9 ᠰᠠᠷ᠎ᠠ᠎ᠶ᠋ᠢᠨ 18᠎ᠤ᠋ ᠡᠳᠦᠷ᠂ ᠬᠥᠬᠡᠬᠣᠲᠠ 《ᠲᠡᠦᠬᠡ᠎ᠶ᠋ᠢ ᠪᠠᠳᠤ ᠴᠡᠭᠡᠵᠢᠯᠡᠵᠦ᠍ ᠰᠡᠷᠡᠮᠵᠢ᠎ᠶ᠋ᠢᠨ ᠬᠣᠩᠬᠣ ᠲᠤᠤᠭᠠᠷᠭᠠᠵᠤ ᠡᠡᠭᠭᠡ ᠲᠠᠢᠪᠤᠡᠭ ᠢ᠋ ᠨᠠᠨᠳᠢᠡᠭᠨᠠᠵᠤ ᠢᠷᠡᠭᠡᠳᠦᠶ᠎ᠪᠡᠨ ᠨᠡᠭᠡᠭᠡᠨ ᠭᠦᠭᠵᠢᠬᠦᠯᠬᠦ》 ᠭᠤᠤᠯ ᠰᠡᠳᠦᠪᠲᠦ ᠠᠭᠠᠷ᠎ᠤᠨ ᠰᠡᠷᠭᠡᠢᠯᠡᠯᠲᠡ᠎ᠶ᠋ᠢᠨ ᠰᠡᠷᠡᠮᠵᠢ᠎ᠶ᠋ᠢᠨ ᠳᠣᠬᠢᠶ᠎ᠠ᠎ᠶ᠋ᠢ ᠲᠤᠷᠱᠢᠨ ᠳᠤᠤᠭᠠᠷᠭᠠᠬᠤ ᠠᠵᠢᠯᠯᠠᠭ᠎ᠠ ᠥᠷᠨᠢᠭᠦᠯᠦᠭ᠌ᠰᠡᠨ ᠪᠥᠭᠡᠳ ᠤᠯᠤᠰ᠎ᠤᠨ ᠪᠠᠲᠤᠯᠠᠨ ᠬᠠᠮᠠᠭᠠᠯᠠᠯᠲᠠ᠎ᠶ᠋ᠢᠨ ᠳᠠᠢᠴᠢᠯᠠᠯᠲᠠ ᠤᠬᠠᠭᠤᠯᠭ᠎ᠠ᠎ᠶ᠋ᠢᠨ ᠠᠵᠢᠯᠯᠠᠭ᠎ᠠ ᠵᠢ ᠵᠡᠷᠭᠡ᠎ᠪᠡᠷ ᠶᠠᠪᠤᠬᠳᠠᠭᠤᠯᠪᠠ᠃
ᠦᠳᠡ᠎ᠶ᠋ᠢᠨ ᠡᠮᠦᠨᠡᠬᠢ 9 ᠴᠠᠭ 30 ᠮᠢᠨᠦ᠋ᠲ᠎ᠲᠦ᠂ ᠪᠥᠬᠥ᠌ ᠬᠣᠲᠠ ᠠᠭᠠᠷ᠎ᠤᠨ ᠰᠡᠷᠭᠡᠢᠯᠡᠯᠲᠡ᠎ᠶ᠋ᠢᠨ ᠰᠡᠷᠡᠮᠵᠢ᠎ᠶ᠋ᠢᠨ ᠳᠣᠬᠢᠶ᠎ᠠ᠎ᠶ᠋ᠢ ᠲᠤᠷᠱᠢᠨ ᠳᠤᠤᠭᠠᠷᠭᠠᠬᠤ ᠲᠠᠭᠤᠨ ᠬᠣᠲᠠ ᠲᠣᠭᠣᠷᠢᠭ᠎ᠤᠨ ᠣᠭ᠍ᠲᠠᠷᠭᠤᠶ᠎ᠳᠤ ᠤᠷᠢᠳᠴᠢᠯᠠᠨ ᠳᠤᠸ᠋ᠭᠠᠷᠭᠠᠬᠤ᠂ ᠠᠭᠠᠷ᠎ᠤᠨ ᠲᠠᠭᠠᠷᠢᠯᠲᠠ ᠬᠢᠬᠦ ᠲᠤᠬᠢᠶ᠎ᠠ᠂ ᠰᠡᠷᠡᠮᠵᠢ᠎ᠶ᠋ᠢᠨ ᠳᠣᠬᠢᠶ᠎ᠠ᠎ᠶ᠋ᠢ ᠬᠦᠴᠦᠨ ᠥᠬᠡᠶ ᠪᠣᠯᠭᠠᠬᠤ ᠲᠠᠷᠠᠭᠠᠯᠠᠯ ᠵᠢᠡᠷ ᠲᠤᠤᠭᠠᠷᠭᠠᠵᠤ᠂ ᠭᠤᠤᠯ ᠬᠣᠲᠠ᠎ᠶ᠋ᠢᠨ ᠲᠣᠭᠣᠷᠢᠭ᠎ᠤᠨ ᠲᠠᠭᠤᠨ᠎ᠤ ᠪᠦᠷᠬᠦᠴᠡ᠎ᠶ᠋ᠢᠨ ᠨᠣᠷᠮ᠎ᠠ᠎ᠶ᠋ᠢ 100%᠎ᠳ᠋ᠤ ᠬᠦᠷᠭᠡᠪᠡ᠃ ᠥᠷᠭᠡᠨ ᠣᠯᠠᠨ ᠬᠣᠲᠠ᠎ᠶ᠋ᠢᠨ ᠠᠷᠠᠳ᠎ᠤᠨ ᠠᠵᠢᠯ ᠠᠮᠢᠳᠤᠷᠠᠯ ᠨᠥᠯᠥᠭᠡᠯᠡᠭ᠌ᠳᠡᠬᠦ᠌ ᠥᠬᠡᠶ ᠪᠠᠢᠬᠤ᠎ᠶ᠋ᠢ ᠪᠠᠲᠤᠯᠠᠬᠤ᠎ᠶ᠋ᠢᠨ ᠲᠥᠯᠥᠭᠡ᠂ ᠬᠥᠬᠡᠬᠣᠲᠠ᠎ᠶ᠋ᠢᠨ ᠤᠯᠤᠰ᠎ᠤᠨ ᠪᠠᠲᠤᠯᠠᠨ ᠬᠠᠮᠠᠭᠠᠯᠠᠯᠲᠠ᠎ᠶ᠋ᠢᠨ ᠳᠠᠢᠴᠢᠯᠠᠯᠲᠠ᠎ᠶ᠋ᠢᠨ ᠠᠯᠪᠠᠨ ᠬᠡᠷ ᠷᠠᠳᠢᠣ᠋ ᠨᠡᠪᠲᠡᠷᠡᠭᠦᠯᠭᠡ᠂ ᠠᠯᠪᠠᠨ ᠰᠦᠯᠵᠢᠶ᠎ᠡ᠂ ᠵᠢᠷᠬᠢᠶ᠎ᠠ ᠵᠡᠷᠭᠡ ᠠᠷᠭ᠎ᠠ ᠵᠠᠮ᠎ᠢᠶᠠᠷ ᠠᠭᠠᠷ᠎ᠤᠨ ᠰᠡᠷᠭᠡᠢᠯᠡᠯᠲᠡ᠎ᠶ᠋ᠢᠨ ᠰᠡᠷᠡᠮᠵᠢ᠎ᠶ᠋ᠢᠨ ᠳᠣᠬᠢᠶ᠎ᠠ᠎ᠶ᠋ᠢ ᠲᠤᠷᠱᠢᠨ ᠳᠤᠤᠭᠠᠷᠭᠠᠬᠤ ᠠᠯᠪᠠᠨ ᠵᠠᠷ᠎ᠢ ᠤᠷᠢᠳᠴᠢᠯᠠᠨ ᠨᠡᠢᠲᠡᠯᠡᠵᠦ᠍᠂ ᠬᠣᠲᠠ᠎ᠶ᠋ᠢᠨ ᠠᠷᠠᠳ᠎ᠲᠤ ᠬᠡᠪ᠎ᠦᠨ ᠠᠵᠢᠯ ᠠᠮᠢᠳᠤᠷᠠᠯ᠎ᠤᠨ ᠡᠮᠬᠢ ᠵᠢᠷᠤᠮ᠎ᠢᠶᠠᠨ ᠪᠠᠲᠤᠯᠠᠬᠤ᠎ᠶ᠋ᠢ ᠰᠠᠨᠠᠭᠤᠯᠪᠠ᠃
ᠲᠣᠰ ᠤᠳᠠᠭᠠᠨ᠎ᠤ ᠠᠭᠠᠷ᠎ᠤᠨ ᠰᠡᠷᠭᠡᠢᠯᠡᠯᠲᠡ᠎ᠶ᠋ᠢᠨ ᠰᠡᠷᠡᠮᠵᠢ᠎ᠶ᠋ᠢᠨ ᠳᠣᠬᠢᠶ᠎ᠠ᠎ᠶ᠋ᠢ ᠲᠤᠷᠱᠢᠨ ᠳᠤᠤᠭᠠᠷᠭᠠᠬᠤ ᠠᠵᠢᠯᠯᠠᠭ᠎ᠠ ᠨᠢ ᠬᠣᠲᠠ᠎ᠶ᠋ᠢᠨ ᠠᠷᠠᠳ᠎ᠲᠤ 《9·18》 ᠤ᠋ ᠬᠡᠷᠡᠭ ᠬᠤᠪᠢᠰᠤᠯ᠎ᠤᠨ ᠲᠡᠦᠬᠡ᠎ᠶ᠋ᠢ ᠪᠠᠲᠤ ᠴᠡᠭᠡᠵᠢᠯᠡᠭᠦᠯᠵᠦ᠍᠂ ᠤᠯᠤᠰ᠎ᠤᠨ ᠪᠠᠲᠤᠯᠠᠨ ᠬᠠᠮᠠᠭᠠᠯᠠᠯᠲᠠ᠎ᠶ᠋ᠢ ᠬᠠᠯᠠᠮᠵᠢᠯᠠᠬᠤ᠂ ᠤᠯᠤᠰ᠎ᠤᠨ ᠪᠠᠲᠤᠯᠠᠨ ᠬᠠᠮᠠᠭᠠᠯᠠᠯᠲᠠ᠎ᠶ᠋ᠢ ᠳᠡᠮᠵᠢᠬᠦ᠌ ᠰᠠᠢᠨ ᠰᠠᠢᠬᠠᠨ ᠠᠭᠤᠷ ᠠᠮᠢᠰᠭᠤᠯ᠎ᠢ ᠪᠣᠶ ᠪᠣᠯᠭᠠᠪᠠ᠃ ᠬᠣᠢᠱᠢᠳᠠ᠂ ᠬᠥᠬᠡᠬᠣᠲᠠ᠎ᠶ᠋ᠢᠨ ᠤᠯᠤᠰ᠎ᠤᠨ ᠪᠠᠲᠤᠯᠠᠨ ᠬᠠᠮᠠᠭᠠᠯᠠᠯᠲᠠ᠎ᠶ᠋ᠢᠨ ᠳᠠᠢᠴᠢᠯᠠᠯᠲᠠ᠎ᠶ᠋ᠢᠨ ᠠᠯᠪᠠᠨ ᠬᠡᠷ ᠠᠭᠠᠷ᠎ᠤᠨ ᠰᠡᠷᠭᠡᠢᠯᠡᠯᠲᠡ᠎ᠶ᠋ᠢᠨ ᠰᠡᠷᠡᠮᠵᠢ᠎ᠶ᠋ᠢᠨ ᠳᠣᠬᠢᠶᠠᠨ᠎ᠤ ᠮᠡᠳᠡᠭᠡ ᠵᠠᠩᠭᠢᠴᠢᠯᠠᠯᠲᠠ᠎ᠶ᠋ᠢᠨ ᠪᠠᠢᠭᠤᠯᠤᠯᠲᠠ᠎ᠶ᠋ᠢ ᠤᠯᠠᠮ ᠨᠢᠭᠡ ᠠᠯᠬᠤᠮ ᠨᠠᠢᠳᠠᠪᠤᠷᠢᠵᠢᠭᠤᠯᠵᠤ᠂ ᠪᠥᠬᠥ᠌ ᠠᠷᠠᠳ᠎ᠤᠨ ᠤᠯᠤᠰ᠎ᠤᠨ ᠪᠠᠲᠤᠯᠠᠨ ᠬᠠᠮᠠᠭᠠᠯᠠᠯᠲᠠ᠎ᠶ᠋ᠢᠨ ᠬᠥᠮᠦᠵᠢᠯ᠎ᠦᠨ ᠤᠬᠠᠭᠤᠯᠭ᠎ᠠ᠎ᠶ᠋ᠢ ᠦᠷᠭᠦᠯᠵᠢᠯᠡᠨ ᠴᠢᠩᠭᠠᠳᠭᠠᠵᠤ᠂ ᠣᠷᠣᠨ᠎ᠤ ᠲᠥᠪ᠎ᠦᠨ ᠤᠯᠤᠰ᠎ᠤᠨ ᠪᠠᠲᠤᠯᠠᠨ ᠬᠠᠮᠠᠭᠠᠯᠠᠯᠲᠠ᠎ᠶ᠋ᠢᠨ ᠳᠠᠢᠴᠢᠯᠠᠯᠲᠠ᠎ᠶ᠋ᠢᠨ ᠦᠶ᠋ᠯᠡᠰ᠎ᠦᠨ ᠴᠢᠨᠠᠷ ᠰᠠᠢᠲᠠᠶ ᠬᠥᠭ᠌ᠵᠢᠯᠲᠡ᠎ᠶ᠋ᠢ ᠠᠬᠢᠭᠤᠯᠤᠨ᠎ᠠ᠃