ᠡᠪᠯᠢᠭ ᠲᠠᠭᠠᠷᠠᠭᠤᠯᠤᠨ ᠨᠠᠷᠢᠯᠢᠭ ᠰᠡᠢᠯᠵᠤ ᠨᠢᠮᠪᠠᠢ ᠱᠤᠭᠤᠨ᠎ᠠ
2025-09-17 16:29:58
ᠵᠣᠬᠢᠶᠠᠭ᠍ᠴᠢ᠄
ᠭᠤᠤ ᠷᠦᠢ ᠹᠸᠩ
ᠣᠩᠱᠢᠭ᠍ᠰᠠᠨ ᠣᠳᠠᠭ᠎ᠠ᠄
★★★☆☆

《ᠤᠯᠠᠮᠵᠢᠯᠠᠯᠲᠤ ᠬᠠᠲᠠᠭᠤ ᠮᠣᠳᠣᠨ᠎ᠤ ᠭᠡᠷ᠎ᠤᠨ ᠬᠡᠷᠡᠭ᠌ᠰᠡᠯ ᠳ᠋ᠤ᠌ ᠳᠤᠮᠳᠠᠳᠤ᠎ᠶ᠋ᠢᠨ ᠤᠯᠠᠮᠵᠢᠯᠠᠯᠲᠤ ᠰᠣᠶᠣᠯ᠎ᠤᠨ ᠪᠠᠶᠠᠯᠢᠭ ᠠᠭᠤᠯᠤᠭ᠍ᠳᠠᠬᠤᠨ᠎ᠢ ᠠᠭᠤᠯᠵᠤ ᠪᠠᠢᠳᠠᠭ᠂ ᠵᠦᠪᠬᠡᠨ ᠬᠡᠷᠡᠭ᠌ᠯᠡᠬᠦ᠌ ᠪᠠᠭᠠᠵᠢ ᠬᠡᠷᠡᠭ᠌ᠰᠡᠯ ᠲᠡᠳᠦᠢ ᠪᠢᠰᠢ᠂ ᠨᠡᠩ ᠴᠤ᠌ ᠰᠣᠶᠣᠯ᠎ᠤᠨ ᠠᠴᠢᠶᠠᠯᠠᠪᠤᠷᠢ ᠪᠣᠯᠤᠨ᠎ᠠ》᠃ ᠬᠥᠬᠡᠬᠤᠲᠠ᠎ᠶ᠋ᠢᠨ ᠡᠷᠲᠡᠨ᠎ᠤ ᠰᠣᠩᠭᠤᠳᠠᠭ ᠬᠠᠲᠠᠭᠤ ᠮᠤᠳᠤᠨ᠎ᠤ ᠭᠡᠷ᠎ᠤᠨ ᠬᠡᠷᠡᠭᠰᠡᠯ᠎ᠢ ᠵᠠᠰᠠᠨ ᠰᠡᠷᠭᠦᠭᠡᠬᠦ ᠤᠷ᠎ᠠ ᠮᠡᠷᠭᠡᠵᠢᠯ᠎ᠤᠨ ᠤᠯᠠᠮᠵᠢᠯᠠᠭᠴᠢ ᠭᠦᠸᠧ ᠱᠢᠶᠤᠤ ᠢᠦᠶ ᠵᠢᠨ ᠬᠡᠯᠡᠬᠦ ᠪᠡᠷ᠂ ᠰᠣᠶᠣᠯ᠎ᠤᠨ ᠬᠦᠴᠦᠨ᠎ᠳᠤ ᠲᠦᠱᠢᠭ᠌ᠯᠡᠨ᠂ ᠪᠡᠭᠡᠵᠢᠩ ᠮᠠᠶᠢᠬ᠎ᠤᠨ ᠭᠡᠷ ᠤ᠋ᠨ ᠬᠡᠷᠡᠭᠰᠡᠯ ᠎ᠢ ᠵᠠᠰᠠᠨ ᠰᠡᠷᠭᠦᠭᠡᠬᠦ ᠤᠷ᠎ᠠ ᠮᠡᠷᠭᠡᠵᠢᠯ ᠎ᠢ ᠤᠯᠠᠮᠵᠢᠯᠠᠨ ᠵᠠᠯᠭᠠᠮᠵᠢᠯᠠᠬᠤ ᠶ᠋ᠢ ᠬᠦᠰᠡᠵᠦ᠍ ᠪᠠᠢᠨ᠎ᠠ ᠭᠡᠪᠠ᠃


QQ截图20250828104401.png


ᠴᠢᠩ᠎ᠤᠨ ᠮᠠᠶᠢᠭ᠎ᠤᠨ ᠬᠤᠯᠤᠰᠤᠨ ᠦᠶ᠎ᠡ ᠵᠢᠨ ᠬᠡᠯᠪᠡᠷᠢ ᠲᠠᠢ ᠰᠢᠷᠡᠭᠡ


ᠲᠡᠦᠬᠡ ᠰᠤᠶᠤᠯ ᠎ᠢ ᠠᠴᠢᠶᠠᠯᠠᠵᠤ ᠦᠵᠡᠬᠦ᠎ᠳᠤ ᠭᠤᠶᠤ ᠡᠳ᠋ᠯᠡᠬᠦ᠎ᠳᠤ ᠡᠪᠲᠡᠢ

ᠬᠠᠲᠠᠭᠤ ᠮᠣᠳᠣ ᠵᠢ ᠪᠠᠰᠠ ᠤᠯᠠᠭᠠᠨ ᠮᠣᠳᠣ ᠭᠡᠳᠡᠭ᠂ ᠤᠯᠠᠭᠠᠨ ᠮᠤᠳᠤᠨ᠎ᠤ ᠭᠡᠷ᠎ᠤᠨ ᠬᠡᠷᠡᠭ᠌ᠰᠡᠯ ᠪᠣᠯ ᠮᠠᠨ᠎ᠤ ᠤᠯᠤᠰ᠎ᠤᠨ ᠤᠯᠠᠮᠵᠢᠯᠠᠯᠲᠤ ᠬᠠᠲᠠᠭᠤ ᠮᠣᠳᠣᠨ᠎ᠤ ᠭᠡᠷ᠎ᠤᠨ ᠬᠡᠷᠡᠭ᠌ᠰᠡᠯ ᠪᠣᠯᠤᠨ᠎ᠠ᠃

ᠪᠡᠭᠡᠵᠢᠩ᠎ᠤᠨ ᠤᠷᠳᠤᠨ᠎ᠳ᠋ᠡᠭᠢ ᠬᠠᠳᠠᠭᠤ ᠮᠤᠳᠤᠨ᠎ᠤ ᠭᠡᠷ᠎ᠤᠨ ᠬᠡᠷᠡᠭᠰᠡᠯ ᠦᠢᠯᠡᠳᠬᠦ ᠤᠷ᠎ᠠ ᠮᠡᠷᠭᠡᠵᠢᠯ ᠨᠢ ᠪᠡᠭᠡᠵᠢᠩ᠎ᠤᠨ ᠬᠠᠭᠠᠨ᠎ᠤ ᠬᠤᠲᠠ᠎ᠳᠤ ᠪᠤᠢ ᠪᠤᠯᠵᠤ᠂ ᠮᠢᠩ ᠤᠯᠤᠰ᠂ ᠴᠢᠩ ᠤᠯᠤᠰ᠎ᠤᠨ ᠬᠠᠭᠠᠨ᠎ᠤ ᠣᠷᠳᠣᠨ᠎ᠤ ᠭᠡᠷ᠎ᠤᠨ ᠬᠡᠷᠡᠭ᠌ᠰᠡᠯ᠎ᠤᠨ ᠬᠥᠭ᠌ᠵᠢᠯᠲᠡ᠎ᠶ᠋ᠢᠨ ᠶᠠᠪᠤᠴᠠ᠎ᠳᠤ ᠠᠭᠠᠵᠢᠮ᠎ᠢᠶᠠᠷ ᠪᠤᠢ ᠪᠤᠯᠵᠠᠢ᠂ ᠣᠳᠣ ᠨᠢᠭᠡᠨᠲᠡ ᠭᠤᠷᠪᠠ ᠲᠦᠷᠪᠡᠨ ᠵᠠᠭᠤᠨ ᠵᠢᠯ᠎ᠤᠨ ᠲᠡᠦᠬᠡ᠎ᠲᠠᠢ ᠪᠤᠯᠵᠤ᠂ ᠰᠦᠵᠸᠦ ᠮᠠᠶᠢᠬ᠂ ᠭᠤᠸᠠᠩᠵᠸᠦ ᠮᠠᠶᠢᠬ᠎ᠤᠨ ᠭᠡᠷ᠎ᠤᠨ ᠬᠡᠷᠡᠭᠰᠡᠯ ᠲᠠᠢ ᠬᠠᠮᠲᠤ ᠳᠤᠮᠳᠠᠳᠤ ᠤᠯᠤᠰ᠎ᠤᠨ ᠬᠠᠲᠠᠭᠤ ᠮᠤᠳᠤᠨ᠎ᠤ ᠭᠡᠷ᠎ᠤᠨ ᠬᠡᠷᠡᠭᠰᠡᠯ᠎ᠤᠨ ᠭᠤᠷᠪᠠᠨ ᠶᠡᠭᠡ ᠤᠷᠤᠰᠬᠠᠯ ᠪᠦᠯᠦᠭ ᠭᠡᠵᠦ᠍ ᠨᠡᠷᠡᠢᠳᠦᠭᠳᠡᠵᠦ ᠪᠤᠢ ᠃

ᠴᠢᠩ ᠤᠯᠤᠰ᠎ᠤᠨ ᠰᠠᠢᠱᠢᠶᠠᠯ ᠢᠷᠦᠭᠡᠯᠲᠦ᠍᠎ᠶ᠋ᠢᠨ ᠳᠠᠷᠠᠭ᠎ᠠ᠂ ᠴᠢᠩ ᠤᠯᠤᠰ᠎ᠤᠨ ᠬᠠᠭᠠᠨ᠎ᠤ ᠣᠷᠳᠣᠨ᠎ᠤ ᠦᠢᠯᠡᠳᠭᠡᠯ᠎ᠤᠨ ᠭᠠᠵᠠᠷ᠎ᠤᠨ ᠬᠦᠭᠵᠢᠯᠲᠡ ᠡᠳᠦᠷ ᠢᠷᠡᠬᠦᠶ᠎ᠡ ᠪᠠᠭᠤᠷᠠᠵᠤ᠂ ᠴᠦᠬᠡᠨ ᠪᠤᠰᠤ ᠮᠤᠳᠤᠴᠢᠨ ᠴᠥᠩ ᠸᠧᠨ ᠮᠧᠨ ᠬᠠᠭᠠᠯᠭ᠎ᠠ᠎ᠶ᠋ᠢᠨ ᠭᠠᠳᠠᠨᠠᠬᠢ ᠵᠡᠭᠦᠨ ᠦᠷ᠎ᠤᠨ ᠵᠠᠬ᠎ᠠ᠎ᠶ᠋ᠢᠨ ᠵᠡᠭᠡᠯᠢ᠎ᠳᠠᠬᠢ ᠯᠦ᠍ ᠪᠠᠨ ᠭᠤᠳᠤᠮᠵᠢᠨ᠎ᠳᠤ ᠮᠣᠳᠣᠨ ᠬᠡᠷᠡᠭᠰᠡᠯ᠎ᠤᠨ ᠦᠢᠯᠡᠳᠭᠡᠯ᠎ᠤᠨ ᠭᠠᠵᠠᠷ ᠭᠠᠷᠭᠠᠵᠤ᠂ ᠣᠷᠳᠣᠨ᠎ᠤ ᠦᠢᠯᠡᠳᠬᠦ ᠮᠡᠷᠭᠡᠵᠢᠯ ᠠᠷᠠᠳ᠎ᠤᠨ ᠮᠣᠳᠣᠨ ᠬᠡᠷᠡᠭᠰᠡᠯ ᠦᠢᠯᠡᠳᠬᠦ ᠭᠠᠷ ᠤᠷᠠᠯᠠᠯ᠎ᠳᠤ ᠠᠭᠤᠰᠤᠨ᠂ ᠠᠳᠡ ᠨᠤᠲᠤᠭᠰᠢᠭᠠᠳ ᠦᠨᠳᠦᠰᠦᠯᠡᠵᠦ᠂ ᠡᠳᠦᠷ ᠢᠷᠡᠬᠦᠶ᠎ᠡ ᠥᠷᠨᠢᠨ ᠬᠥᠭ᠌ᠵᠢᠵᠦ᠂ ᠪᠡᠭᠡᠵᠢᠩ᠎ᠤᠨ ᠲᠤᠬᠠᠢ᠎ᠶ᠋ᠢᠨ ᠭᠠᠵᠠᠷ᠎ᠤᠨ ᠬᠠᠲᠠᠭᠤ ᠮᠣᠳᠣᠨ᠎ᠤ ᠭᠡᠷ᠎ᠤᠨ ᠬᠡᠷᠡᠭ᠌ᠰᠡᠯ ᠦᠢᠯᠡᠳᠬᠦ᠌ ᠠᠵᠢᠯ ᠲᠦᠷᠦᠯ ᠪᠤᠯᠪᠠ᠃

ᠤᠯᠠᠮᠵᠢᠯᠠᠯᠲᠦ ᠪᠡᠭᠡᠵᠢᠩ ᠮᠠᠶᠢᠭ᠎ᠤᠨ ᠬᠠᠲᠠᠭᠤ ᠮᠤᠳᠤᠨ᠎ᠤ ᠭᠡᠷ᠎ᠤᠨ ᠬᠡᠷᠡᠭᠰᠡᠯ᠎ᠦᠢᠯᠡᠳᠬᠦ ᠠᠵᠢᠯ᠎ᠤᠨ ᠭᠤᠭᠴᠤᠭ᠎ᠠ᠎ᠨᠢ ᠪᠤᠳᠤᠯᠢᠶᠠᠨᠲᠠᠢ ᠪᠠᠢᠵᠤ᠂ ᠮᠣᠳᠣᠴᠢᠨ᠂ ᠰᠡᠢᠯᠦᠮᠡᠯᠴᠢᠨ᠂ ᠰᠢᠷᠲᠡᠬᠦ ᠠᠵᠢᠯᠴᠢᠨ ᠵᠡᠷᠭᠡ ᠠᠳᠠᠯᠢ ᠪᠤᠰᠤ ᠠᠵᠢᠯ ᠲᠥᠷᠥᠯ᠎ᠲᠠᠢ ᠬᠤᠯᠪᠣᠭ᠍ᠳᠠᠨ᠎ᠠ᠃ ᠤᠷᠢᠳ᠎ᠢᠶᠠᠷ ᠵᠢᠷᠤᠵᠤ ᠲᠦᠯᠦᠪᠯᠡᠵᠦ᠂ ᠮᠠᠲ᠋ᠧᠷᠢᠶᠠᠯ ᠰᠣᠩᠭᠤᠨ᠎ᠠ᠂ ᠳᠠᠷᠠᠭ᠎ᠠ᠎ᠨᠢ ᠮᠤᠳᠤᠨ ᠮᠠᠲᠸᠷᠢᠶᠠᠯ ᠵᠢᠡᠨ ᠪᠦᠳᠦᠭᠦᠯᠢᠭ ᠪᠤᠯᠪᠠᠰᠤᠷᠠᠭᠤᠯᠬᠤ᠂ ᠠᠮᠠ ᠰᠡᠭᠡᠷ ᠭᠠᠷᠭᠠᠬᠤ ᠵᠡᠷᠭᠡ ᠲᠦᠷᠦᠬᠦᠦ ᠠᠯᠬᠤᠮ᠎ᠤᠨ ᠮᠣᠳᠣᠴᠢᠨ᠎ᠤ ᠠᠵᠢᠯ᠎ᠢ ᠭᠦᠢᠴᠡᠳᠭᠡᠨ᠎ᠡ᠂ ᠵᠠᠯᠭᠠᠭᠠᠳ ᠴᠤᠭᠤᠯᠬᠤ᠂ ᠭᠢᠯᠦᠭᠡᠷ ᠪᠤᠯᠭᠠᠬᠤ᠂ ᠵᠠᠰᠠᠬᠤ ᠵᠡᠷᠭᠡ ᠠᠷᠭ᠎ᠠ᠎ᠮᠡᠷᠭᠡᠵᠢᠯ᠎ᠳᠤ ᠲᠦᠰᠢᠨ ᠱᠤᠭᠤᠵᠤ ᠰᠡᠢᠯᠦᠨ᠎ᠡ᠃ ᠳᠠᠷᠠᠭ᠎ᠠ ᠨᠢ ᠲᠤᠨᠤᠭ᠎ᠢ ᠴᠠᠪᠠᠤ ᠪᠡᠷ ᠨᠠᠭᠠᠯᠳᠤᠭᠤᠯᠤᠨ᠎ᠠ᠂ ᠭᠡᠷ᠎ᠤᠨ ᠬᠡᠷᠡᠭ᠌ᠰᠡᠯ᠎ᠢ ᠰᠡᠯᠪᠢᠨ ᠵᠠᠰᠠᠬᠤ ᠦᠶ᠎ᠡ᠎ᠳᠤ ᠬᠠᠯᠠᠭᠤᠨ ᠤᠰᠤ ᠪᠡᠷ᠎ᠠᠮᠠ ᠰᠡᠭᠡᠷ᠎ᠤᠨ ᠬᠡᠰᠡᠭ᠎ᠢ ᠬᠠᠯᠠᠭᠠᠪᠠᠯ ᠰᠤᠯᠠᠷᠠᠭᠠᠳ ᠰᠠᠯᠭᠠᠵᠤ ᠳᠡᠢᠯᠦᠨ᠎ᠡ᠃ ᠡᠴᠦᠰ ᠲᠦ᠍ ᠰᠢᠷᠳᠡᠬᠦ ᠠᠵᠢᠯᠴᠢᠨ᠎ᠤ ᠭᠤᠭᠴᠤᠭ᠎ᠠ ᠪᠤᠯᠤᠨ᠎ᠠ᠂ ᠤᠷᠢᠳ᠎ᠢᠶᠠᠷ ᠨᠠᠷᠠᠰᠤᠨ ᠡᠪᠡᠰᠦ᠎ᠪᠠᠷ ᠱᠦᠷᠭᠦᠭᠡᠨ᠎ᠡ᠂ ᠡᠨᠡ ᠨᠢ ᠮᠣᠳᠣᠨ ᠮᠠᠲ᠋ᠧᠷᠢᠶᠠᠯ᠎ᠤᠨ ᠰᠢᠷᠬᠡᠭ ᠎ᠢ ᠡᠪᠳᠡᠬᠦ ᠦᠭᠡᠢ ᠪᠦᠭᠡᠳ ᠮᠤᠳᠤᠨ ᠮᠠᠲᠸᠷᠢᠶᠠᠯ᠎ᠤᠨ ᠭᠡ ᠪᠤᠯᠤᠨ ᠦᠩᠭᠡ ᠵᠢ ᠲᠤᠳᠤᠷᠠᠭᠤᠯᠤᠨ᠎ᠠ᠂ ᠳᠠᠬᠢᠨ ᠭᠡᠷ᠎ᠤᠨ ᠬᠡᠷᠡᠭ᠌ᠰᠡᠯ᠎ᠤᠨ ᠭᠠᠳᠠᠷᠭᠤ᠎ᠳᠤ ᠵᠦᠭᠡᠢ᠎ᠶ᠋ᠢᠨ ᠯᠠ ᠲᠦᠷᠬᠢᠵᠦ᠂ ᠴᠢᠬᠢᠭᠲᠦᠬᠦ ᠡᠴᠡ ᠰᠡᠷᠭᠡᠢᠯᠡᠨ᠂ ᠤᠳᠠᠭᠠᠨ ᠵᠢᠯ᠎ᠳᠤ ᠬᠦᠯᠢᠭᠡᠷ ᠬᠡᠪ᠎ᠢ ᠨᠢ ᠬᠠᠳᠠᠭᠠᠯᠠᠨ᠎ᠠ᠂ ᠵᠠᠷᠢᠮ ᠭᠡᠷ᠎ᠦ᠋ᠨ ᠬᠡᠷᠡᠭ᠌ᠰᠡᠯ ᠳ᠋ᠦ ᠪᠠᠰᠠ ᠵᠠᠯ᠎ᠠ ᠵᠢᠨ ᠭᠦᠷᠦᠮᠡᠯ ᠪᠤᠯᠤᠨ ᠠᠯᠲᠠ ᠮᠦᠩᠭᠦᠨ ᠲᠤᠨᠤᠭ ᠬᠠᠪᠰᠤᠷᠭᠠᠨ᠂ ᠡᠳ᠋ᠯᠡᠪᠦᠷᠢᠲᠡᠢ ᠪᠦᠭᠡᠳ ᠭᠤᠶᠤ ᠬᠠᠷᠠᠭᠳᠠᠳᠠᠭ᠃

ᠬᠠᠲᠠᠭᠤ ᠮᠣᠳᠣᠨ᠎ᠤ ᠭᠡᠷ᠎ᠦ᠋ᠨ ᠬᠡᠷᠡᠭ᠌ᠰᠡᠯ ᠶᠡᠷᠦ ᠨᠢ ᠵᠠᠭᠤ ᠭᠠᠷᠤᠢ ᠵᠢᠯ ᠤᠯᠠᠮᠵᠢᠯᠠᠭᠳᠠᠨ ᠬᠡᠷᠡᠭ᠌ᠯᠡᠭᠳᠡᠳᠡᠭ᠂ ᠡᠢᠮᠦ ᠡᠴᠡ ᠡᠷᠲᠡᠨ᠎ᠦ᠌ ᠬᠠᠭᠤᠴᠢᠨ ᠭᠡᠷ᠎ᠦ᠋ᠨ ᠬᠡᠷᠡᠭ᠌ᠰᠡᠯ᠎ᠢ᠋ ᠰᠡᠯᠪᠢᠨ ᠵᠠᠰᠠᠬᠤ ᠠᠵᠢᠯ ᠴᠦ᠍ ᠮᠠᠱᠢ ᠴᠢᠬᠤᠯᠠ ᠪᠠᠢᠳᠠᠭ᠂ ᠤᠷᠢᠳ᠎ᠢᠶᠡᠷ ᠨᠠᠷᠢᠨ ᠨᠢᠮᠪᠠᠢ ᠠᠵᠢᠭᠯᠠᠵᠤ ᠰᠢᠨᠵᠢᠯᠡᠨ᠂ ᠡᠪᠳᠡᠷᠡᠵᠦ ᠰᠦᠢᠲᠦᠭᠰᠡᠨ ᠪᠠᠢᠳᠠᠯ᠎ᠢ᠋ ᠮᠠᠭᠠᠳᠯᠠᠵᠤ᠂ ᠥᠩᠭᠡᠨ ᠲᠠᠯ᠎ᠠ᠎ᠶᠢᠨ ᠬᠣᠭ ᠲᠣᠭᠣᠰᠣ ᠵᠢᠴᠢ ᠬᠠᠭᠤᠴᠢᠷᠠᠭᠰᠠᠨ ᠴᠠᠪᠠᠤ ᠵᠢᠨ ᠭᠬᠢᠷ᠎ᠢ ᠴᠡᠪᠡᠷᠯᠡᠵᠦ ᠠᠷᠢᠯᠭᠠᠨ᠎ᠠ᠃ ᠪᠦᠬᠦᠢᠯᠡ ᠳᠤᠲᠠᠭ᠍ᠰᠠᠨ ᠲᠣᠨᠣᠭ᠎ᠢ ᠤᠭ᠎ᠤᠨ ᠬᠡᠮᠵᠢᠶ᠎ᠡ ᠪᠠ ᠬᠡᠯᠪᠡᠷᠢ ᠳᠦᠷᠰᠦ᠎ᠶᠤᠰᠤᠭᠠᠷ ᠵᠢᠷᠤᠵᠤ ᠲᠥᠯᠥᠪᠯᠡᠨ ᠦᠢᠯᠡᠳᠦᠨ᠎ᠠ᠃ ᠠᠩ ᠴᠠᠪᠠ ᠭᠠᠷᠬᠤ ᠪᠤᠶᠤ ᠠᠮᠠ ᠰᠡᠭᠡᠷ ᠨᠢ ᠬᠦᠨᠳᠦ ᠨᠣᠴᠢᠲᠠᠶ ᠰᠦᠢᠲᠦᠭᠰᠡᠨ ᠪᠣᠯ ᠰᠠᠯᠭᠠᠭᠠᠳ ᠰᠡᠯᠪᠢᠨ ᠵᠠᠰᠠᠭ᠍ᠰᠠᠨ᠎ᠤ ᠳᠠᠷᠠᠭ᠎ᠠ ᠳᠠᠬᠢᠨ ᠤᠭᠰᠠᠷᠠᠨ᠎ᠡ᠂ ᠡᠭᠦᠨ᠎ᠤ ᠤᠯᠠᠮ ᠵᠢᠡᠷ ᠠᠯᠢ ᠴᠢᠳᠠᠬᠤ ᠪᠡᠷ ᠭᠡᠷ᠎ᠤᠨ ᠬᠡᠷᠡᠭ᠌ᠰᠡᠯ᠎ᠦᠨ ᠤᠭ ᠳᠦᠷᠰᠦ᠎ᠶ᠋ᠢ ᠰᠡᠷᠭᠦᠭᠡᠨ᠎ᠡ᠃

2008 ᠣᠨ᠎ᠤ 6 ᠰᠠᠷ᠎ᠠ᠎ᠳᠤ᠂ ᠪᠡᠭᠡᠵᠢᠩ ᠮᠠᠶᠢᠭ᠎ᠤᠨ ᠬᠠᠲᠠᠭᠤ ᠮᠣᠳᠣᠨ᠎ᠤ ᠭᠡᠷ᠎ᠦᠨ ᠬᠡᠷᠡᠭ᠌ᠰᠡᠯ ᠦᠢᠯᠡᠳᠬᠦ᠌ ᠤᠷ᠎ᠠ ᠮᠡᠷᠭᠡᠵᠢᠯ ᠨᠢ ᠲᠦᠷᠦᠬᠦᠦ ᠪᠦᠯᠦᠭ᠎ᠤᠨ ᠤᠯᠤᠰ᠎ᠤᠨ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠬᠦ᠌ ᠴᠢᠨᠠᠷᠲᠠᠶ ᠲᠥᠷᠥᠯ ᠵᠦᠢᠯ᠎ᠦᠨ ᠨᠡᠷᠡᠰ᠎ᠲᠦ ᠰᠣᠩᠭᠣᠭ᠍ᠳᠠᠪᠠ᠃


QQ截图20250828104424.png


ᠴᠢᠩ᠎ᠤᠨ ᠮᠠᠶᠢᠭ᠎ᠤᠨ  ᠬᠠᠲᠠᠭᠤ ᠮᠤᠳᠤᠨ᠎ᠤ ᠭᠡᠷ᠎ᠤᠨ ᠬᠡᠷᠡᠭᠰᠡᠯ


ᠦᠪᠡᠷᠮᠢᠴᠡ ᠭᠤᠢᠳᠠ ᠤᠷᠠᠨ ᠰᠠᠨᠠᠭ᠎ᠠ ᠰᠦᠭ ᠰᠦᠨᠡᠰᠦᠨ᠎ᠳᠤᠨᠢ ᠠᠭᠤᠰᠤᠨ᠎ᠠ

ᠡᠨᠡ ᠵᠢᠯ 51 ᠨᠠᠰᠤᠲᠠᠶ ᠭᠦᠸᠧ ᠱᠢᠶᠣᠤ ᠢᠦᠶ ᠪᠣᠯ ᠬᠥᠬᠡᠬᠤᠲᠠ᠎ᠶ᠋ᠢᠨ ᠡᠷᠲᠡᠨ᠎ᠤ ᠬᠠᠲᠠᠭᠤ ᠮᠣᠳᠣᠨ᠎ᠤ ᠭᠡᠷ᠎ᠤᠨ ᠬᠡᠷᠡᠭ᠌ᠰᠡᠯ᠎ᠢ ᠰᠡᠯᠪᠢᠨ ᠵᠠᠰᠠᠬᠤ ᠮᠡᠷᠭᠡᠵᠢᠯ᠎ᠤᠨ ᠤᠯᠠᠮᠵᠢᠯᠠᠭ᠍ᠴᠢ ᠪᠠᠢᠵᠤ᠂ ᠬᠠᠲᠠᠭᠤ ᠮᠣᠳᠣᠨ᠎ᠤ ᠭᠡᠷ᠎ᠤᠨ ᠬᠡᠷᠡᠭᠰᠡᠯ᠎ᠢ ᠵᠠᠰᠠᠨ ᠰᠡᠷᠭᠦᠭᠡᠭᠦ ᠠᠵᠢᠯ᠎ᠢ ᠬᠢᠭᠡᠳ 20 ᠱᠢᠬᠠᠮ ᠵᠢᠯ᠎ᠤᠨ ᠲᠡᠦᠬᠡ ᠲᠠᠢ ᠪᠤᠯᠵᠠᠢ᠃

2005 ᠣᠨ᠎ᠳ᠋ᠤ᠂ ᠭᠦᠸᠸ ᠱᠢᠶᠣᠣ ᠢᠦᠢ ᠬᠡᠳᠦᠨ ᠬᠦᠮᠦᠨ ᠲᠠᠢ ᠬᠤᠷᠰᠢᠭᠠᠳ᠂ ᠬᠥᠬᠡᠬᠣᠲᠠ᠎ᠳ᠋ᠤ ᠮᠢᠩ ᠴᠢᠩ᠎ᠦ᠋ᠨ ᠭᠡᠷ᠎ᠦ᠋ᠨ ᠬᠡᠷᠡᠭ᠌ᠰᠡᠯ᠎ᠢ ᠳᠠᠭᠤᠷᠢᠶᠠᠭᠰᠠᠨ ᠭᠡᠷ᠎ᠤᠨ ᠬᠡᠷᠡᠭᠰᠡᠯ᠎ᠤᠨ ᠳᠡᠯᠭᠡᠭᠦᠷ ᠨᠡᠭᠡᠭᠡᠵᠦ᠍᠂ ᠾᠧᠪᠧᠢ᠎ᠶᠢᠨ ᠼᠠᠩᠵᠧᠦ᠍᠎ᠶᠢᠨ ᠨᠢᠭᠡ ᠭᠡᠷ᠎ᠦ᠋ᠨ ᠬᠡᠷᠡᠭ᠌ᠰᠡᠯ᠎ᠦ᠋ᠨ ᠦᠢᠯᠡᠳᠪᠦᠷᠢ᠎ᠡᠴᠡ ᠪᠠᠷᠠᠭ᠎ᠠ ᠤᠷᠤᠭᠤᠯᠪᠠ᠃ ᠪᠤᠷᠤᠯᠠᠭᠤᠯᠭ᠎ᠠ ᠵᠢᠨ ᠳᠠᠷᠠᠭᠠᠬᠢ ᠦᠢᠯᠡᠴᠢᠯᠡᠭᠡ ᠵᠢᠨ ᠶᠠᠰᠤ ᠴᠢᠨᠠᠷ᠎ᠢ᠋ ᠪᠠᠲᠤᠯᠠᠬᠤ᠎ᠶᠢᠨ ᠲᠥᠯᠥᠭᠡ᠂ ᠭᠦᠸᠧ ᠱᠢᠶᠣᠤ ᠢᠦᠢ ᠬᠠᠲᠠᠭᠤ ᠮᠣᠳᠣᠨ᠎ᠤ ᠭᠡᠷ᠎ᠦ᠋ᠨ ᠬᠡᠷᠡᠭ᠌ᠰᠡᠯ ᠪᠤᠷᠤᠯᠠᠭᠤᠯᠬᠤ᠎ᠶᠢᠨ ᠬᠠᠮᠲᠤ᠂ ᠲᠤᠰᠭᠠᠢᠯᠠᠨ ᠦᠢᠯᠡᠳᠪᠦᠷᠢ᠎ᠶᠢᠨ ᠪᠠᠭ᠍ᠱᠢ ᠨᠠᠷ᠎ᠡᠴᠡ ᠵᠠᠰᠠᠨ ᠰᠡᠷᠭᠦᠭᠡᠬᠦ ᠮᠡᠷᠭᠡᠵᠢᠯ᠎ᠢ᠋ ᠰᠤᠷᠴᠠᠢ᠃ ᠬᠡᠳᠦᠨ ᠵᠢᠯ᠎ᠦ᠋ᠨ ᠳᠠᠷᠠᠭ᠎ᠠ ᠲᠡᠷᠡ ᠴᠠᠭᠠᠷᠠᠭᠰᠠᠨ ᠮᠡᠷᠭᠡᠵᠢᠯ ᠲᠠᠢ ᠪᠤᠯᠵᠤ᠂ ᠵᠠᠷᠢᠮ ᠬᠡᠷᠡᠭ᠌ᠯᠡᠭ᠌ᠴᠢᠳ᠎ᠦ᠋ᠨ ᠭᠡᠷ᠎ᠦ᠋ᠨ ᠬᠡᠷᠡᠭ᠌ᠰᠡᠯ ᠨᠢ ᠬᠠᠭᠠᠷᠠᠬᠤ᠂ ᠭᠠᠵᠢᠬᠤ᠂ ᠮᠥᠷᠭᠥᠵᠦ ᠱᠦᠷᠭᠦᠭᠡᠬᠦ ᠵᠡᠷᠭᠡ ᠪᠠᠢᠳᠠᠯ ᠭᠠᠷᠪᠠᠯ ᠪᠦᠷ ᠵᠠᠰᠠᠵᠤ ᠰᠡᠷᠭᠦᠭᠡᠭᠡᠳ ᠱᠢᠨ᠎ᠡ ᠰᠢᠭ  ᠪᠤᠯᠭᠠᠴᠢᠬᠠᠳᠠᠭ᠃

ᠬᠡᠳᠦᠨ ᠵᠢᠯ᠎ᠦ᠋ᠨ ᠲᠤᠷᠱᠢ᠂ ᠡᠵᠡᠩᠨᠡᠯᠲᠡ᠎ᠶᠢᠨ ᠶᠡᠷᠦᠩᠬᠡᠢ ᠤᠷᠤᠯᠭ᠎ᠠ᠎ᠶᠢᠨ ᠨᠡᠮᠡᠭ᠌ᠳᠡᠬᠦ᠌᠎ᠶᠢ ᠳᠠᠭᠠᠯᠳᠤᠨ᠂ ᠭᠦᠸᠧ ᠱᠢᠶᠣᠤ ᠢᠦᠢ᠎ᠶᠢᠨ ᠳᠡᠯᠭᠡᠭᠦᠷ ᠵᠢᠯ ᠲᠤᠳᠤᠮ ᠥᠷᠭᠡᠳᠴᠦ᠍᠂ ᠬᠠᠲᠠᠭᠤ ᠮᠣᠳᠣᠨ᠎ᠤ ᠭᠡᠷ᠎ᠦ᠋ᠨ ᠬᠡᠷᠡᠭ᠌ᠰᠡᠯ ᠰᠡᠯᠪᠢᠨ ᠵᠠᠰᠠᠬᠤ ᠲᠠᠰᠤᠭ ᠪᠠᠢᠭᠤᠯᠤᠭᠠᠳ᠂ 3 ᠱᠠᠪᠢ ᠨᠢ ᠲᠤᠰᠭᠠᠢᠯᠠᠨ ᠬᠡᠷᠡᠭᠯᠡᠭᠴᠢᠳ᠎ᠤᠨ ᠭᠡᠷ᠎ᠦ᠋ᠨ ᠬᠡᠷᠡᠭ᠌ᠰᠡᠯ᠎ᠢ ᠰᠡᠯᠪᠢᠨ ᠵᠠᠰᠠᠬᠤ᠎ᠠᠵᠢᠯ᠎ᠢ ᠬᠠᠷᠢᠭᠤᠴᠠᠭ᠍ᠰᠠᠨ ᠪᠠᠢᠨ᠎ᠠ᠃

ᠭᠦᠸᠧ ᠱᠢᠶᠣᠤ ᠢᠦᠶ ᠵᠢᠨ ᠬᠡᠯᠡᠬᠦ᠌᠎ᠪᠡᠷ᠂ ᠬᠠᠲᠠᠭᠤ ᠮᠤᠳᠤᠨ᠎ᠤ ᠭᠡᠷ᠎ᠤᠨ ᠬᠡᠷᠡᠭ᠌ᠰᠡᠯ ᠮᠢᠩ ᠴᠢᠩ᠎ᠤᠨ ᠦᠶ᠎ᠡ᠎ᠠᠴᠠ ᠣᠳᠣ ᠪᠣᠯᠲᠠᠯ᠎ᠠ ᠬᠥᠮᠦᠰ᠎ᠤᠨ ᠲᠠᠭᠠᠰᠢᠶᠠᠯ᠎ᠢ ᠭᠦᠨ ᠬᠦᠷᠲᠡᠭᠰᠡᠭᠡᠷ ᠢᠷᠡᠵᠡᠢ᠂ ᠲᠡᠷᠡ᠎ᠨᠢ ᠮᠢᠩ ᠤᠯᠤᠰ᠎ᠤᠨ ᠦᠶ᠎ᠡ᠎ᠳᠤ ᠪᠤᠢ ᠪᠤᠯᠵᠦ᠂ ᠤᠷ᠎ᠠ ᠮᠡᠷᠭᠡᠵᠢᠯ᠎ᠤᠨ᠎ᠰᠠᠢᠨ ᠨᠢ ᠭᠤᠤᠯᠳᠠᠭᠤ ᠤᠷᠠᠨ ᠨᠠᠷᠢᠯᠢᠭ ᠪᠦᠲᠦᠴᠡ᠎ᠶ᠋ᠢᠨ ᠲᠠᠯ᠎ᠠ᠎ᠪᠠᠷ ᠢᠯᠡᠷᠡᠵᠦ᠍ ᠪᠤᠢ᠂ ᠰᠠᠢᠨ ᠭᠡᠷ᠎ᠤᠨ ᠬᠡᠷᠡᠭ᠌ᠰᠡᠯ᠎ᠤᠨ ᠪᠦᠬᠦ᠌ ᠲᠤᠨᠤᠭ᠎ᠢ ᠴᠥᠮ ᠠᠮᠠ ᠰᠡᠭᠡᠷ ᠵᠤᠯᠭᠠᠭᠤᠯᠤᠨ᠎ᠤᠭᠰᠠᠷᠠᠬᠤ᠎ᠳᠤ ᠲᠦᠱᠢᠭ᠌ᠯᠡᠵᠤ ᠪᠤᠯᠤᠨ᠎ᠠ᠂ ᠵᠢᠱ᠌ᠢᠶᠡᠯᠡᠪᠡᠯ᠂ ᠬᠠᠮᠤᠭ᠎ᠤᠨ ᠠᠯᠳᠠᠷᠲᠠᠢ ᠨᠢ ᠠᠮᠠ ᠰᠡᠭᠡᠷ᠎ᠤᠨ ᠤᠷ᠎ᠠ ᠮᠡᠷᠭᠡᠵᠢᠯ᠎ᠪᠤᠯᠤᠨ᠎ᠠ᠂ ᠲᠤᠰ ᠮᠡᠷᠭᠡᠵᠢᠯ ᠰᠦᠩ ᠤᠯᠤᠰ᠎ᠤᠨ ᠦᠶ᠎ᠡ᠎ᠳᠤ ᠬᠦᠭᠵᠢᠭᠡᠳ ᠤᠷᠬᠢᠯ᠎ᠳᠠᠭᠠᠨ ᠬᠦᠷᠴᠦ᠍᠂ ᠪᠦᠬᠦᠢᠯᠡ ᠲᠣᠮᠣ ᠣᠷᠳᠣᠨ ᠬᠠᠷᠰᠢ ᠵᠢᠨ ᠦᠴᠢᠨᠡᠨ ᠠᠷᠪᠢᠨ ᠲᠤᠨᠤᠭ᠎ᠢ ᠨᠢᠭᠡ ᠬᠠᠳᠠᠭᠠᠰᠤ ᠴᠦ᠍ ᠦᠯᠦ ᠬᠡᠷᠡᠭᠯᠡᠨ ᠴᠢᠩᠭ᠎ᠠ ᠤᠭᠰᠠᠷᠠᠵᠤ ᠳᠡᠢᠯᠦᠨ᠎ᠡ᠂ ᠡᠨᠡ ᠴᠢᠨᠢ ᠬᠢᠯᠪᠠᠷ ᠪᠤᠰᠤ ᠶᠠᠪᠤᠳᠠᠯ ᠰᠢᠦ᠃ ᠠᠮᠠ ᠰᠡᠭᠡᠷ᠎ᠤᠨ ᠲᠤᠨᠤᠭ ᠶᠡᠬᠡ ᠳᠠᠷᠤᠯᠲᠠ ᠲᠠᠢ ᠪᠤᠯᠬᠤ ᠦᠶ᠎ᠡ᠎ᠳᠤ ᠨᠡᠩ ᠪᠠᠬᠢᠵᠢᠨ᠎ᠡ᠂ ᠡᠷᠲᠡᠨ᠎ᠦ ᠮᠣᠳᠣᠨ ᠪᠦᠲᠦᠴᠡ ᠲᠠᠢ ᠪᠠᠷᠢᠯᠭ᠎ᠠ ᠣᠯᠠᠨ ᠤᠳᠠᠭᠠᠨ᠎ᠤ ᠭᠠᠵᠠᠷ ᠬᠥᠳᠡᠯᠦᠯᠲᠠ ᠵᠢ ᠠᠵᠢᠭ ᠦᠭᠡᠢ ᠲᠤᠭᠤᠯᠳᠠᠭ᠂ ᠮᠣᠳᠣᠨ ᠮᠠᠲ᠋ᠧᠷᠢᠶᠠᠯ᠎ᠤᠨ ᠲᠡᠯᠡᠬᠦ᠌ ᠬᠦᠴᠦᠨ ᠨᠢ ᠴᠢᠩᠭ᠎ᠠ ᠪᠠᠢᠳᠠᠭ᠎ᠠᠴᠠ ᠭᠠᠳᠠᠨ᠎ᠠ ᠪᠠᠰᠠ ᠨᠢᠭᠡ ᠨᠢᠭᠡ ᠠᠮᠠ ᠰᠡᠭᠡᠷ᠎ᠬᠠᠷᠢᠯᠴᠠᠨ ᠬᠤᠯᠪᠤᠯᠳᠤᠵᠤ᠂ ᠪᠦᠲᠦᠴᠡ ᠨᠢ ᠮᠠᠰᠢ ᠴᠢᠩᠭ᠎ᠠ ᠨᠢᠭ᠍ᠲᠠ ᠪᠠᠢᠳᠠᠭ᠃ ᠡᠢᠮᠦ᠍᠎ᠠᠴᠠ ᠬᠠᠲᠠᠭᠤ ᠮᠤᠳᠤᠨ᠎ᠤ ᠭᠡᠷ᠎ᠤᠨ ᠬᠡᠷᠡᠭ᠌ᠰᠡᠯ᠎ᠤᠯᠠᠩᠬᠢ᠎ᠳᠠᠭᠠᠨ ᠠᠮᠠ ᠰᠡᠭᠡᠷ᠎ᠤᠨ ᠪᠦᠲᠦᠴᠡ ᠵᠢ ᠬᠡᠷᠡᠭᠯᠡᠵᠦ᠂ ᠬᠢᠴᠡ ᠨᠢ ᠤᠷᠠᠨ ᠡᠪᠲᠡᠢ᠂ ᠬᠡᠷᠡᠭᠯᠡᠬᠦ᠎ᠳᠤ ᠪᠦᠭᠡ ᠪᠠᠢᠳᠠᠭ ᠭᠡᠪᠠ᠃


QQ截图20250912101212.png


ᠬᠠᠲᠠᠭᠤ ᠮᠤᠳᠤᠨ᠎ᠤ ᠭᠡᠷ᠎ᠤᠨ ᠬᠡᠷᠡᠭ᠌ᠰᠡᠯ᠎ᠢ ᠵᠠᠰᠠᠨ ᠰᠡᠷᠭᠦᠭᠡᠬᠦ ᠲᠠᠰᠤᠭ᠎ᠤᠨ ᠮᠤᠳᠤᠴᠢᠨ ᠤᠯᠠᠭᠠᠨ ᠽᠠᠨᠳᠠᠨ ᠰᠠᠨᠳᠠᠯᠢ᠎ᠶ᠋ᠢ ᠵᠠᠰᠠᠵᠤ ᠪᠠᠢᠨ᠎ᠠ


ᠠᠮᠠ ᠰᠡᠭᠡᠷ᠎ᠤᠨ ᠪᠦᠲᠦᠴᠡ ᠵᠢ ᠬᠡᠷᠡᠭ᠌ᠯᠡᠵᠦ᠍ ᠪᠠᠢᠭ᠎ᠠ ᠬᠡᠰᠡᠭ᠂ ᠴᠢᠳᠠᠮᠵᠢ ᠪᠣᠯᠤᠨ ᠬᠡᠯᠪᠡᠷᠢ ᠳᠦᠷᠰᠦ᠎ᠵᠢ ᠨᠢ ᠦᠨᠳᠦᠰᠦᠯᠡᠭᠡᠳ᠂ ᠢᠯᠡ ᠤᠭ᠍ᠯᠠᠭᠤᠷ᠂ ᠳᠠᠯᠳᠠ ᠤᠭ᠍ᠯᠠᠭᠤᠷ᠂ ᠳᠤᠬᠤᠬᠤ ᠤᠭ᠍ᠯᠠᠭᠤᠷ ᠁ ᠵᠡᠷᠭᠡ ᠠᠷᠪᠢᠨ ᠲᠦᠷᠦᠯ ᠵᠦᠢᠯ ᠬᠤᠪᠢᠶᠠᠳᠠᠭ᠃

《ᠲᠣᠮᠲᠠᠲᠣ ᠣᠯᠣᠰ᠎ᠤᠨ ᠣᠯᠠᠮᠵᠢᠯᠠᠯᠲᠣ ᠬᠠᠲᠠᠭᠤ ᠮᠣᠳᠣᠨ᠎ᠤ ᠭᠡᠷ᠎ᠤᠨ ᠬᠡᠷᠡᠭ᠌ᠰᠡᠯ᠎ᠢ ᠮᠤᠳᠤᠴᠢᠳ ᠦᠨᠳᠦᠰᠦᠨ᠎ᠳᠡᠭᠡᠨ ᠬᠢᠷᠦᠬᠡᠳᠡᠬᠦ᠂ ᠬᠠᠷᠠᠭᠤᠯᠳᠠᠬᠤ᠂ ᠨᠦᠬᠡᠯᠡᠬᠦ ᠵᠡᠷᠭᠡ ᠨᠢᠭᠡ ᠨᠢᠭᠡ ᠠᠯᠬᠤᠮ ᠵᠢᠡᠷ ᠪᠡᠶᠡᠯᠡᠭᠦᠯᠵᠡᠢ᠂ ᠠᠯᠬᠤᠮ ᠪᠦᠷᠢ᠎ᠳᠤ ᠲᠡᠳᠡ ᠤᠶᠤᠨ ᠬᠦᠴᠦ ᠪᠠᠨ ᠵᠠᠷᠤᠴᠠᠭᠤᠯᠬᠤ ᠵᠢᠨ ᠬᠠᠮᠲᠤ ᠪᠠᠰᠠ ᠪᠦᠬᠦᠯᠢ ᠴᠣᠭ᠍ᠴᠠ᠎ᠶ᠋ᠢᠨ ᠤᠷᠠᠯᠢᠭ᠎ᠤᠨ ᠲᠠᠯ᠎ᠠ᠎ᠪᠠᠷ ᠡᠶ᠎ᠡ ᠵᠣᠬᠢᠴᠠᠩᠭᠤᠢ ᠨᠢᠭᠡᠳᠦᠯ᠎ᠢ ᠡᠷᠬᠢᠮᠯᠡᠨ᠎ᠡ》᠃ ᠭᠦᠸᠸ ᠱᠢᠶᠤᠤ ᠢᠤᠢ ᠵᠢᠨ ᠬᠡᠯᠡᠬᠦ ᠪᠡᠷ᠂ ᠡᠷᠲᠡᠨ᠎ᠤ ᠬᠦᠮᠦᠰ᠎ᠤᠨ ᠦᠪᠡᠷᠮᠢᠴᠡ ᠭᠤᠢᠳᠠ ᠤᠷᠠᠨ ᠰᠠᠨᠠᠭ᠎ᠠ ᠮᠤᠲᠤᠴᠢᠨ᠎ᠤ ᠤᠷ᠎ᠠ ᠮᠡᠷᠭᠡᠵᠢᠯ ᠪᠤᠯᠤᠨ ᠮᠤᠳᠤ᠎ᠶ᠋ᠢ ᠤᠶᠠᠯᠲᠤᠭᠤᠯᠤᠭᠠᠳ ᠠᠮᠢᠳᠤᠯᠢᠭ ᠡᠳ᠋ᠯᠡᠯ᠎ᠢ ᠪᠦᠲᠦᠭᠡᠵᠦ᠂ ᠡᠨᠡ ᠨᠢ ᠬᠠᠲᠠᠭᠤ ᠮᠤᠲᠤᠨ᠎ᠤ ᠭᠡᠷ᠎ᠤᠨ ᠬᠡᠷᠡᠭ᠌ᠰᠡᠯ᠎ᠤᠨ ᠰᠦᠭ ᠰᠦᠨᠡᠰᠦ ᠪᠤᠯᠵᠠᠢ᠃ ᠬᠠᠷᠢᠨ ᠡᠳᠡᠭᠡᠷ ᠭᠡᠷ᠎ᠦᠨ ᠬᠡᠷᠡᠭᠰᠡᠯ᠎ᠢ ᠵᠠᠰᠠᠨ ᠰᠡᠷᠭᠦᠭᠡᠬᠦ᠎ᠳᠦ ᠰᠡᠳᠬᠢᠯ ᠰᠠᠨᠠᠭ᠎ᠠ ᠪᠠᠨ ᠲᠦᠪᠯᠡᠷᠡᠭᠦᠯᠪᠡᠯ ᠰᠠᠶᠢ ᠭᠡᠷ᠎ᠦᠨ ᠬᠡᠷᠡᠭᠰᠡᠯ᠎ᠦᠨ ᠰᠦᠭ ᠰᠦᠨᠡᠰᠦ᠎ᠵᠢ ᠳᠠᠬᠢᠨ ᠠᠮᠢᠯᠠᠭᠤᠯᠵᠤ ᠴᠢᠳᠠᠨ᠎ᠠ ᠭᠡᠯ᠎ᠡ᠃


QQ截图20250224163936.png


ᠤᠷᠠᠨ ᠨᠠᠷᠢᠯᠢᠭ ᠬᠢᠴᠡ ᠱᠢᠨ᠎ᠡ ᠠᠮᠢᠵᠢᠷᠠᠯ᠎ᠤᠨ ᠬᠦᠴᠦᠨ ᠣᠯᠭᠤᠨ᠎ᠠ

ᠬᠠᠲᠠᠭᠤ ᠮᠣᠳᠣᠨ᠎ᠤ ᠭᠡᠷ᠎ᠦᠨ ᠬᠡᠷᠡᠭ᠌ᠰᠡᠯ᠎ᠢ ᠤᠯᠠᠮᠵᠢᠯᠠᠯᠲᠤ ᠠᠷᠭ᠎ᠠ ᠪᠡᠷ ᠵᠠᠰᠠᠨ ᠰᠡᠷᠭᠦᠭᠡᠬᠦ ᠨᠢ ᠰᠡᠯᠪᠢᠨ ᠵᠠᠰᠠᠬᠤ᠂ ᠰᠡᠯᠪᠢᠨ ᠨᠦᠬᠦᠬᠦ ᠲᠠᠢ ᠠᠳᠠᠯᠢ ᠪᠤᠰᠤ᠂ ᠰᠡᠯᠪᠢᠨ ᠵᠠᠰᠠᠬᠤ᠂ ᠰᠡᠯᠪᠢᠨ ᠨᠦᠬᠦᠬᠦ ᠪᠤᠯ ᠬᠡᠰᠡᠭ ᠲᠠᠯ᠎ᠠ᠎ᠶ᠋ᠢᠨ ᠪᠠᠢᠵᠤ᠂ ᠬᠠᠮᠢᠭ᠎ᠠ ᠨᠢ ᠡᠪᠳᠡᠷᠡᠭᠰᠡᠨ ᠪᠣᠯ ᠲᠡᠨᠳᠡ ᠨᠢ ᠵᠠᠰᠠᠵᠤ ᠨᠦᠬᠦᠪᠡᠯ ᠪᠤᠯᠴᠢᠬᠠᠨ᠎ᠠ᠃ ᠬᠠᠷᠢᠨ ᠵᠠᠰᠠᠨ ᠰᠡᠷᠭᠦᠭᠡᠬᠦ ᠪᠤᠯ ᠰᠠᠯᠭᠠᠵᠤ ᠵᠠᠰᠠᠨ᠎ᠠ᠂ ᠬᠦᠷᠭᠡᠵᠦ ᠢᠷᠡᠭᠰᠡᠨ ᠭᠡᠷ᠎ᠤᠨ ᠬᠡᠷᠡᠭᠰᠡᠯ᠎ᠢ ᠦᠵᠡᠬᠦ᠎ᠳᠤ ᠥᠩᠭᠡᠨ ᠲᠠᠯ᠎ᠠ᠎ᠳᠡᠭᠡᠷᠡᠬᠢ ᠵᠢᠵᠢᠭ ᠬᠡᠰᠡᠭ ᠪᠤᠯᠪᠠᠴᠤ ᠪᠦᠭᠦᠳᠡ ᠵᠢ ᠰᠠᠯᠭᠠᠭᠠᠳ᠂ ᠴᠡᠪᠡᠷᠯᠡᠬᠦ᠂ ᠬᠠᠭᠤᠴᠢᠷᠠᠭ᠍ᠰᠠᠨ ᠬᠡᠰᠡᠭ᠎ᠢ ᠰᠣᠯᠢᠬᠤ᠂ ᠡᠪᠳᠡᠷᠡᠭ᠌ᠰᠡᠨ ᠭᠠᠵᠠᠷ᠎ᠢ ᠰᠡᠯᠪᠢᠨ ᠵᠠᠰᠠᠬᠤ ᠵᠡᠷᠭᠡ ᠠᠵᠢᠯ᠎ᠢ ᠬᠢᠵᠦ᠂ ᠳᠠᠷᠠᠭ᠎ᠠ ᠨᠢ ᠳᠠᠬᠢᠵᠦ ᠤᠭᠰᠠᠷᠠᠨ᠎ᠠ᠃

ᠭᠦᠸᠧ ᠱᠢᠶᠤᠤ ᠢᠦᠶ ᠵᠢᠨ ᠬᠡᠯᠡᠬᠦ᠌᠎ᠪᠡᠷ᠂ ᠬᠠᠲᠠᠭᠤ ᠮᠣᠳᠣᠨ᠎ᠤ ᠬᠡᠷ᠎ᠤᠨ ᠬᠡᠷᠡᠭ᠌ᠰᠡᠯ᠎ᠢ ᠵᠠᠰᠠᠨ ᠰᠡᠯᠪᠢᠬᠦ᠎ᠳᠤ ᠤᠬᠢᠶᠠᠵᠤ ᠴᠡᠪᠡᠷᠯᠡᠬᠦ᠂ ᠵᠠᠰᠠᠵᠦ ᠰᠡᠯᠪᠢᠬᠦ᠂ ᠬᠠᠪᠲᠠᠰᠤ ᠨᠡᠢᠯᠡᠭᠦᠯᠬᠦ᠂ ᠭᠠᠵᠢᠵᠦ ᠬᠤᠪᠢᠷᠠᠭᠰᠠᠨ᠎ᠢ ᠱᠢᠢᠳᠪᠤᠷᠢᠯᠡᠬᠦ᠂ ᠤᠭ᠍ᠰᠠᠷᠠᠬᠤ᠂ ᠰᠢᠷᠳᠡᠵᠦ ᠭᠤᠶᠣᠯᠠᠬᠤ᠂ ᠭᠦᠯᠢᠭᠡᠷ ᠪᠤᠯᠭᠠᠬᠤ᠂ ᠵᠦᠬᠡᠢ ᠵᠢᠨ ᠯᠠ ᠳᠦᠷᠬᠢᠬᠦ ᠵᠡᠷᠭᠡ ᠨᠠᠢ᠍ᠮᠠᠨ ᠠᠯᠬᠤᠮ᠎ᠢ ᠳᠠᠮᠵᠢᠨ᠎ᠠ᠂ ᠵᠠᠰᠠᠵᠤ ᠰᠡᠷᠭᠦᠭᠡᠭᠰᠡᠨ᠎ᠤ ᠳᠠᠷᠠᠭ᠎ᠠ ᠬᠡᠷ᠎ᠤᠨ ᠬᠡᠷᠡᠭ᠌ᠰᠡᠯ ᠱᠢᠨ᠎ᠡ ᠰᠢᠭ ᠪᠤᠯᠵᠤ᠂ ᠭᠡᠷ᠎ᠤᠨ ᠬᠡᠷᠡᠭᠰᠡᠯ᠎ᠳᠤ ᠱᠢᠨ᠎ᠡ ᠠᠮᠢᠵᠢᠷᠠᠯ᠎ᠤᠨ ᠬᠦᠴᠦᠨ ᠣᠯᠭᠤᠭ᠍ᠰᠠᠨ ᠱᠢᠭ᠋ ᠰᠠᠨᠠᠭ᠍ᠳᠠᠳᠠᠭ ᠭᠡᠪᠠ᠃

《ᠬᠠᠲᠠᠭᠤ ᠮᠣᠳᠣᠨ᠎ᠤ ᠭᠡᠷ᠎ᠤᠨ ᠬᠡᠷᠡᠭᠰᠡᠯ᠎ᠳᠤ ᠴᠠᠪᠠᠤ᠎ᠬᠡᠷᠡᠭ᠌ᠯᠡᠬᠦ᠌ ᠶ᠋ᠢ ᠮᠠᠰᠢ ᠠᠩᠬᠠᠷᠴᠤ᠌᠂ ᠴᠢᠳᠠᠬᠤ᠎ᠶ᠋ᠢᠨ ᠳᠣᠲᠣᠷ᠎ᠠ ᠴᠠᠪᠠᠤ᠎ᠶ᠋ᠢ ᠪᠠᠭ᠎ᠠ ᠬᠡᠷᠡᠭ᠌ᠯᠡᠨ᠎ᠡ᠂ ᠬᠡᠷᠪᠡ ᠵᠠᠪᠠᠯ ᠴᠠᠪᠠᠤ᠎ᠬᠡᠷᠡᠭ᠌ᠯᠡᠬᠦ ᠴᠢᠬᠤᠯᠠ ᠲᠠᠢ ᠪᠤᠯ ᠬᠠᠮᠢᠭ᠎ᠠ ᠨᠢ ᠬᠡᠷᠡᠭ᠌ᠯᠡᠬᠦ᠌ ᠬᠢᠭᠡᠳ ᠶᠠᠮᠠᠷ ᠴᠠᠪᠠᠤ ᠬᠡᠷᠡᠭᠯᠡᠬᠦ᠎ᠶ᠋ᠢ ᠨᠠᠷᠢᠨ ᠪᠣᠳᠣᠯᠬᠢᠯᠠᠬᠤ ᠬᠡᠷᠡᠭ᠌ᠲᠡᠶ》 ᠭᠡᠵᠦ ᠭᠦᠸᠧ ᠱᠢᠶᠣᠤ ᠢᠦᠢ ᠬᠡᠯᠡᠵᠦ ᠪᠠᠢᠯ᠎ᠠ᠃

ᠳᠤᠮᠳᠠᠳᠤ ᠤᠯᠤᠰ᠎ᠤ᠋ᠨ ᠬᠠᠲᠠᠭᠤ ᠮᠣᠳᠣᠨ᠎ᠤ ᠭᠡᠷ᠎ᠦ᠋ᠨ ᠬᠡᠷᠡᠭ᠌ᠰᠡᠯ᠎ᠳ᠋ᠦ᠍ ᠬᠡᠷᠡᠭ᠌ᠯᠡᠬᠦ᠌ ᠴᠤᠤᠬᠠᠨ ᠴᠠᠪᠠᠤ ᠵᠢ ᠦᠪᠡᠷᠮᠢᠴᠡ ᠠᠷᠭ᠎ᠠ ᠪᠡᠷ ᠳᠠᠯᠠᠢ᠎ᠶᠢᠨ ᠵᠢᠭᠠᠰᠤᠨ᠎ᠤ᠋ ᠳᠣᠲᠣᠷ ᠡᠷᠬᠡᠲᠡᠨ ᠪᠤᠶᠤ ᠭᠠᠬᠠᠢ᠎ᠶᠢᠨ ᠠᠷᠠᠰᠤ᠎ᠪᠠᠷ ᠬᠢᠵᠡᠢ᠂ ᠡᠢᠮᠦ ᠴᠠᠪᠠᠦ ᠪᠡᠷ ᠮᠣᠳᠣᠨ ᠬᠡᠷᠡᠭᠰᠡᠯ᠎ᠢ ᠨᠠᠭᠠᠯᠳᠤᠭᠤᠯᠬᠤ᠎ᠳᠤ ᠮᠠᠱᠢ ᠰᠠᠢᠨ ᠪᠠᠢᠳᠠᠭ᠂ ᠨᠡᠩ ᠴᠢᠬᠤᠯᠠ ᠨᠢ ᠴᠤᠤᠬᠠᠨ ᠴᠠᠪᠠᠤ ᠪᠡᠷ ᠨᠠᠭᠠᠯᠳᠤᠭᠤᠯᠤᠭᠰᠠᠨ ᠭᠡᠷ᠎ᠤᠨ ᠬᠡᠷᠡᠭᠰᠡᠯ᠎ᠢ ᠡᠪᠳᠡᠷᠡᠭ᠌ᠰᠡᠨ᠎ᠤ ᠳᠠᠷᠠᠭ᠎ᠠ ᠵᠠᠰᠠᠨ ᠰᠡᠷᠭᠦᠭᠡᠬᠦ ᠦᠶ᠎ᠡ᠎ᠳ᠋ᠦ᠍ ᠬᠠᠯᠠᠭᠠᠪᠠᠯ ᠭᠡᠷ᠎ᠤᠨ ᠬᠡᠷᠡᠭᠰᠡᠯ᠎ᠢ ᠬᠤᠬᠢᠷᠠᠯ ᠰᠦᠢᠲᠦᠯ ᠦᠭᠡᠢ ᠰᠠᠯᠭᠠᠵᠤ ᠳᠡᠢᠯᠦᠨ᠎ᠡ᠃

ᠭᠦᠸᠧ ᠱᠢᠶᠤᠤ ᠢᠦᠶ ᠵᠢᠨ ᠬᠡᠯᠡᠬᠦ᠌᠎ᠪᠡᠷ᠂ ᠤᠳᠤ ᠵᠠᠯᠠᠭᠤᠴᠤᠳ ᠨᠠᠩ ᠣᠯᠠᠨ ᠠᠮᠢᠳᠤᠷᠠᠯ᠎ᠤᠨ ᠰᠣᠩᠭᠤᠯᠲᠠ ᠪᠠ ᠠᠵᠢᠯ ᠤᠯᠬᠤ ᠲᠣᠬᠢᠶᠠᠯ᠎ᠲᠠᠢ ᠪᠠᠢᠵᠤ᠂ ᠤᠯᠠᠮᠵᠢᠯᠠᠯᠲᠤ ᠭᠠᠷ ᠤᠷᠠᠯᠠᠯ᠎ᠣᠷᠣᠱᠢᠨ ᠲᠣᠭ᠍ᠲᠠᠨᠢᠬᠤ ᠴᠢᠬᠤᠯᠠ ᠪᠦᠬᠦᠢ ᠮᠡᠷᠭᠡᠵᠢᠯ ᠴᠢᠳᠠᠪᠤᠷᠢ ᠪᠢᠰᠢ ᠪᠠᠢᠵᠤ ᠮᠡᠳᠡᠨ᠎ᠡ᠂ ᠭᠡᠪᠡᠴᠦ ᠲᠡᠷᠡ ᠮᠦᠨ ᠯᠡ ᠰᠤᠷᠭᠠᠭᠤᠯᠢ ᠪᠤᠯᠤᠨ ᠮᠦᠽᠸᠢ ᠵᠢᠨ ᠬᠦᠮᠦᠵᠢᠯ ᠵᠢᠡᠷ ᠳᠠᠮᠵᠢᠭᠤᠯᠤᠨ᠂ ᠳᠤᠮᠳᠠᠳᠤ ᠤᠯᠤᠰ᠎ᠤᠨ ᠰᠢᠯᠢᠳᠡᠭ ᠮᠤᠳᠤᠴᠢᠨ᠎ᠤ ᠭᠠᠷ ᠤᠷᠠᠯᠠᠯ᠎ᠢ ᠦᠶ᠎ᠡ ᠵᠢᠨ ᠦᠶ᠎ᠡ ᠳ᠋ᠦ ᠤᠯᠠᠮᠵᠢᠯᠠᠨ ᠪᠠᠳᠠᠷᠠᠭᠤᠯᠬᠤ ᠵᠢ ᠬᠦᠰᠡᠵᠦ ᠪᠠᠢᠨ᠎ᠡ ᠭᠡᠪᠠ ᠃



QQ截图20250828104401.png


ᠴᠢᠩ᠎ᠤᠨ ᠮᠠᠶᠢᠭ᠎ᠤᠨ ᠡᠷᠲᠡᠨ᠎ᠤ ᠬᠢ ᠵᠢ ᠳᠠᠭᠤᠷᠢᠶᠠᠭᠰᠠᠨ ᠣᠷᠣ

(ᠵᠢᠷᠤᠭ᠎ᠢ  ᠭᠦᠸᠸ ᠱᠢᠶᠤᠤ ᠢᠤᠢ  ᠬᠠᠩᠭᠠᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号