— ᠥᠪᠥᠷ ᠮᠣᠩᠭᠤᠯ ᠤ᠋ᠨ ᠦᠨᠳᠦᠰᠦᠨ ᠱᠠᠲᠤᠨ ᠤ᠋ ᠵᠠᠰᠠᠯᠲᠠ ᠶ᠋ᠢᠨ ᠱᠢᠨᠡᠵᠢ ᠡᠬᠦᠳᠦᠭᠰᠡᠨ ᠦᠶ᠋ᠯᠡᠳᠦᠯᠭᠡ (ᠨᠢᠭᠡ)
ᠪᠦᠷᠦᠶ ᠲᠠᠰᠤᠷᠠᠬᠤᠶᠠ ᠬᠥᠬᠡᠬᠤᠲᠠ ᠶ᠋ᠢᠨ ᠱᠢᠨ᠎ᠡ ᠬᠤᠲᠠ ᠲᠣᠭᠤᠷᠢᠭ ᠤ᠋ᠨ ᠱᠢᠨ ᠶᠠ ᠨᠡᠢᠭᠡᠮ ᠲᠣᠭᠤᠷᠢᠭ ᠤ᠋ᠨ 20 ᠴᠣ ᠱᠢᠨ᠎ᠡ ᠵᠠᠮ ᠤ᠋ᠨ ᠳ᠋ᠧᠩ ᠳᠠᠷᠠᠭᠠᠯᠠᠨ ᠠᠰᠠᠵᠤ᠂ ᠰᠠᠭᠤᠭᠠᠯᠢ ᠠᠷᠠᠳ ᠤ᠋ᠨ ᠰᠥᠨᠢ ᠪᠡᠷ ᠶᠠᠪᠤᠵᠤ ᠰᠠᠭᠤᠬᠤ ᠵᠠᠮ ᠢ᠋ ᠭᠡᠷᠡᠯᠲᠦᠭᠦᠯᠪᠡ᠃
《ᠤᠤᠯ ᠨᠢ ᠤᠷᠤᠢ ᠳ᠋ᠠᠭᠠᠨ ᠭᠠᠳᠠᠨ᠎ᠠ ᠫᠠᠳ ᠬᠠᠷᠠᠨᠭᠭᠤᠢ᠂ ᠭᠠᠳᠠᠭᠤᠷ ᠲᠣᠭᠤᠷᠢᠬᠤ ᠳ᠋ᠠᠭᠠᠨ ᠭᠠᠷ ᠳ᠋ᠧᠩ ᠠᠪᠴᠤ᠌ ᠶᠠᠪᠤᠳᠠᠭ ᠪᠠᠢᠭ᠍ᠰᠠᠨ ᠶᠤᠮ᠃ ᠤᠳᠤ ᠵᠠᠮ ᠤ᠋ᠨ ᠳ᠋ᠧᠩ ᠬᠡᠷᠡᠯᠲᠦᠨ᠂ ᠬᠢᠨᠠᠨ ᠡᠵᠡᠮᠰᠢᠬᠦ ᠲᠥᠬᠦᠭᠡᠷᠦᠮᠵᠢ ᠤᠭ᠍ᠰᠠᠷᠠᠵᠤ᠂ ᠰᠡᠯᠡᠭᠦᠴᠡᠵᠦ ᠲᠤᠭᠤᠷᠢᠬᠤ ᠳ᠋ᠤ ᠰᠠᠨᠠᠭ᠎ᠠ ᠠᠮᠤᠷ ᠪᠣᠯᠵᠠᠢ》 ᠭᠡᠵᠦ ᠰᠠᠭᠤᠭᠠᠯᠢ ᠠᠷᠠᠳ ᠵᠠᠩ ᠨᠠᠰᠤᠲᠠᠨ ᠥᠪᠡᠷ ᠤᠨ ᠡᠷᠬᠡ ᠦᠭᠡᠢ ᠡᠷᠡᠬᠡᠶ ᠭᠠᠷᠭᠠᠨ ᠮᠠᠭᠲᠠᠨ᠎ᠠ᠃
ᠬᠥᠬᠡᠬᠤᠲᠠ ᠶ᠋ᠢᠨ ᠬᠡᠷᠡᠭ᠌ᠵᠢᠭᠦᠯᠦᠭ᠌ᠰᠡᠨ 《ᠲᠣᠰᠭᠤᠨ ᠪᠠ ᠨᠡᠢᠭᠡᠮ ᠲᠤᠭᠤᠷᠢᠭ ᠡᠴᠡ ᠱᠦᠭ᠌ᠯᠦ ᠦᠯᠢᠶᠡᠬᠦ᠌》 ᠬᠦᠰᠡᠯ ᠱᠠᠭᠠᠷᠳᠠᠯᠭ᠎ᠠ ᠳᠤᠷᠠᠳᠬᠤ ᠡᠴᠡ ᠡᠮᠦᠨ᠎ᠡ ᠱᠢᠶ᠋ᠳᠪᠦᠷᠢᠯᠡᠬᠦ᠌ ᠲᠣᠭ᠍ᠲᠠᠴᠠ ᠶ᠋ᠢᠨ ᠦᠢᠯᠡᠳᠦᠯ ᠡᠴᠡ ᠪᠤᠯᠵᠤ᠂ ᠱᠢᠨ ᠶᠠ ᠨᠡᠢᠭᠡᠮ ᠲᠣᠭᠤᠷᠢᠭ ᠤ᠋ᠨ 《ᠱᠦᠭ᠌ᠯᠦ ᠦᠯᠢᠶᠡᠵᠦ》 ᠳᠡᠭᠡᠭ᠌ᠰᠢ ᠮᠡᠳᠡᠭᠦᠯᠦᠭ᠌ᠰᠡᠨ ᠬᠠᠮᠢᠶ᠎ᠠ ᠪᠥᠬᠦᠶ ᠠᠰᠠᠭᠤᠳᠠᠯ ᠨᠢ ᠮᠠᠰᠢ ᠲᠦᠷᠭᠡᠨ ᠬᠠᠷᠢᠭᠤ ᠲᠤᠰᠭᠠᠯ ᠣᠯᠵᠤ᠂ ᠱᠢᠨ᠎ᠡ ᠬᠤᠲᠠ ᠲᠣᠭᠤᠷᠢᠭ ᠤ᠋ᠨ ᠣᠷᠣᠨ ᠰᠠᠭᠤᠴᠠ ᠪᠠ ᠬᠤᠲᠠ ᠬᠥᠳᠡᠭᠡ ᠶ᠋ᠢᠨ ᠪᠥᠲᠥᠭᠡᠨ ᠪᠠᠢᠭᠤᠯᠤᠯᠲᠠ ᠶ᠋ᠢᠨ ᠰᠠᠯᠠᠭ᠎ᠠ ᠮᠥᠴᠢᠷ ᠬᠤᠶᠠᠷ ᠭᠠᠷᠠᠭ ᠤ᠋ᠨ ᠳᠣᠲᠣᠷ᠎ᠠ ᠨᠡᠢᠭᠡᠮ ᠲᠣᠭᠤᠷᠢᠭ ᠲᠦ᠍ 20 ᠵᠠᠮ ᠤ᠋ᠨ ᠳ᠋ᠧᠩ ᠲᠠᠭᠠᠷᠠᠭᠤᠯᠤᠭ᠍ᠰᠠᠨ ᠪᠥᠭᠡᠳ ᠬᠢᠨᠠᠨ ᠡᠵᠡᠮᠰᠢᠬᠦ ᠪᠠ ᠨᠡᠢᠲᠡ ᠶ᠋ᠢᠨ ᠵᠣᠷᠯᠣᠩ ᠤ᠋ᠨ ᠲᠥᠬᠦᠭᠡᠷᠦᠮᠵᠢᠶ᠋ᠢ ᠬᠠᠮᠲᠤ ᠳ᠋ᠤᠨᠢ ᠲᠡᠭᠦᠯᠳᠡᠷᠵᠢᠭᠦᠯᠪᠡ᠃
ᠣᠳᠣᠬᠠᠨ ᠳ᠋ᠤ ᠲᠣᠰᠭᠤᠨ (ᠨᠡᠢᠭᠡᠮ ᠲᠣᠭᠤᠷᠢᠭ) ᠡᠴᠡ 《ᠱᠦᠭ᠌ᠯᠦ ᠦᠯᠢᠶᠡᠵᠦ᠍ ᠠᠰᠠᠭᠤᠳᠠᠯ ᠮᠡᠳᠡᠭᠦᠯᠵᠦ》᠂ ᠬᠤᠯᠪᠣᠭᠠᠯᠠᠨ ᠬᠥᠳᠡᠯᠦᠯᠴᠡᠬᠦ᠌ ᠰᠠᠯᠠᠭ᠎ᠠ ᠮᠥᠴᠢᠷ ᠡᠴᠡ 《ᠨᠡᠷ᠎ᠡ ᠮᠡᠳᠡᠭᠦᠯᠵᠦ᠍ ᠭᠦᠶ᠋ᠴᠡᠳᠭᠡᠬᠦ᠌》 ᠨᠢ ᠨᠢᠭᠡᠨᠲᠡ ᠬᠥᠬᠡᠬᠤᠲᠠ ᠶ᠋ᠢᠨ ᠦᠨᠳᠦᠰᠦᠨ ᠱᠠᠲᠤᠨ ᠤ᠋ ᠵᠠᠰᠠᠯᠲᠠ ᠶ᠋ᠢᠨ ᠠᠵᠢᠯ ᠤ᠋ᠨ ᠱᠢᠨ᠎ᠡ ᠬᠡᠪ ᠪᠠᠢᠳᠠᠯ ᠪᠣᠯᠵᠠᠶ᠃ ᠲᠤᠤᠭᠠᠷᠪᠠᠯ ᠲᠠᠭᠤ ᠨᠢᠭᠡᠳᠠᠢ ᠲᠤᠭᠳᠤᠷᠪᠠᠯ ᠬᠦᠴᠤ ᠨᠢᠭᠡᠳᠠᠢ ᠭᠡᠳᠡᠭᠴᠢᠯᠠᠨ 《ᠱᠦᠭ᠌ᠯᠦ》 ᠶ᠋ᠢᠨ ᠳᠠᠭᠤᠨᠳ᠋ᠤ ᠬᠦᠰᠢᠭᠦᠷᠭᠡ ᠶ᠋ᠢᠨ ᠦᠢᠯᠡᠳᠦᠯ ᠵᠢᠡᠨ ᠭᠡᠷᠬᠢᠨ ᠪᠠᠳᠠᠷᠠᠭᠤᠯᠪᠠ?ᠣᠢᠷ᠎ᠠ ᠳ᠋ᠤ ᠰᠤᠷᠪᠤᠯᠵᠢᠯᠠᠭ᠍ᠴᠢ ᠬᠥᠬᠡᠬᠤᠲᠠ ᠶ᠋ᠢᠨ ᠦᠨᠳᠦᠰᠦᠨ ᠱᠠᠲᠤᠨ ᠤ᠋ ᠨᠢᠭᠡᠳᠦᠭᠡᠷ ᠹᠷᠣᠨᠲ ᠲᠦ᠍ ᠭᠦᠨᠵᠡᠭᠡᠢᠷᠡᠨ ᠲᠤᠬᠠᠶ ᠶ᠋ᠢᠨ ᠭᠠᠵᠠᠷ ᠲᠦ᠍ ᠪᠤᠳᠠᠳᠠᠢ ᠰᠤᠷᠪᠤᠯᠵᠢᠯᠠᠪᠠ᠃
ᠵᠠᠮ ᠰᠤᠪᠠᠭ ᠢ᠋ ᠰᠠᠭᠠᠳ ᠥᠬᠡᠶ ᠨᠡᠪᠲᠡᠷᠡᠭᠦᠯᠪᠠ
ᠡᠨᠡ ᠵᠢᠯ ᠤ᠋ᠨ 1 ᠰᠠᠷ᠎ᠠ ᠪᠣᠯᠲᠠᠯ᠎ᠠ ᠬᠥᠬᠡᠬᠤᠲᠠ ᠶ᠋ᠢᠨ ᠱᠢᠨ᠎ᠡ ᠬᠤᠲᠠ ᠲᠣᠭᠤᠷᠢᠭ ᠤ᠋ᠨ ᠱᠢᠨ ᠮᠢᠨ ᠨᠡᠢᠭᠡᠮ ᠲᠣᠭᠤᠷᠢᠭ ᠤ᠋ᠨ ᠠᠵᠢᠯᠲᠠᠨ ᠡᠳᠦᠷ ᠲᠤᠲᠤᠮ ᠤ᠋ᠨ ᠲᠣᠭᠤᠷᠢᠨ ᠪᠠᠢᠴᠠᠭᠠᠯᠲᠠ ᠬᠢᠬᠦ᠌ᠳᠡᠭᠡᠨ ᠱᠢᠨ ᠮᠢᠨ ᠨᠡᠢᠭᠡᠮ ᠲᠣᠭᠤᠷᠢᠭ ᠤ᠋ᠨ 7 ᠳ᠋ᠦ᠍ᠭᠠᠷ ᠲᠣᠭᠤᠷᠢᠭ᠂ 8 ᠳ᠋ᠤᠭᠠᠷ ᠲᠣᠭᠤᠷᠢᠭ ᠤ᠋ᠨ ᠵᠠᠷᠢᠮ ᠬᠤᠳᠠᠯᠳᠤᠭᠠᠨ ᠤ᠋ ᠡᠷᠦᠬᠡ ᠵᠠᠮ ᠡᠵᠡᠯᠡᠨ ᠡᠵᠡᠩᠨᠡᠬᠦ᠌ ᠦᠵᠡᠭ᠌ᠳᠡᠯ ᠣᠷᠣᠱᠢᠵᠤ᠂ ᠬᠥᠮᠦᠨ ᠶᠠᠪᠤᠬᠤ ᠵᠠᠮ ᠱᠢᠬᠠᠭ᠍ᠳᠠᠨ ᠡᠵᠡᠯᠡᠭ᠌ᠳᠡᠵᠦ᠍᠂ ᠰᠠᠭᠤᠭᠠᠯᠢ ᠠᠷᠠᠳ ᠤ᠋ᠨ ᠡᠳᠦᠷ ᠲᠤᠲᠤᠮ ᠤ᠋ᠨ ᠶᠠᠪᠤᠵᠤ ᠰᠠᠭᠤᠬᠤ ᠳ᠋ᠤ ᠲᠤᠢᠯ ᠤ᠋ᠨ ᠳᠥᠭᠦᠮ ᠦᠭᠡᠢ ᠪᠠᠢᠬᠤ ᠵᠢ ᠤᠯᠵᠤ ᠮᠡᠳᠡᠪᠡ᠃
ᠠᠰᠠᠭᠤᠳᠠᠯ ᠢ᠋ ᠢᠯᠡᠷᠡᠭᠦᠯᠦᠭ᠌ᠰᠡᠨ ᠤ᠋ ᠳᠠᠷᠠᠭ᠎ᠠ ᠨᠡᠢᠭᠡᠮ ᠲᠣᠭᠤᠷᠢᠭ ᠤ᠋ᠨ ᠠᠵᠢᠯᠲᠠᠳ ᠦᠳᠲᠡᠷ ᠲᠦᠷᠭᠡᠨ ᠬᠥᠳᠡᠯᠦᠯᠴᠡᠪᠡ᠃ ᠨᠡᠢᠭᠡᠮ ᠲᠣᠭᠤᠷᠢᠭ ᠤ᠋ᠨ ᠨᠠᠮ ᠤ᠋ᠨ ᠡᠭᠦᠷ ᠤ᠋ᠨ ᠱᠦᠵᠢ ᠸᠧᠶ ᠲᠤᠤ ᠲᠡᠷᠡ ᠳᠠᠷᠤᠶ ᠳ᠋ᠤᠨᠢ 《ᠱᠦᠭ᠌ᠯᠦ ᠦᠯᠢᠶᠡᠵᠦ᠍ ᠳᠡᠭᠡᠭᠰᠢ ᠮᠡᠳᠡᠭᠦᠯᠬᠦ᠌》 ᠱᠢᠰᠲ᠋ᠧᠮ ᠢ᠋ᠶ᠋ᠡᠷ ᠳᠠᠮᠵᠢᠭᠤᠯᠤᠨ ᠬᠤᠲᠠ ᠶ᠋ᠢᠨ ᠬᠠᠮᠢᠶᠠᠷᠤᠯᠲᠠ ᠶ᠋ᠢᠨ ᠰᠠᠯᠠᠭ᠎ᠠ ᠮᠥᠴᠢᠷ ᠲᠦ᠍ ᠤᠷᠢᠳᠴᠢᠯᠠᠨ ᠰᠡᠷᠡᠮᠵᠢᠯᠡᠭᠦᠯᠪᠡ᠃ ᠱᠢᠨ᠎ᠡ ᠬᠤᠲᠠ ᠲᠣᠭᠤᠷᠢᠭ ᠤ᠋ᠨ ᠬᠤᠲᠠ ᠶ᠋ᠢᠨ ᠬᠠᠮᠢᠶᠠᠷᠤᠯᠲᠠ ᠶ᠋ᠢᠨ ᠶᠡᠷᠦᠩᠬᠡᠢᠯᠡᠭ᠌ᠰᠡᠨ ᠬᠠᠤᠯᠢ ᠬᠡᠷᠡᠭ᠌ᠵᠢᠭᠦᠯᠬᠦ᠌ ᠲᠣᠪᠴᠢᠶ᠎ᠠ ᠵᠢᠨ ᠠᠵᠢᠯᠳᠠᠳ《ᠱᠦᠭ᠌ᠯᠦ ᠶ᠋ᠢᠨ ᠰᠡᠷᠡᠮᠵᠢᠯᠡᠭᠦᠯᠦᠯ》 ᠢ᠋ ᠣᠯᠤᠭ᠍ᠰᠠᠨ ᠤ᠋ ᠳᠠᠷᠠᠭ᠎ᠠ ᠳᠠᠷᠤᠶ ᠳ᠋ᠤᠨᠢ ᠲᠤᠬᠠᠶ ᠶ᠋ᠢᠨ ᠲᠠᠯᠠᠪᠠᠶ ᠳ᠋ᠤ ᠬᠥᠷᠪᠡ᠃ ᠬᠠᠤᠯᠢ ᠬᠡᠷᠡᠭ᠌ᠵᠢᠭᠦᠯᠬᠦ᠌ ᠠᠵᠢᠯᠲᠠᠳ ᠬᠠᠮᠢᠶ᠎ᠠ ᠪᠦᠬᠦᠢ ᠬᠠᠤᠯᠢ ᠴᠠᠭᠠᠵᠠ ᠬᠠᠤᠯᠢ ᠲᠣᠭ᠍ᠲᠠᠭᠠᠯ ᠢ᠋ ᠦᠨᠳᠦᠰᠦᠯᠡᠨ ᠲᠣᠭ᠍ᠲᠠᠭᠠᠯ ᠡᠴᠡ ᠵᠥᠷᠢᠴᠡᠨ ᠵᠠᠮ ᠡᠵᠡᠯᠡᠨ ᠡᠵᠡᠩᠨᠡᠵᠦ᠍ ᠪᠠᠢᠭ᠎ᠠ ᠬᠤᠳᠠᠯᠳᠤᠭᠠᠴᠢᠳᠢ ᠢᠳᠬᠠᠨ ᠬᠦᠮᠦᠵᠢᠭᠦᠯᠦᠨ ᠬᠥᠲᠥᠯᠥᠨ ᠵᠢᠯᠣᠭᠤᠳᠴᠤ᠂ ᠲᠡᠳᠡᠨ ᠤ᠋ ᠠᠵᠢᠯᠯᠠᠭ᠎ᠠ ᠶ᠋ᠢᠨ ᠠᠪᠴᠢᠷᠠᠵᠤ ᠮᠡᠳᠡᠬᠦ᠌ ᠠᠮᠤᠷ ᠲᠦᠪᠱᠢᠨ ᠤ᠋ ᠭᠡᠮ ᠰᠤᠭᠤᠭ ᠪᠣᠯᠤᠨ ᠮᠠᠭᠤ ᠨᠥᠯᠥᠭᠡᠶ᠋ᠢ ᠬᠦᠯᠢᠴᠡᠩᠭᠦᠶ ᠪᠡᠷ ᠮᠡᠳᠡᠭ᠌ᠳᠡᠬᠦ᠌ ᠶ᠋ᠢᠨ ᠬᠠᠮᠲᠤ ᠬᠤᠳᠠᠯᠳᠤᠭᠠᠴᠢᠳ ᠬᠠᠪᠰᠤᠷᠤᠨ ᠵᠠᠮ ᠡᠵᠡᠯᠡᠭ᠌ᠰᠡᠨ ᠡᠳ᠋ ᠪᠣᠳᠠᠰ ᠢ᠋ ᠨᠢ ᠳᠡᠯᠭᠡᠭᠦᠷ ᠲᠤᠨᠢ ᠨᠡᠭᠦᠯᠭᠡᠵᠦ᠍᠂ ᠵᠠᠮ ᠤ᠋ᠨ ᠰᠠᠭᠠᠳ ᠦᠭᠡᠶ ᠨᠡᠪᠲᠡᠷᠡᠬᠦ᠌ᠶ᠋ᠢ ᠠᠬᠢᠭᠤᠯᠪᠠ᠃
ᠡᠨᠡ ᠵᠢᠯ ᠡᠴᠡ ᠦᠨᠳᠦᠰᠦᠨ ᠱᠠᠲᠤᠨ ᠤ᠋ 《ᠤᠯᠵᠤ ᠮᠡᠳᠡᠭᠰᠡᠨ ᠠᠰᠠᠭᠤᠳᠠᠯ ᠢ᠋ ᠬᠠᠮᠢᠶᠠᠷᠴᠤ ᠳᠡᠢᠯᠬᠦ ᠦᠭᠡᠢ᠂ ᠬᠠᠮᠢᠶᠠᠷᠴᠤ ᠳᠡᠢᠯᠬᠦ ᠠᠰᠠᠭᠤᠳᠠᠯ ᠢ᠋ ᠤᠯᠵᠤ ᠮᠡᠳᠡᠬᠦ ᠦᠭᠡᠢ》 ᠵᠠᠰᠠᠯᠲᠠ ᠶ᠋ᠢᠨ ᠡᠪᠡᠷᠱᠢᠶᠡᠯ ᠳ᠋ᠤ ᠠᠩᠬᠠᠷᠤᠯ ᠢ᠋ᠶ᠋ᠡᠨ ᠲᠥᠪᠯᠡᠷᠡᠭᠦᠯᠵᠦ᠍᠂ ᠬᠥᠬᠡᠬᠤᠲᠠ ᠶ᠋ᠢᠨᠬᠢᠨ 《ᠲᠣᠰᠭᠤᠨ ᠪᠠ ᠨᠡᠢᠭᠡᠮ ᠲᠤᠭᠤᠷᠢᠭ ᠡᠴᠡ ᠱᠦᠭ᠌ᠯᠦ ᠦᠯᠢᠶᠡᠬᠦ᠌》 ᠱᠠᠭᠠᠷᠳᠠᠯᠭ᠎ᠠ ᠳᠤᠷᠠᠳᠬᠤ ᠡᠴᠡ ᠡᠮᠦᠨ᠎ᠡ ᠱᠢᠶ᠋ᠳᠪᠦᠷᠢᠯᠡᠬᠦ᠌ ᠲᠣᠭ᠍ᠲᠠᠴᠠᠶ᠋ᠢ ᠱᠢᠨᠡᠴᠢᠯᠡᠨ ᠪᠠᠢᠭᠤᠯᠵᠤ᠂ ᠲᠣᠰᠭᠤᠨ (ᠨᠡᠢᠭᠡᠮ ᠲᠣᠭᠤᠷᠢᠭ) ᠤ᠋ ᠱᠦᠵᠢ ᠰᠠᠯᠠᠭ᠎ᠠ ᠮᠥᠴᠢᠷ ᠤ᠋ᠨ ᠱᠢᠢᠳᠪᠦᠷᠢᠯᠡᠬᠦ᠌ ᠴᠢᠬᠤᠯᠠᠲᠠᠢ ᠵᠦᠢᠯ ᠢ᠋ ᠴᠠᠭ ᠲᠤᠬᠠᠢ ᠳ᠋ᠤᠨᠢ 《ᠱᠦᠭ᠌ᠯᠦ ᠦᠯᠢᠶᠡᠨ ᠳᠡᠭᠡᠭᠰᠢ ᠮᠡᠳᠡᠭᠦᠯᠵᠦ》᠂ ᠬᠤᠳᠠ ᠲᠣᠭᠤᠷᠢᠭ ᠬᠤᠶᠠᠷ ᠱᠠᠲᠤᠨ ᠤ᠋ ᠡᠭᠦᠷᠭᠡ ᠴᠢᠳᠠᠪᠬᠢᠳᠤ ᠰᠠᠯᠠᠭ᠎ᠠ ᠮᠥᠴᠢᠷ ᠡᠴᠡ ᠴᠠᠭ ᠲᠤᠬᠠᠢ ᠳ᠋ᠤᠨᠢ 《 ᠱᠦᠭ᠌ᠯᠦ ᠶ᠋ᠢᠨ ᠰᠡᠷᠡᠮᠵᠢᠯᠡᠭᠦᠯᠦᠯ ᠢ᠋ ᠲᠤᠰᠴᠤ》ᠠᠰᠠᠭᠤᠳᠠᠯ ᠢ᠋ ᠱᠢᠢᠳᠪᠦᠷᠢᠯᠡᠵᠦ᠍᠂ ᠦᠨᠳᠦᠰᠦᠨ ᠱᠠᠲᠤᠨ ᠤ᠋ ᠰᠠᠨᠠᠭᠠᠴᠢᠯᠠᠭ᠎ᠠ ᠡᠴᠡ ᠪᠠᠨ ᠠᠰᠠᠭᠤᠳᠠᠯ ᠢ᠋ ᠢᠯᠡᠷᠡᠭᠦᠯᠬᠦ᠌ ᠶ᠋ᠢᠨ ᠬᠠᠮᠲᠤ ᠱᠢᠢᠳᠪᠦᠷᠢᠯᠡᠬᠦ᠌ᠶ᠋ᠢ ᠠᠬᠢᠭᠤᠯᠵᠤ᠂ ᠤᠯᠠᠨ ᠲᠦᠮᠡᠨ ᠤ᠋ ᠬᠦᠰᠡᠯ ᠱᠠᠭᠠᠷᠳᠠᠯᠭ᠎ᠠ ᠳᠤᠷᠠᠳᠬᠤ ᠡᠴᠡ ᠡᠮᠦᠨ᠎ᠡ ᠱᠢᠢᠳᠪᠦᠷᠢᠯᠡᠬᠦ᠌ᠶ᠋ᠢ ᠦᠨᠡᠨ ᠬᠦ᠌ ᠪᠡᠶᠡᠯᠡᠭᠦᠯᠪᠡ ᠃
《ᠱᠦᠭ᠌ᠯᠦ᠍ᠶ᠋ᠢᠨ ᠳᠠᠭᠤᠨ》 ᠢ᠋ᠶ᠋ᠡᠷ ᠬᠦᠳᠡᠯᠦᠯᠴᠡᠵᠦ ᠲᠦᠭ᠌ᠵᠢᠷᠡᠯ ᠤ᠋ᠨ ᠴᠡᠭ ᠢ᠋ ᠨᠡᠪᠲᠡᠷᠡᠭᠦᠯᠪᠡ
ᠬᠡᠳᠦᠨ ᠡᠳᠦᠷ ᠦᠷᠭᠦᠯᠵᠢᠯᠡᠭ᠌ᠰᠡᠨ ᠪᠣᠷᠣᠭᠠᠨ ᠳ᠋ᠤ ᠬᠤᠷᠢᠨᠭᠡᠷ ᠱᠢᠶᠠᠨ ᠤ᠋ ᠬᠠᠷᠢᠶ᠎ᠠ ᠲᠣᠭᠤᠷᠢᠭ ᠲᠡᠬᠢ ᠪᠠᠢᠱᠢᠩ ᠭᠡᠷ ᠤ᠋ᠨ ᠤᠰᠤ ᠲᠠᠲᠠᠷᠠᠭᠤᠯᠬᠤ ᠱᠢᠰᠲᠧᠮ ᠬᠠᠭᠤᠴᠢᠷᠠᠵᠤ᠂ ᠤᠰᠤ ᠬᠤᠷᠠᠬᠤ ᠠᠰᠠᠭᠤᠳᠠᠯ ᠨᠢ ᠰᠠᠭᠤᠭᠠᠯᠢ ᠠᠷᠠᠳ ᠢ᠋ 《ᠵᠤᠪᠠᠭᠠᠬᠤ ᠶᠠᠪᠤᠳᠠᠯ》 ᠪᠣᠯᠪᠠ᠃ ᠪᠣᠷᠣᠭᠠᠨ ᠲᠠᠢ ᠡᠳᠦᠷ ᠭᠠᠳᠠᠭ᠍ᠰᠢ ᠭᠠᠷᠪᠠᠯ ᠤᠰᠤ ᠲᠤᠭᠤᠯᠬᠤ ᠬᠡᠷᠡᠭᠲᠡᠢ ᠪᠠᠢᠵᠤ᠂ ᠬᠦᠷᠢᠶᠡᠨ ᠤ᠋ ᠬᠡᠷᠡᠮ ᠤ᠋ᠨ ᠪᠤᠯᠤᠩ ᠴᠢᠭᠢᠭ᠌ᠲᠦᠨ ᠸᠠᠯᠠᠵᠤ᠂ ᠡᠳᠦᠷ ᠲᠤᠳᠤᠮ ᠤ᠋ᠨ ᠬᠤᠭ ᠨᠣᠪᠰᠢᠶ᠋ᠢ ᠴᠡᠪᠡᠷᠯᠡᠨ ᠵᠥᠭᠡᠭᠡᠪᠦᠷᠢᠯᠡᠬᠦ᠌ ᠳ᠋ᠤ ᠴᠦ᠍ ᠬᠦᠴᠢᠷᠳᠡᠵᠦ ᠪᠠᠢᠪᠠ᠃
ᠲᠤᠤᠷᠵᠢᠯ ᠤ᠋ᠨ ᠠᠵᠢᠯᠲᠠᠨ ᠡᠳᠦᠷ ᠲᠤᠲᠤᠮ ᠤ᠋ᠨ ᠪᠠᠢᠳᠠᠯ ᠢ᠋ ᠣᠢᠯᠠᠭᠠᠵᠤ ᠰᠤᠷᠪᠤᠯᠵᠢᠯᠠᠬᠤ ᠳᠤᠮᠳᠠ ᠪᠠᠨ ᠡᠨᠡ ᠬᠦ᠌ ᠬᠡᠮ ᠰᠤᠭᠤᠭ ᠢ᠋ ᠣᠯᠵᠤ ᠮᠡᠳᠡᠮᠡᠭ᠌ᠴᠡ ᠳᠠᠷᠤᠶ ᠲᠦᠷᠭᠡᠨ ᠨᠡᠢᠭᠡᠮ ᠲᠣᠭᠤᠷᠢᠭ ᠲᠦ᠍ ᠮᠡᠳᠡᠭᠦᠯᠵᠦ᠂ ᠨᠡᠢᠭᠡᠮ ᠲᠣᠭᠤᠷᠢᠭ ᠡᠴᠡ ᠴᠠᠭ ᠲᠤᠬᠠᠶ ᠳ᠋ᠤᠨᠢ 《ᠱᠦᠭ᠌ᠯᠦ ᠦᠯᠢᠶᠡᠵᠦ ᠳᠡᠭᠡᠭᠰᠢ ᠮᠡᠳᠡᠭᠦᠯᠪᠡ》᠃ 《ᠱᠦᠭᠯᠦ ᠶ᠋ᠢᠨ ᠰᠡᠷᠡᠮᠵᠢᠯᠡᠭᠦᠯᠦᠯ》 ᠢ᠋ ᠲᠤᠰᠤᠭᠰᠡᠨ ᠤ᠋ ᠳᠠᠷᠠᠭ᠎ᠠ ᠡᠯ᠎ᠡ ᠰᠠᠯᠠᠭ᠎ᠠ ᠮᠥᠴᠢᠷ ᠦᠳᠲᠡᠷ ᠲᠦᠷᠭᠡᠨ ᠴᠤᠤᠷᠢᠶᠠᠲᠤᠨ ᠳᠠᠭᠠᠵᠤ᠂ ᠪᠠᠷᠢᠯᠭ᠎ᠠ ᠶ᠋ᠢᠨ ᠠᠩᠭᠢ ᠲᠠᠢ ᠬᠠᠮᠲᠤᠷᠠᠨ ᠲᠤᠬᠠᠢ ᠶ᠋ᠢᠨ ᠲᠠᠯᠠᠪᠠᠶ ᠳ᠋ᠤ ᠬᠦᠷᠴᠦ ᠲᠤᠰᠭᠠᠶ ᠵᠠᠰᠠᠯᠲᠠ ᠦᠷᠨᠢᠭᠦᠯᠵᠦ᠂ ᠤᠤᠯ ᠤ᠋ᠨ ᠪᠠᠢᠭ᠍ᠰᠠᠨ ᠵᠠᠮ ᠰᠤᠪᠠᠭ ᠢ᠋ ᠭᠦᠨᠵᠡᠭᠡᠶ ᠴᠡᠪᠡᠷᠯᠡᠨ᠂ ᠣᠯᠠᠨ ᠵᠢᠯ ᠲᠤᠨᠤᠭ᠍ᠰᠠᠨ ᠱᠢᠪᠠᠷ ᠱᠠᠯᠴᠢᠭ᠂ ᠬᠤᠪᠠᠭ᠍ᠠᠶ ᠰᠠᠯᠠᠭ᠎ᠠ ᠮᠥᠴᠢᠷ᠂ ᠠᠮᠢᠳᠤᠷᠠᠯ ᠤ᠋ᠨ ᠬᠤᠭ ᠨᠣᠪᠰᠢᠶ᠋ᠢ ᠲᠤᠢᠯᠪᠤᠷᠢᠲᠠᠶ ᠠᠷᠢᠯᠭᠠᠪᠠ᠃ ᠡᠭᠦᠨ ᠤ᠋ ᠬᠠᠮᠲᠤ᠌ ᠱᠢᠨ᠎ᠡ ᠪᠡᠷ ᠤᠰᠤ ᠵᠠᠯᠠᠬᠤ ᠰᠤᠪᠠᠭ ᠢ᠋ ᠪᠠᠢᠭᠤᠯᠬᠤ ᠠᠬᠢᠴᠠᠶ᠋ᠢ ᠲᠦᠷᠭᠡᠳᠭᠡᠵᠦ᠍᠂ ᠤᠰᠤ ᠲᠠᠲᠠᠷᠠᠭᠤᠯᠬᠤ ᠴᠢᠳᠠᠪᠤᠷᠢᠶ᠋ᠢ ᠡᠬᠢ ᠡᠭᠦᠰᠦᠯ ᠡᠴᠡ ᠨᠢ ᠳᠡᠭᠡᠭ᠌ᠰᠢᠯᠡᠭᠦᠯᠪᠡ᠃ ᠡᠳᠦᠭᠡ ᠰᠠᠭᠤᠭᠠᠯᠢ ᠠᠷᠠᠳ ᠢ᠋ ᠤᠯᠠᠨ ᠵᠢᠯ ᠭᠠᠴᠢᠭ᠍ᠳᠠᠭᠤᠯᠵᠤ ᠪᠠᠢᠭ᠍ᠰᠠᠨ ᠤᠰᠤ ᠬᠤᠷᠠᠬᠤ ᠠᠰᠠᠭᠤᠳᠠᠯ ᠢ᠋ ᠦᠨᠳᠦᠰᠦᠨ ᠡᠴᠡ ᠨᠢ ᠱᠢᠢᠳᠪᠦᠷᠢᠯᠡᠪᠡ᠃
《 ᠱᠦᠭ᠌ᠯᠦ᠍ ᠦᠯᠢᠶᠡᠬᠦ 》 ᠳᠦᠷᠢᠮ ᠢ᠋ ᠶᠣᠰᠣ ᠶ᠋ᠢᠨ ᠲᠡᠳᠦᠢ ᠪᠠᠢᠯᠭᠠᠬᠤ ᠦᠭᠡᠢ ᠶ᠋ᠢᠨ ᠲᠥᠯᠥᠭᠡ ᠬᠥᠬᠡᠬᠤᠲᠠ ᠶ᠋ᠢᠨᠬᠢᠨ 《ᠱᠦᠭ᠌ᠯᠦ ᠦᠯᠢᠶᠡᠬᠦ — ᠬᠠᠷᠢᠭᠤ ᠲᠤᠰᠬᠠᠯ ᠭᠠᠷᠭᠠᠬᠤ — ᠦᠷ᠎ᠡ ᠪᠦᠲᠦᠮᠵᠢ ᠵᠢ ᠦᠨᠡᠯᠡᠬᠦ᠌》 ᠪᠥᠬᠦ᠌ ᠬᠡᠯᠬᠢᠶᠡᠶ᠋ᠢ ᠦᠨᠡᠯᠡᠬᠦ᠌ ᠲᠣᠭ᠍ᠲᠠᠴᠠᠶ᠋ᠢ ᠪᠠᠢᠭᠤᠯᠵᠤ᠂ ᠵᠠᠰᠠᠯᠲᠠ ᠶ᠋ᠢᠨ ᠦᠷ᠎ᠡ ᠪᠦᠲᠦᠮᠵᠢᠶ᠋ᠢ ᠪᠢᠲᠡᠭᠦᠦ ᠣᠷᠴᠢᠯ ᠳᠤᠮᠳᠠ ᠦᠷᠭᠦᠯᠵᠢᠯᠡᠨ ᠳᠡᠭᠡᠭ᠌ᠰᠢᠯᠡᠭᠦᠯᠪᠡ᠃ ᠨᠡᠢᠭᠡᠮ ᠲᠣᠭᠤᠷᠢᠭ ᠡᠴᠡ ᠰᠠᠯᠠᠭ᠎ᠠ ᠮᠥᠴᠢᠷ ᠤ᠋ᠨ ᠬᠠᠷᠢᠭᠤ ᠲᠤᠰᠬᠠᠯ ᠳ᠋ᠤ ᠬᠠᠨᠤᠮᠵᠢᠲᠠᠶ ᠪᠠᠢᠬᠤ ᠬᠡᠮᠵᠢᠶᠡᠶ᠋ᠢᠨ ᠦᠨᠡᠯᠡᠯᠲᠡ ᠬᠢᠵᠦ᠂ ᠦᠨᠡᠯᠡᠭ᠌ᠰᠡᠨ ᠦᠷ᠎ᠡ ᠳ᠋ᠦᠩ ᠢ᠋ ᠰᠠᠯᠠᠭ᠎ᠠ ᠮᠥᠴᠢᠷ ᠤ᠋ᠨ ᠠᠵᠢᠯ ᠤ᠋ᠨ ᠠᠮᠵᠢᠯᠲᠠ ᠪᠦᠲᠦᠮᠵᠢᠶ᠋ᠢ ᠱᠢᠯᠭᠠᠨ ᠬᠢᠨᠠᠬᠤ ᠳ᠋ᠤ ᠣᠷᠣᠭᠤᠯᠵᠤ᠂ ᠦᠨᠳᠦᠰᠦᠨ ᠱᠠᠲᠤᠨ ᠤ᠋ 《ᠱᠦᠭ᠌ᠯᠦ ᠦᠯᠢᠶᠡᠬᠦ᠌》 ᠳ᠋ᠤ ᠵᠤᠷᠢᠬᠵᠢᠭᠤᠯᠤᠯ ᠪᠤᠯᠭᠠᠵᠤ᠂ ᠡᠭᠦᠷᠭᠡ ᠴᠢᠳᠠᠪᠤᠷᠢᠲᠤ ᠰᠠᠯᠠᠭ᠎ᠠ ᠮᠥᠴᠢᠷ ᠤ᠋ᠨ 《ᠨᠡᠷ᠎ᠡ ᠮᠡᠳᠡᠭᠦᠯᠬᠦ᠌》 ᠪᠡᠷ ᠪᠠᠷᠠᠬᠤ ᠥᠬᠡᠶ ᠨᠠᠩ ᠴᠤ᠌ 《ᠬᠦᠴᠦ᠍ ᠪᠠᠨ ᠡᠷᠭᠦᠬᠦ᠌》 ᠶ᠋ᠢ ᠵᠣᠷᠢᠭ᠍ᠵᠢᠭᠤᠯᠵᠤ᠂ 《ᠶᠠᠪᠤᠳᠠᠯ ᠨᠢ ᠳᠠᠭᠤᠰᠭᠤ ᠥᠬᠡᠶ ᠪᠣᠯ ᠬᠥᠮᠦᠨ ᠨᠢ ᠲᠤᠬᠠᠢ ᠶ᠋ᠢᠨ ᠲᠠᠯᠠᠪᠤᠷ ᠡᠴᠡ ᠶᠠᠪᠤᠬᠤ ᠦᠭᠡᠢ》 ᠪᠠᠢᠬᠤ ᠵᠢ ᠪᠡᠶᠡᠯᠡᠭᠦᠯᠪᠡ᠃
ᠣᠳᠣᠬᠠᠨ ᠳ᠋ᠤ ᠬᠥᠬᠡᠬᠤᠲᠠ ᠶ᠋ᠢᠨ 9 ᠬᠤᠱᠢᠭᠤ ᠱᠢᠶᠠᠨ ᠲᠣᠭᠤᠷᠢᠭ ᠤ᠋ᠨ 1415 ᠲᠣᠰᠭᠤᠨ(ᠨᠡᠢᠭᠡᠮ ᠲᠣᠭᠤᠷᠢᠭ) ᠨᠢ 《ᠲᠣᠰᠭᠤᠨ ᠪᠠ ᠰᠠᠭᠤᠭᠠᠯᠢ ᠲᠤᠭᠤᠷᠢᠭ ᠡᠴᠡ ᠱᠦᠭ᠌ᠯᠦ ᠦᠯᠢᠶᠡᠬᠦ᠌ 》 ᠶ᠋ᠢ ᠪᠦᠬᠦᠨ ᠢ᠋ ᠪᠦᠷᠬᠦᠭᠦᠯᠬᠦ᠌ᠶ᠋ᠢ ᠪᠡᠶᠡᠯᠡᠭᠦᠯᠵᠦ᠍ ᠂ ᠨᠢᠳᠦᠨᠦᠨ ᠤ᠋ ᠠᠳᠠᠯᠢ ᠬᠤᠭᠤᠴᠠᠭᠠᠨ ᠤ᠋ 12345 ᠬᠠᠯᠠᠮᠱᠢᠯ ᠤᠲᠠᠰᠤ ᠶ᠋ᠢᠨ ᠵᠠᠭᠠᠯᠳᠤᠯᠭ᠎ᠠ ᠶ᠋ᠢᠨ ᠠᠵᠢᠯ ᠤ᠋ᠨ ᠳᠠᠨᠭᠰᠠ ᠲᠠᠢ ᠬᠠᠷᠢᠴᠠᠭᠤᠯᠪᠠᠯ ᠬᠤᠲᠠ ᠶ᠋ᠢᠨ ᠳᠦᠷᠢ ᠲᠥᠷᠬᠦ᠌ ᠶ᠋ᠢᠨ ᠲᠥᠷᠥᠯ ᠵᠦᠶ᠋ᠯ ᠨᠢ 23% ᠪᠡᠷ ᠪᠠᠭᠤᠷᠠᠵᠤ᠂ ᠠᠳᠠᠯ ᠠᠬᠤᠶ ᠶ᠋ᠢᠨ ᠦᠶ᠋ᠯᠡᠴᠢᠯᠡᠭᠡᠨ ᠤ᠋ ᠲᠥᠷᠥᠯ ᠨᠢ 18% ᠪᠡᠷ ᠪᠠᠭᠤᠷᠠᠪᠠ᠃
ᠮᠡᠷᠭᠡᠵᠢᠯ ᠢ᠋ᠶ᠋ᠡᠷ ᠴᠢᠳᠠᠪᠤᠷᠢ ᠣᠯᠭᠤᠵᠤ 《ᠣᠶᠤᠨᠴᠢ》 ᠪᠡᠷ 《ᠵᠠᠰᠠᠯᠲᠠ》 ᠶ᠋ᠢ ᠳᠡᠭᠡᠭᠰᠢᠯᠡᠭᠦᠯᠪᠡ
《〈ᠱᠦᠭ᠌ᠯᠦ ᠦᠯᠢᠶᠡᠵᠦ᠍ ᠨᠡᠷ᠎ᠡ ᠮᠡᠳᠡᠭᠦᠯᠬᠦ᠌〉 ᠳ᠋ᠤ ᠪᠢᠳᠡ ᠨᠡᠢᠭᠡᠮ ᠲᠣᠭᠤᠷᠢᠭ ᠤ᠋ᠨ ᠵᠠᠰᠠᠯᠲᠠ ᠶ᠋ᠢᠨ ᠲᠠᠪᠴᠠᠩ ᠢ᠋ᠶ᠋ᠡᠷ ᠳᠠᠮᠵᠢᠨ〈ᠵᠠᠬᠢᠶᠠᠯᠠᠭ᠎ᠠ ᠥᠭ᠌ᠬᠦ〉 ᠠᠵᠢᠯᠯᠠᠭ᠎ᠠ ᠥᠷᠨᠢᠭᠦᠯᠦᠭᠰᠡᠨ ᠵᠢᠡᠷ ᠴᠠᠭ ᠠᠷᠪᠢᠯᠠᠬᠤ ᠪᠥᠭᠡᠳ ᠪᠠᠰᠠ ᠬᠦᠮᠦᠨ ᠤ᠋ ᠬᠦᠴᠦᠨ ᠢ᠋ ᠠᠷᠪᠢᠯᠠᠨ᠎ᠠ》 ᠬᠤᠷᠢᠨᠭᠡᠷ ᠱᠢᠶᠠᠨ ᠤ᠋ ᠴᠧᠩ ᠭᠤᠸᠠᠨ ᠪᠠᠯᠭᠠᠰᠤᠨ ᠤ᠋ ᠱᠧᠩ ᠴᠦᠨ ᠴᠡᠴᠡᠷᠯᠢᠭ A ᠲᠣᠭᠤᠷᠢᠭ ᠤ᠋ᠨ ᠲᠤᠤᠷᠵᠢᠯ ᠤ᠋ᠨ ᠠᠵᠢᠯᠲᠠᠨ ᠵᠠᠩ ᠭᠦᠸᠧ ᠬᠤᠸᠠ ᠰᠤᠷᠪᠤᠯᠵᠢᠯᠠᠭ᠍ᠴᠢ ᠳ᠋ᠤ ᠬᠡᠯᠡᠨ᠎ᠠ᠃
ᠲᠣᠭᠠᠴᠢᠯᠠᠭ᠍ᠰᠠᠨ ᠮᠡᠷᠭᠡᠵᠢᠯ ᠢ᠋ᠶ᠋ᠡᠷ ᠦᠨᠳᠦᠰᠦᠨ ᠱᠠᠲᠤᠨ ᠤ᠋ ᠵᠠᠰᠠᠯᠲᠠ ᠳ᠋ᠤ ᠬᠦᠴᠦᠨ ᠨᠡᠮᠡᠷᠢᠯᠡᠬᠦ᠌ ᠪᠣᠯ ᠦᠨᠳᠦᠰᠦᠨ ᠱᠠᠲᠤᠨ ᠤ᠋ ᠵᠠᠰᠠᠯᠲᠠ ᠶ᠋ᠢᠨ ᠱᠢᠰᠲ᠋ᠧᠮ ᠪᠣᠯᠤᠨ ᠵᠠᠰᠠᠯᠲᠠ ᠶ᠋ᠢᠨ ᠴᠢᠳᠠᠪᠤᠷᠢ ᠶ᠋ᠢᠨ ᠣᠳᠣᠬᠢᠴᠢᠯᠠᠯᠲᠠᠶ᠋ᠢ ᠠᠬᠢᠭᠤᠯᠬᠤ ᠵᠠᠢᠯᠠᠰᠢ ᠦᠭᠡᠢ ᠰᠣᠩᠭᠤᠯᠲᠠ ᠪᠣᠯᠤᠨ᠎ᠠ᠃ ᠬᠥᠬᠡᠬᠤᠲᠠ ᠶ᠋ᠢᠨ 《ᠲᠣᠰᠭᠤᠨ ᠪᠠ ᠨᠡᠢᠭᠡᠮ ᠲᠤᠭᠤᠷᠢᠭ ᠡᠴᠡ ᠱᠦᠭ᠌ᠯᠦ ᠦᠯᠢᠶᠡᠬᠦ᠌》 ᠬᠦᠰᠡᠯ ᠱᠠᠭᠠᠷᠳᠠᠯᠭ᠎ᠠ ᠳᠤᠷᠠᠳᠬᠤ ᠡᠴᠡ ᠡᠮᠦᠨ᠎ᠡ ᠱᠢᠶ᠋ᠳᠪᠦᠷᠢᠯᠡᠬᠦ᠌ ᠲᠣᠭ᠍ᠲᠠᠴᠠ ᠶ᠋ᠢᠨ ᠱᠢᠰᠲ᠋ᠧᠮ ᠨᠢ ᠬᠤᠲᠠ ᠶ᠋ᠢᠨ ᠬᠡᠪᠴᠢᠶᠡᠨ ᠳ᠋ᠡᠬᠢ ᠪᠥᠬᠦ᠌ ᠲᠣᠰᠭᠤᠨ (ᠨᠡᠢᠭᠡᠮ ᠲᠣᠭᠤᠷᠢᠭ) ᠪᠣᠯᠤᠨ ᠬᠤᠲᠠ᠂ ᠬᠤᠱᠢᠭᠤ ᠱᠢᠶᠠᠨ ᠲᠣᠭᠤᠷᠢᠭ ᠬᠤᠶᠠᠷ ᠱᠠᠲᠤᠨ ᠤ᠋ ᠬᠠᠮᠢᠶ᠎ᠠ ᠪᠥᠬᠦᠶ ᠰᠠᠯᠠᠭ᠎ᠠ ᠮᠥᠴᠢᠷ ᠢ᠋ ᠬᠥᠨᠳᠡᠯᠡᠨ ᠢ᠋ᠶ᠋ᠡᠷ ᠬᠠᠮᠤᠷᠴᠤ᠌᠂ ᠪᠥᠬᠦ᠌ ᠣᠷᠣᠨ ᠪᠦᠰᠡ ᠳ᠋ᠤ ᠪᠦᠷᠬᠦᠭᠦᠯᠬᠦ᠌ᠶ᠋ᠢ ᠪᠡᠶᠡᠯᠡᠭᠦᠯᠪᠡ᠃
ᠦᠨᠳᠦᠰᠦᠨ ᠱᠠᠲᠤᠨ ᠤ᠋ ᠲᠤᠰᠭᠠᠭ᠍ᠰᠠᠨ 《ᠱᠦᠭ᠌ᠯᠦ ᠦᠯᠢᠶᠡᠬᠦ᠌ᠨᠢ ᠴᠠᠭ ᠪᠠ ᠣᠷᠣᠨ ᠵᠠᠶ ᠶ᠋ᠢᠨ ᠬᠢᠵᠠᠭᠠᠷᠯᠠᠯ ᠢ᠋ ᠬᠦᠯᠢᠶᠡᠬᠦ᠌ 》 ᠠᠰᠠᠭᠤᠳᠠᠯ ᠳ᠋ᠤ ᠴᠢᠭ᠌ᠯᠡᠭᠦᠯᠦᠨ᠂ ᠲᠠᠪᠴᠠᠩ ᠳ᠋ᠤ ᠱᠢᠯᠵᠢᠶᠠ ᠦᠵᠦᠭᠦᠷᠯᠢᠭ ᠤ᠋ᠨ ᠱᠦᠭ᠌ᠯᠦ ᠦᠯᠢᠶᠡᠬᠦ᠌ ᠴᠢᠳᠠᠮᠵᠢᠶ᠋ᠢ ᠨᠠᠮᠠᠨ ᠲᠣᠬᠢᠷᠠᠭᠤᠯᠵᠤ᠂ 《ᠠᠰᠠᠭᠤᠳᠠᠯ ᠢ᠋ ᠢᠯᠡᠷᠡᠭᠦᠯᠬᠦ — ᠠᠵᠢᠯᠯᠠᠬᠤ ᠴᠡᠭ ᠲᠦ᠍ ᠪᠠᠨ ᠪᠤᠴᠠᠬᠤ — ᠪᠢᠴᠢᠵᠦ᠍ ᠣᠷᠣᠭᠤᠯᠬᠤ — ᠠᠵᠢᠯ ᠤ᠋ᠨ ᠳᠠᠨᠭᠰᠠ ᠲᠤᠱᠢᠶᠠᠬᠤ 》 ᠣᠯᠠᠨ ᠭᠤᠭ᠍ᠴᠤᠭᠠ ᠶ᠋ᠢᠨ ᠶᠠᠪᠤᠴᠠ ᠵᠢ ᠱᠢᠯᠢᠳᠡᠭ᠌ᠵᠢᠭᠦᠯᠵᠦ᠍᠂ ᠲᠣᠤᠷᠵᠢᠯ ᠤ᠋ᠨ ᠠᠵᠢᠯᠲᠠᠨ ᠤ᠋ ᠲᠤᠬᠠᠶ ᠶ᠋ᠢᠨ ᠲᠠᠯᠠᠪᠤᠷ ᠲᠦ᠍ ᠰᠡᠭᠦᠳᠡᠷᠯᠡᠵᠦ᠂ ᠮᠡᠳᠡᠭᠡ ᠵᠠᠩᠭᠢ ᠲᠠᠭ᠍ᠯᠠᠪᠠᠯ ᠳᠠᠷᠤᠶ ᠳᠡᠭᠡᠭ᠌ᠰᠢ ᠳᠠᠮᠵᠢᠭᠤᠯᠵᠤ ᠪᠣᠯᠬᠤ 《ᠨᠢᠭᠡ ᠳᠠᠷᠤᠭᠤᠯ ᠢ᠋ᠶ᠋ᠡᠷ ᠱᠦᠭ᠌ᠯᠦ ᠦᠯᠢᠶᠡᠬᠦ᠌》 ᠪᠣᠯᠭᠠᠵᠤ᠂ ᠠᠵᠢᠯᠯᠠᠬᠤ ᠴᠠᠭ ᠢ᠋ ᠳᠤᠮᠳᠠᠴᠢ ᠪᠡᠷ 20 ᠮᠢᠨᠦ᠋ᠲ ᠪᠠᠢᠭ᠍ᠰᠠᠨ ᠡᠴᠡ 5 ᠮᠢᠨᠦ᠋ᠲ ᠪᠣᠯᠭᠠᠨ ᠪᠣᠭᠤᠨᠢᠰᠭᠠᠪᠠ᠃ ᠡᠭᠦᠨ ᠤ᠋ ᠬᠠᠮᠲᠤ᠌ ᠱᠢᠰᠲ᠋ᠧᠮ ᠳ᠋ᠤ ᠳᠠᠨᠭᠰᠠ ᠪᠤᠴᠠᠭᠠᠬᠤ ᠬᠢᠨᠠᠨ ᠬᠠᠷᠭᠤᠭᠤᠯᠬᠤ ᠴᠢᠳᠠᠮᠵᠢᠶ᠋ᠢ ᠱᠢᠨ᠎ᠡ ᠪᠡᠷ ᠨᠡᠮᠡᠭ᠌ᠳᠡᠭᠦᠯᠵᠦ᠍᠂ ᠲᠤᠰᠭᠠᠶ ᠬᠢᠨᠠᠨ ᠬᠠᠷᠭᠤᠭᠤᠯᠬᠤ ᠠᠵᠢᠯ ᠤ᠋ᠨ ᠪᠠᠢᠷᠢ ᠭᠠᠷᠭᠠᠵᠤ᠂ ᠰᠠᠯᠠᠭ᠎ᠠ ᠮᠥᠴᠢᠷ ᠤ᠋ᠨ ᠵᠤᠬᠢᠰ ᠦᠭᠡᠢ ᠪᠠᠷ ᠳᠠᠨᠭᠰᠠ ᠪᠤᠴᠠᠭᠠᠬᠤ ᠪᠠᠢᠳᠠᠯ ᠢ᠋ ᠴᠢᠩᠭ᠎ᠠ ᠠᠳᠭᠤᠵᠤ᠂ ᠳᠠᠨᠭᠰᠠ ᠪᠤᠴᠠᠭᠠᠬᠤ ᠨᠣᠷᠮᠠᠶ᠋ᠢ 13% ᠡᠴᠡ ᠳᠣᠷᠣᠭ᠍ᠰᠢ ᠪᠣᠯᠲᠠᠯ᠎ᠠ ᠪᠠᠭᠤᠷᠠᠭᠤᠯᠪᠠ ᠃
ᠦᠨᠳᠦᠰᠦᠨ ᠱᠠᠲᠤᠨ ᠤ᠋ ᠵᠠᠰᠠᠯᠲᠠ ᠨᠠᠷᠢᠨ ᠪᠤᠳᠤᠯᠢᠶᠠᠨᠲᠠᠢ᠂ ᠡᠭᠦᠷᠭᠡ ᠬᠦᠨᠳᠦ ᠪᠠᠢᠵᠤ᠂ 《ᠱᠦᠭ᠌ᠯᠦ》 ᠶ᠋ᠢᠨ ᠳᠠᠭᠤᠨ ᠢ᠋ᠶ᠋ᠡᠷ ᠬᠦᠰᠢᠭᠦᠷᠭᠡ ᠶ᠋ᠢᠨ ᠦᠢᠯᠡᠳᠦᠯ ᠢ᠋ ᠪᠠᠳᠠᠷᠠᠭᠤᠯᠵᠤ᠂ ᠡᠯ᠎ᠡ ᠲᠠᠯ᠎ᠠ ᠶ᠋ᠢᠨ ᠵᠠᠰᠠᠯᠲᠠ ᠶ᠋ᠢᠨ ᠡᠬᠢ ᠪᠠᠶᠠᠯᠢᠭ ᠢ᠋ ᠨᠡᠢᠳᠭᠡᠬᠦ᠌ᠶ᠋ᠢ ᠪᠡᠶᠡᠯᠡᠭᠦᠯᠪᠡ᠃ ᠤᠳᠠᠭ᠎ᠠ ᠪᠦᠷᠢ ᠶ᠋ᠢᠨ 《ᠱᠦᠭ᠌ᠯᠦ ᠦᠯᠢᠶᠡᠬᠦ᠌》 ᠲᠠᠭᠤᠨ ᠤ᠋ ᠳᠤᠮᠳᠠ ᠬᠥᠬᠡᠬᠤᠲᠠ ᠦᠨᠳᠦᠰᠦᠨ ᠱᠠᠲᠤᠨ ᠤ᠋ ᠵᠠᠰᠠᠯᠲᠠ ᠶ᠋ᠢᠨ ᠵᠢᠵᠢᠭ ᠭᠤᠭ᠍ᠴᠤᠭᠠ ᠶ᠋ᠢ ᠨᠡᠭᠡᠭᠡᠵᠦ᠂ ᠨᠢᠭᠡ ᠬᠤᠲᠠ ᠶ᠋ᠢᠨ ᠬᠤᠯᠪᠣᠭᠠᠯᠠᠨ ᠬᠥᠳᠡᠯᠦᠯᠴᠡᠬᠦ᠌ ᠪᠡᠷ ᠦᠨᠳᠦᠰᠦᠨ ᠱᠠᠲᠤᠨ ᠤ᠋ ᠵᠠᠰᠠᠯᠲᠠ ᠶ᠋ᠢᠨ 《ᠡᠴᠦᠰ ᠤ᠋ᠨ ᠨᠢᠭᠡ ᠮᠧᠲᠷ》 ᠢ᠋ ᠰᠠᠭᠠᠳ ᠥᠬᠡᠶ ᠨᠡᠪᠲᠡᠷᠡᠭᠦᠯᠵᠦ᠍᠂ ᠬᠤᠲᠠ ᠶ᠋ᠢᠨ ᠬᠠᠮᠢᠶᠠᠷᠤᠯᠲᠠ ᠶ᠋ᠢᠨ ᠤᠶᠤᠨᠴᠢᠯᠠᠬ᠍ᠰᠠᠨ᠂ ᠨᠠᠷᠢᠯᠢᠭ ᠣᠨᠣᠪᠴᠢᠲᠠᠶ᠂ ᠥᠨᠳᠥᠷ ᠪᠦᠲᠦᠮᠵᠢᠲᠡᠶ ᠪᠠᠢᠬᠤ ᠲᠦᠪᠱᠢᠨ ᠢ᠋ ᠲᠠᠰᠤᠷᠠᠯᠲᠠ ᠥᠬᠡᠶ ᠳᠡᠭᠡᠭ᠌ᠰᠢᠯᠡᠬᠦᠯᠪᠠ᠃