠤ ᠵᠢᠵᠢᠭ ᠫᠷᠣᠭ᠌ᠷᠠᠮ᠎ᠢ ᠪᠠᠭᠲᠠᠭᠠᠨ᠎ᠠ )᠂ ᠲᠤᠤ ᠪᠦᠦ APP (ᠲᠤᠤ ᠫᠢᠶᠤᠤ ᠫᠢᠶᠤᠤ ᠵᠢᠵᠢᠭ ᠫᠷᠣᠭ᠌ᠷᠠᠮ᠎ᠢ ᠪᠠᠭᠲᠠᠭᠠᠨ᠎ᠠ)᠂ ᠵᠢᠷᠬᠢᠶ᠎ᠡ APP - ᠲᠤᠤ ᠫᠢᠶᠤᠤ ᠫᠢᠶᠤᠤ ᠺᠢᠨᠣ᠋ ᠵᠢᠵᠢᠭ ᠫᠷᠣᠭ᠌ᠷᠠᠮ᠂ ᠴᠤᠤᠷᠢᠶ᠎ᠠ APP - ᠲᠤᠤ ᠫᠢᠶᠤᠤ ᠫᠢᠶᠤᠤ ᠵᠢᠵᠢᠭ ᠫᠷᠣᠭ᠌ᠷᠠᠮ᠂ ᠳᠠ ᠮᠠᠢ App - ᠺᠢᠨᠣ᠋᠎ᠶᠢᠨ ᠰᠤᠪᠠᠭ ᠵᠡᠷᠭᠡ ᠲᠠᠪᠴᠠᠩ ᠵᠢᠨᠷ ᠨᠦᠬᠦᠪᠦᠷᠢ ᠵᠢ ᠬᠦᠷᠲᠡᠵᠦ ᠪᠤᠯᠤᠨ᠎ᠠ᠃ ᠨᠥᠬᠥᠪᠦᠷᠢ ᠥᠭᠬᠦ ᠬᠦᠷᠢᠶ᠎ᠡ ᠬᠡᠪᠴᠢᠶ᠎ᠡ ᠨᠢ ᠥᠪᠥᠷ ᠮᠣᠩᠭᠣᠯ᠎ᠤᠨ ᠪᠦᠬᠦ ᠺᠢᠨᠣ᠋ ᠲᠢᠶᠠᠲᠷ᠎ᠢ ᠬᠠᠮᠤᠷᠴᠤ᠂ ᠬᠡᠷᠡᠭᠯᠡᠭᠡᠨ᠎ᠤ  ᠲᠡᠮᠳᠡᠭᠲᠤ ᠵᠢ ᠤᠯᠤᠬᠰᠠᠨ᠎ᠤ ᠳᠠᠷᠠᠭ᠎ᠠ ᠪᠢᠯᠧᠲ ᠬᠤᠳᠠᠯᠳᠤᠨ ᠠᠪᠬᠤ ᠦᠶ᠎ᠡ᠎ᠳᠦ ᠰᠢᠭᠤᠳ ᠰᠠᠭᠤᠯᠭᠠᠨ ᠪᠤᠳᠤᠵᠥ᠂ ᠺᠢᠨᠣ᠋ ᠦᠵᠡᠬᠦ᠎ᠳᠦ ᠲᠥᠬᠥᠮ ᠦᠵᠡᠭᠦᠯᠦᠨ᠎ᠡ᠃

ᠲᠣᠰ ᠤᠳᠠᠭᠠᠨ᠎ᠤ ᠠᠷᠠᠳ᠎ᠲᠤ ᠠᠰᠢᠭ᠋ ᠬᠦᠷᠲᠡᠭᠡᠬᠦ ᠺᠢᠨᠣ᠋ ᠦᠵᠡᠬᠦ ᠠᠵᠢᠯᠯᠠᠭ᠎ᠠ ᠨᠢ ᠰᠣᠶᠣᠯ᠎ᠢᠶᠠᠷ ᠠᠷᠠᠳ᠎ᠲᠤ ᠠᠰᠢᠭ᠋ ᠬᠦᠷᠲᠡᠭᠡᠬᠦ ᠲᠥᠷᠥ᠎ᠶᠢᠨ ᠪᠣᠳᠣᠯᠭ᠎ᠠ ᠬᠢᠭᠡᠳ ᠴᠢᠨᠠᠷ ᠰᠠᠢᠲᠠᠢ ᠺᠢᠨᠣ᠋ ᠲᠧᠯᠸᠢᠰ᠎ᠦᠨ ᠠᠭᠤᠯᠭ᠎ᠠ᠎ᠶᠢ ᠭᠦᠨᠵᠡᠭᠡᠢ ᠤᠶᠠᠯᠳᠤᠭᠤᠯᠵᠤ᠂ ᠣᠯᠠᠨ ᠲᠦᠮᠡᠨ᠎ᠦ ᠺᠢᠨᠣ᠋ ᠦᠵᠡᠬᠦ ᠦᠪᠡᠷ᠎ᠤᠨ ᠦᠷᠲᠡᠭ᠎ᠢ ᠪᠠᠭᠤᠷᠠᠭᠤᠯᠤᠭᠰᠠᠨ ᠮᠥᠷᠲᠡᠭᠡᠨ ᠪᠠᠰᠠ ᠰᠢᠯᠢᠳᠡᠭ ᠺᠢᠨᠣ᠋᠎ᠳᠤ ᠨᠠᠩ ᠥᠷᠭᠡᠨ ᠳᠡᠯᠭᠡᠷ ᠤᠯᠠᠮᠵᠢᠯᠠᠨ ᠲᠠᠷᠬᠠᠭᠠᠬᠤ ᠲᠠᠪᠴᠠᠩ ᠬᠠᠩᠭᠠᠭᠰᠠᠨ ᠪᠠᠢᠨ᠎ᠠ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号