ᠠᠯᠲᠠᠨ ᠨᠠᠮᠤᠷ᠎ᠤᠨ 9 ᠰᠠᠷ᠎ᠠ᠎ᠳᠤ᠂ ᠲᠥᠩᠯᠢᠶᠤᠤ ᠬᠤᠲᠠ ᠵᠢᠨ ᠨᠠᠢ᠍ᠮᠠᠨ ᠬᠣᠰᠢᠭᠤᠨ᠎ᠤ 《ᠠᠮᠲᠠᠲᠤ ᠲᠥᠮᠥᠰᠥ》 ᠵᠢᠨ ᠵᠢᠵᠢᠭ ᠪᠠᠯᠭᠠᠰᠤ ᠬᠡᠮᠡᠭᠳᠡᠭᠰᠡᠨ ᠴᠢᠩ ᠯᠦᠩ ᠱᠠᠨ ᠪᠠᠯᠭᠠᠰᠥ ᠡᠯᠪᠡᠭ ᠬᠤᠷᠢᠶᠠᠯᠲᠠ ᠶᠢᠨ ᠤᠯᠠᠷᠢᠯ ᠢᠶᠠᠨ ᠤᠭᠲᠤᠵᠠᠢ᠃ ᠲᠤᠰ ᠪᠠᠯᠭᠠᠰᠥᠨᠤ ᠠᠮᠳᠠᠳᠥ ᠲᠥᠮᠥᠰᠥ ᠵᠢᠨ ᠲᠠᠷᠢᠶᠠᠨ ᠳ᠋ᠤ ᠨᠤᠢᠳᠠᠨ ᠬᠥᠷᠥᠰᠥᠨ᠎ᠤ ᠦᠨᠦᠷ ᠰᠡᠩᠬᠢᠨᠡᠨ᠂ ᠲᠠᠷᠢᠶᠠᠯᠠᠩ᠎ᠤᠨ ᠮᠠᠰᠢᠨ᠎ᠤ ᠬᠦᠷᠴᠢᠭᠢᠨᠡᠨ ᠥᠩᠭᠡᠷᠡᠬᠥ ᠵᠢ ᠳᠠᠭᠠᠯᠳᠤᠨ᠂ ᠬᠦᠷᠡᠩ ᠬᠠᠯᠢᠰᠤᠲᠤ ᠠᠮᠲᠠᠲᠤ ᠲᠥᠮᠥᠰᠥ ᠬᠥᠷᠥᠰᠥᠨ ᠳᠤᠤᠷ᠎ᠠ ᠡᠴᠡ ᠴᠤᠬᠤ᠎ᠶ᠋ᠢᠨ ᠭᠠᠷᠴᠤ᠂ ᠠᠵᠢᠯᠴᠢᠳ ᠢᠯᠭᠠᠨ ᠰᠠᠯᠭᠠᠬᠤ᠂ ᠬᠠᠢᠷᠴᠠᠬᠯᠠᠬᠤ᠂ ᠳᠡᠭᠡᠭᠡᠪᠥᠷᠢᠯᠡᠬᠥ ᠵᠡᠷᠭᠡ ᠠᠵᠢᠯ᠎ᠢ ᠲᠠᠷᠢᠶᠠᠨ ᠳ᠋ᠤ ᠬᠥᠢᠴᠡᠳᠭᠡᠨ᠂ ᠬᠥᠮᠥᠰ᠎ᠦᠨ ᠪᠠᠬᠠᠷᠬᠠᠯ ᠢ ᠳᠠᠳᠠᠮ᠎ᠠ ᠨᠠᠮᠤᠷ᠎ᠤᠨ ᠡᠯᠪᠡᠭ ᠬᠤᠷᠢᠶᠠᠯᠲᠠ᠎ᠶᠢᠨ ᠦᠵᠡᠮᠵᠢ ᠬᠠᠷᠠᠭᠠᠨ᠎ᠳᠤ ᠲᠤᠳᠤᠷᠠᠨ᠎ᠠ᠃
ᠴᠢᠩ ᠯᠦᠩ ᠱᠠᠨ ᠪᠠᠯᠭᠠᠰᠤᠨ᠎ᠤ ᠠᠮᠲᠠᠲᠤ ᠲᠥᠮᠥᠰᠥᠨ᠎ᠤ ᠲᠠᠷᠢᠮᠠᠯ᠎ᠤᠨ ᠲᠣᠮᠣ᠌ ᠡᠷᠦᠬᠡ ᠢᠦᠢ ᠹᠧᠩ ᠵᠢᠶᠦ᠋ᠨ ᠥᠪᠡᠷ᠎ᠤᠨ ᠲᠠᠷᠢᠬᠰᠠᠨ《ᠬᠠᠮᠢ》ᠡᠭᠦᠯᠳᠡᠷ᠎ᠦᠨ ᠠᠮᠲᠠᠲᠤ ᠲᠥᠮᠥᠰᠥ ᠪᠠᠨ ᠭᠠᠷ ᠲᠠᠭᠠᠨ ᠠᠳᠬᠤᠵᠤ ᠬᠥᠨᠳᠥᠴᠠ ᠵᠢ ᠨᠢ ᠪᠠᠷᠤᠬᠯᠠᠬᠤ ᠵᠢᠨ ᠳᠠᠭᠠᠤ᠄ 《ᠡᠨᠡ ᠵᠢᠯ ᠡᠯᠪᠡᠭ ᠬᠤᠷᠢᠶᠠᠭᠰᠠᠨ ᠡ᠂ ᠡᠨᠡ ᠡᠭᠥᠯᠳᠡᠷᠦᠨ ᠠᠮᠲᠠᠲᠤ ᠲᠥᠮᠥᠰᠥᠨ᠎ᠤ ᠮᠦ᠍ ᠨᠢᠭᠡᠴᠢ ᠵᠢᠨ ᠤᠨᠠᠯᠲᠠ ᠨᠢ 4500 ᠵᠢᠩ ᠳ᠋ᠤ ᠬᠥᠷᠴᠥ᠂ ᠣᠳᠣ᠌ ᠡᠳᠦᠷ ᠪᠦᠷᠢ 40 ᠮᠦ᠍ ᠣᠷᠴᠢᠮ ᠬᠤᠷᠢᠶᠠᠵᠤ ᠪᠠᠢᠨ᠎ᠠ》 ᠭᠡᠵᠤ ᠰᠤᠷᠪᠤᠯᠵᠢᠯᠠᠭᠴᠢ᠎ᠳᠤ ᠬᠡᠯᠡᠵᠤ ᠪᠠᠢᠯ᠎ᠠ᠃
ᠡᠨᠡ ᠵᠢᠯ ᠪᠤᠯ ᠢᠦᠢ ᠹᠧᠩ ᠵᠢᠶᠦ᠋ᠨ᠎ᠦ ᠠᠮᠲᠠᠲᠤ ᠲᠥᠮᠥᠰᠥ ᠳᠠᠷᠢᠭ᠍ᠰᠠᠨ ᠶᠢᠰᠦᠳᠦᠭᠡᠷ ᠵᠢᠯ ᠪᠠᠢᠵᠤ᠂ 800 ᠮᠦ᠍ᠲᠠᠷᠢᠵᠠᠢ᠃ ᠲᠡᠷᠡ᠄《ᠡᠨᠡ ᠵᠢᠯ 〈ᠬᠠᠮᠢ〉 ᠠᠮᠳᠠᠳᠥ ᠲᠥᠮᠥᠰᠥ᠂ ᠶᠠᠨᠲ᠋ᠠᠢ ᠵᠢᠨ ᠠᠮᠳᠠᠳᠥ ᠲᠥᠮᠥᠰᠥ᠂ ᠵᠢᠵᠢᠭ ᠠᠮᠳᠠᠳᠥ ᠲᠥᠮᠥᠰᠥ ᠵᠡᠷᠭᠡ 5 ᠡᠭᠥᠯᠳᠡᠷᠢ ᠲᠠᠷᠢᠵᠠᠢ᠂ ᠡᠭᠦᠨ᠎ᠳᠦ ᠶᠠᠨᠲ᠋ᠠᠢ ᠵᠢᠨ ᠠᠮᠳᠠᠳᠥ ᠲᠥᠮᠥᠰᠥᠨ᠎ᠤ ᠤᠨᠠᠯᠲᠠ ᠪᠠᠷᠤᠭ 6000 ᠵᠢᠩ᠎ᠳᠦ ᠬᠦᠷᠴᠦ᠂ ᠵᠢᠵᠢᠭ ᠠᠮᠲᠠᠲᠤ ᠲᠥᠮᠥᠰᠥᠨ᠎ᠤ ᠤᠨᠠᠯᠲᠠ 3000 ᠵᠢᠩ ᠳ᠋ᠤ ᠬᠥᠷᠦᠨᠡ᠂ ᠲᠤᠰ ᠡᠭᠥᠯᠳᠡᠷᠤᠨ ᠠᠮᠳᠠᠳᠤ ᠲᠥᠮᠥᠰᠥ ᠬᠡᠳᠥᠢ᠎ᠪᠡᠷ ᠤᠨᠠᠯᠲᠠ ᠳᠣᠣᠷ᠎ᠠ ᠪᠣᠯᠪᠠᠴᠤ ᠦᠨ᠎ᠡ ᠨᠢ ᠵᠢᠩ᠎ᠳᠡᠭᠡᠨ 2 ᠲᠥᠭᠥᠷᠢᠭ᠎ᠲᠦ ᠬᠦᠷᠦᠨ᠎ᠡ》ᠭᠡᠵᠦ ᠥᠪᠡᠷ ᠤᠨ ᠳᠠᠷᠢᠭ᠍ᠰᠠᠨ ᠠᠮᠲᠠᠲᠤ ᠲᠥᠮᠥᠰᠥᠨ᠎ᠤ ᠪᠠᠨ ᠡᠭᠥᠯᠳᠡᠷᠵᠢᠡᠨ ᠲᠠᠨᠢᠯᠴᠠᠭᠤᠯᠤᠯ᠎ᠠ᠃
ᠴᠢᠩ ᠯᠦᠩ ᠱᠠᠨ ᠪᠠᠯᠭᠠᠰᠤᠨ᠎ᠤ ᠠᠮᠲᠠᠲᠤ ᠲᠥᠮᠥᠰᠥ ᠴᠢᠨᠠᠷ ᠰᠠᠢᠳᠠᠢ ᠪᠣᠯᠬᠣᠷ ᠠᠷᠠᠯᠵᠢᠶᠠᠴᠢᠳ᠎ᠤᠨ ᠲᠠᠭᠠᠰᠢᠶᠠᠯ᠎ᠢ ᠣᠯᠵᠤ᠂ ᠲᠠᠷᠢᠶᠠᠨ ᠵᠠᠬ᠎ᠠ ᠳ᠋ᠤᠨᠢ ᠢᠷᠡᠭᠡᠳ ᠬᠤᠳᠠᠯᠳᠤᠨ ᠠᠪᠲᠠᠭ ᠪᠠᠢᠪᠠ᠃ ᠡᠢᠨᠬᠦ ᠲᠡᠷᠭᠡᠨ᠎ᠳᠦ ᠲᠡᠭᠡᠭᠡᠬᠦ ᠪᠠ ᠵᠥᠭᠡᠭᠡᠪᠦᠷᠢᠯᠡᠬᠦ ᠵᠠᠷᠤᠳᠠᠯ᠎ᠢ ᠲᠠᠷᠢᠶᠠᠴᠢᠨ ᠡᠷᠥᠭᠡ ᠥᠪᠡᠷ᠎ᠢᠶᠡᠨ ᠡᠭᠦᠷᠭᠡᠯᠡᠬᠦ ᠴᠢᠬᠤᠯᠠ ᠦᠭᠡᠢ᠃ ᠢᠦᠢ ᠹᠧᠩ ᠵᠢᠶᠦ᠋ᠨ ᠪᠠᠰᠠ《ᠱᠸ᠋ ᠨᠢ ᠲᠢᠶᠠᠨ》 ᠭᠡᠬᠥ ᠠᠮᠲᠠᠲᠤ ᠲᠥᠮᠥᠰᠥᠨ᠎ᠤ ᠹᠧᠨᠲ᠋ᠢᠶᠤᠤᠷ᠎ᠤᠨ ᠲᠥᠷᠥᠯ ᠲᠡᠮᠳᠡᠭ᠎ᠢ ᠳᠠᠩᠰᠠᠯᠠᠨ᠂ ᠰᠢᠭᠤᠳ ᠪᠤᠷᠤᠯᠠᠭᠤᠯᠤᠭᠠᠳ ᠦᠯᠡᠳᠡᠭᠰᠡᠨ ᠠᠮᠲᠠᠲᠤ ᠲᠥᠮᠥᠰᠥ᠎ᠪᠡᠷ ᠵᠢᠡᠨ ᠹᠧᠨᠲ᠋ᠢᠶᠣᠤᠷ ᠥᠢᠯᠡᠳᠪᠥᠷᠢᠯᠡᠵᠤ᠂ ᠱᠠᠩᠬᠠᠢ᠂ ᠬᠠᠩᠵᠧᠦ᠂ ᠮᠥᠭᠳᠡᠨ ᠵᠡᠷᠭᠡ ᠭᠠᠵᠠᠷ᠎ᠲᠤ ᠪᠣᠷᠣᠯᠠᠭᠤᠯᠵᠤ ᠪᠠᠢᠨ᠎ᠠ᠃
ᠢᠦᠢ ᠹᠧᠩ ᠵᠢᠶᠦ᠋ᠨ᠄ 《ᠮᠢᠨᠤ ᠡᠨᠡ 800 ᠮᠦ᠍ ᠠᠮᠲᠠᠲᠤ ᠲᠥᠮᠥᠰᠥᠨ᠎ᠤ ᠮᠦ᠍ ᠨᠢᠭᠡᠴᠢ ᠵᠢᠨ ᠪᠥᠬᠥ ᠣᠷᠣᠯᠭ᠎ᠠ᠎ᠠᠴᠠ ᠡᠯ᠎ᠡ ᠵᠦᠢᠯ᠎ᠦᠨ ᠥᠪᠡᠷ᠎ᠦᠨ ᠥᠷᠲᠡᠭ᠎ᠢ ᠬᠠᠰᠤᠪᠠᠯ 3000 ᠲᠥᠭᠥᠷᠢᠭ᠎ᠡᠴᠡ ᠳᠡᠭᠡᠭᠰᠢ ᠴᠡᠪᠡᠷ ᠤᠷᠤᠯᠭ᠎ᠠ ᠥᠯᠡᠳᠡᠵᠤ᠂ ᠶᠠᠷᠥᠩᠬᠡᠢ ᠣᠷᠣᠯᠭ᠎ᠠ 200 ᠲᠦᠮᠡᠨ ᠲᠥᠭᠥᠷᠢᠭ᠎ᠢ ᠳᠡᠪᠠᠨᠠ》 ᠭᠡᠵᠦ ᠪᠠᠶᠠᠷᠯᠠᠬᠰᠠᠨ ᠰᠡᠳᠬᠢᠯ ᠵᠢᠨᠨ ᠳᠠᠷᠤᠵᠤ ᠶᠠᠳᠠᠨ ᠬᠡᠯᠡᠵᠤ ᠪᠠᠢᠯ᠎ᠠ᠃
ᠠᠮᠲᠠᠲᠤ ᠲᠥᠮᠥᠰᠥ ᠡᠯᠪᠡᠭ ᠬᠤᠷᠢᠶᠠᠯᠲᠠ ᠣᠯᠣᠭᠰᠠᠨ ᠨᠢ ᠮᠥᠨᠬᠦ ᠴᠢᠩ ᠯᠦᠩ ᠱᠠᠨ ᠪᠠᠯᠭᠠᠰᠤᠨ ᠤ ᠣᠯᠠᠨ ᠲᠦᠮᠡᠨ᠎ᠳᠦ ᠠᠵᠢᠯ ᠣᠯᠭᠣᠬᠤ ᠲᠣᠬᠢᠶᠠᠯ ᠬᠠᠩᠭᠠᠵᠠᠢ᠃ ᠲᠠᠷᠢᠶᠠᠨ ᠭᠠᠵᠠᠷ᠎ᠲᠤ ᠶᠠᠭᠠᠷᠠᠯᠲᠠᠢ ᠠᠵᠢᠯᠯᠠᠵᠤ ᠪᠠᠢᠭᠰᠠᠨ ᠴᠢᠩ ᠯᠦᠩ ᠱᠠᠨ ᠪᠠᠯᠭᠠᠰᠤᠨ᠎ᠤ ᠰᠧ ᠢ ᠲᠣᠰᠬᠣᠨ᠎ᠤ ᠠᠷᠠᠳ ᠢᠦᠢ ᠼᠦᠢ ᠰᠢᠨ᠄ 《ᠡᠨᠡ ᠵᠢᠯ ᠠᠮᠲᠠᠲᠤ ᠲᠥᠮᠥᠰᠥ ᠡᠯᠪᠡᠭ ᠬᠤᠷᠢᠶᠠᠯᠲᠠ ᠤᠯᠤᠬᠰᠠᠨ ᠨᠢ ᠮᠠᠨ ᠳ᠋ᠤ ᠤᠷᠤᠯᠭ᠎ᠠ ᠣᠯᠬᠤ ᠳᠤᠬᠢᠶᠠᠯ ᠬᠠᠩᠭᠠᠯ᠎ᠠ᠂ ᠡᠨᠳᠡ ᠨᠢᠭᠡ ᠡᠳᠦᠷ ᠠᠵᠢᠯᠯᠠᠪᠠᠯ 200 ᠰᠢᠬᠠᠮ ᠲᠥᠭᠥᠷᠢᠭ ᠣᠯᠣᠨ᠎ᠠ᠂ ᠡᠭᠥᠳᠡᠨ ᠡᠮᠥᠨ᠎ᠡ ᠪᠠᠨ ᠠᠵᠢᠯᠯᠠᠬᠤ ᠨᠢ ᠭᠡᠷ ᠪᠦᠯᠢ᠎ᠪᠡᠨ ᠬᠠᠷᠠᠭᠠᠯᠵᠠᠬᠤ᠎ᠳᠤ ᠲᠦᠭᠦᠮ ᠮᠥᠷᠲᠡᠭᠡᠨ ᠣᠷᠣᠯᠭ᠎ᠠ᠎ᠪᠠᠨ ᠴᠤ᠌ ᠨᠡᠮᠡᠭᠳᠡᠭᠦᠯᠵᠦ ᠳᠡᠢᠯᠥᠨᠡ》 ᠭᠡᠵᠦ ᠪᠠᠶᠠᠷᠲᠠᠢ ᠬᠡᠯᠡᠵᠤ ᠪᠠᠢᠯ᠎ᠠ᠃
ᠣᠢᠷ᠎ᠠ᠎ᠶᠢᠨ ᠵᠢᠯ᠎ᠡᠴᠡ ᠨᠠᠭᠠᠰᠢ᠂ ᠴᠢᠩ ᠯᠦᠩ ᠱᠠᠨ ᠪᠠᠯᠭᠠᠰᠤ ᠭᠠᠵᠠᠷ ᠵᠦᠢ ᠪᠣᠯᠣᠨ ᠠᠭᠤᠷ ᠠᠮᠢᠰᠬᠤᠯ᠎ᠤᠨ ᠳᠠᠪᠠᠭᠤᠯᠢᠭ᠋᠎ᠢᠶᠠᠨ ᠭᠦᠢᠴᠡᠳ ᠪᠠᠳᠠᠷᠠᠭᠤᠯᠵᠤ᠂ ᠵᠠᠬ᠎ᠠ ᠳᠡᠯᠭᠡᠭᠦᠷ᠎ᠲᠦ ᠬᠦᠷᠢᠶᠡᠯᠡᠯ ᠲᠠᠢ ᠵᠣᠬᠢᠴᠠᠬᠤ ᠴᠢᠨᠠᠷ᠎ᠢᠶᠠᠷ ᠴᠢᠩᠭ᠎ᠠ ᠰᠢᠯᠢᠳᠡᠭ ᠰᠠᠢᠨ ᠠᠮᠲᠠᠲᠤ ᠲᠥᠮᠥᠰᠥᠨ᠎ᠤ ᠲᠦᠷᠦᠯ ᠵᠦᠢᠯ᠎ᠢ ᠢᠳᠡᠪᠬᠢᠲᠡᠢ ᠣᠷᠣᠭᠤᠯᠤᠨ ᠠᠪᠴᠢᠷᠠᠵᠤ ᠳᠡᠯᠭᠡᠷᠡᠭᠦᠯᠵᠡᠢ᠃ ᠰᠢᠨᠵᠢᠯᠡᠬᠦ ᠤᠬᠠᠭᠠᠨᠴᠢ᠎ᠪᠠᠷ ᠲᠠᠷᠢᠬᠤ ᠪᠠ ᠪᠠᠷᠢᠮᠵᠢᠶᠠᠵᠢᠭᠤᠯᠤᠨ ᠠᠷᠠᠴᠢᠯᠠᠬᠤ᠎ᠪᠠᠷ ᠳᠠᠮᠵᠢᠭᠤᠯᠤᠨ᠂ ᠠᠮᠲᠠᠲᠠᠢ ᠪᠦᠭᠡᠳ ᠴᠢᠨᠠᠷ ᠰᠠᠢᠳᠠᠢ ᠠᠮᠲᠠᠲᠤ ᠲᠥᠮᠥᠰᠥ ᠵᠢ ᠪᠣᠢᠵᠢᠭᠤᠯᠵᠤ᠂ ᠬᠡᠪᠴᠢᠶᠡᠵᠢᠭᠦᠯᠦᠨ ᠲᠠᠷᠢᠬᠤ᠂ ᠨᠠᠷᠢᠯᠢᠭ᠋ ᠡᠳ᠋ᠰᠢᠭᠥᠯᠬᠥ᠂ ᠤᠯᠠᠨ ᠠᠷᠭ᠎ᠠ ᠵᠠᠮ ᠢᠶᠠᠷ ᠪᠣᠷᠣᠯᠠᠭᠤᠯᠬᠤ᠎ᠶᠢ ᠨᠢᠭᠡ ᠴᠣᠭᠴᠠᠵᠢᠭᠤᠯᠤᠭᠰᠠᠨ ᠣᠳᠣᠬᠢᠴᠢᠯᠠᠭᠰᠠᠨ ᠠᠵᠤ ᠦᠢᠯᠡᠰ ᠦᠨ ᠬᠡᠯᠬᠢᠶ᠎ᠡ᠎ᠶᠢ ᠠᠯᠬᠤᠮ ᠠᠯᠬᠤᠮ᠎ᠢᠶᠠᠷ ᠪᠦᠷᠢᠯᠳᠦᠭᠦᠯᠥᠨ᠂ ᠲᠠᠷᠢᠶᠠᠯᠠᠩ᠎ᠤᠨ ᠶᠠᠰᠤ ᠴᠢᠨᠠᠷ ᠢ ᠳᠡᠭᠡᠭᠰᠢᠯᠡᠭᠦᠯᠦᠨ ᠦᠷ᠎ᠡ ᠠᠰᠢᠭ᠋᠎ᠢ ᠨᠡᠮᠡᠭᠳᠡᠭᠦᠯᠬᠦ ᠪᠠ ᠲᠠᠷᠢᠶᠠᠴᠢᠳ᠎ᠤᠨ ᠣᠷᠣᠯᠭ᠎ᠠ᠎ᠶᠢ ᠦᠷᠭᠦᠯᠵᠢᠯᠡᠨ ᠨᠡᠮᠡᠭᠳᠡᠭᠦᠯᠬᠦ᠎ᠳᠦ ᠪᠠᠲᠤ ᠰᠠᠭᠤᠷᠢ᠎ᠶᠢ ᠲᠠᠯᠪᠢᠭ᠍ᠰᠠᠨ ᠪᠠᠢᠨ᠎ᠠ᠃
ᠡᠨᠡ ᠵᠢᠯ᠂ ᠴᠢᠩ ᠯᠥᠩ ᠱᠠᠨ ᠪᠠᠯᠭᠠᠰᠤᠨ᠎ᠤ ᠠᠮᠲᠠᠲᠤ ᠲᠥᠮᠥᠰᠥ ᠳᠠᠷᠢᠬᠰᠠᠨ ᠲᠠᠯᠠᠪᠠᠶ 2.5 ᠲᠦᠮᠡᠨ ᠮᠦ᠍᠎ᠳᠦ ᠬᠦᠷᠴᠡᠢ᠃ ᠵᠢᠵᠢᠭᠬᠡᠨ ᠠᠮᠲᠠᠲᠤ ᠲᠥᠮᠥᠰᠥ ᠴᠢᠨᠠᠷ ᠴᠢᠨᠰᠠᠭ᠎ᠠ ᠪᠣᠯᠣᠨ ᠲᠦᠷᠦᠯ ᠲᠡᠮᠳᠡᠭ᠎ᠦᠨ ᠳᠤᠯᠭᠠᠭᠤᠷᠢᠯᠠᠯ ᠳ᠋ᠤ ᠲᠥᠰᠢᠭᠯᠡᠨ᠂ ᠲᠤᠰ ᠪᠠᠯᠭᠠᠰᠤᠨ᠎ᠤ ᠪᠣᠬᠢᠷᠲᠤᠯ ᠦᠭᠡᠢ ᠰᠠᠭᠤᠷᠢᠨ᠎ᠠᠴᠠ ᠪᠦᠬᠦ ᠤᠯᠤᠰ᠎ᠤᠨ ᠡᠯ᠎ᠡ ᠭᠠᠵᠠᠷ᠎ᠤᠨ ᠬᠡᠷᠡᠭᠯᠡᠭᠴᠢᠳ᠎ᠦᠨ ᠬᠣᠭᠣᠯᠠᠨ ᠰᠢᠷᠡᠭᠡᠨ᠎ᠳᠦ ᠬᠦᠷᠭᠡᠭᠳᠡᠵᠤ᠂ ᠨᠠᠢ᠍ᠮᠠᠨ᠎ᠤ ᠠᠮᠲᠠᠲᠤ ᠲᠥᠮᠥᠰᠥ᠎ᠶᠢ ᠦᠷᠭᠦᠯᠵᠢᠯᠡᠨ ᠠᠯᠳᠠᠷᠰᠢᠭᠤᠯᠬᠤ ᠪᠤᠯᠤᠨ᠎ᠠ᠃