ᠦᠪᠡᠷᠲᠡᠭᠡᠨ ᠵᠠᠰᠠᠬᠤ ᠤᠷᠤᠨ᠎ᠤ ᠵᠡᠮᠳᠡᠭᠴᠤᠳ᠎ᠤᠨ ᠬᠤᠯᠪᠤᠭ᠎ᠠ ᠡᠴᠡ ᠤᠢᠯᠠᠭᠠᠬᠰᠠᠨ ᠵᠢᠡᠷ᠂ ᠤᠢᠷ᠎ᠠ ᠵᠢᠨ ᠡᠳᠦᠷ ᠂ ᠭᠤᠸᠠᠩᠳᠦ᠋ᠩ ᠮᠤᠵᠢ᠎ᠶ᠋ᠢᠨ ᠬᠣᠶ ᠵᠧᠸ᠋ ᠬᠣᠲᠠ᠎ᠳᠤ ᠶᠠᠪᠤᠭ᠍ᠳᠠᠭ᠍ᠰᠠᠨ ᠠᠷᠪᠠᠨ ᠬᠣᠶᠠᠳᠤᠭᠠᠷ ᠬᠤᠭᠤᠴᠠᠭᠠᠨ᠎ᠤ ᠪᠥᠬᠥ᠌ ᠤᠯᠤᠰ᠎ᠤᠨ ᠵᠡᠮᠳᠡᠭ᠌ᠴᠦᠳ᠎ᠦᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ ᠵᠢᠴᠢ ᠶᠢᠰᠦᠳᠦᠭᠡᠷ ᠬᠤᠭᠤᠴᠠᠭᠠᠨ᠎ᠤ ᠣᠨᠴᠠᠭᠠᠶ ᠣᠯᠢᠮᠫᠢᠺ᠎ᠤᠨ ᠲᠠᠮᠢᠷ᠎ᠤᠨ ᠴᠤᠭ᠍ᠯᠠᠭᠠᠨᠤᠲᠠᠶᠸᠺᠤᠨᠳᠤ᠋ᠶ᠋ᠢᠨ ᠲᠥᠷᠥᠯ ᠵᠦᠶ᠋ᠯ ᠳ᠋ᠤ ᠂ ᠮᠠᠨ᠎ᠤ ᠣᠷᠣᠨ᠎ᠤ ᠲᠠᠮᠢᠷᠴᠢᠳ ᠭᠠᠷᠮᠠᠭᠠᠶ ᠢᠯᠡᠷᠡᠯ ᠵᠢᠡᠷ ᠵᠢᠡᠨ1 ᠠᠯᠲᠠᠨ ᠮᠧᠳᠠᠯ 1 ᠮᠥᠩᠭᠥᠨ ᠮᠧᠳᠠᠯ 3 ᠬᠦᠷᠡᠯ ᠮᠧᠳᠠᠯ ᠲᠤᠰᠪᠠ᠃
ᠤᠢᠯᠠᠭᠠᠬᠰᠠᠨ ᠵᠢᠡᠷ᠂ ᠠᠷᠪᠠᠨ ᠬᠣᠶᠠᠳᠤᠭᠠᠷ ᠬᠤᠭᠤᠴᠠᠭᠠᠨ᠎ᠤ ᠪᠥᠬᠥ᠌ ᠤᠯᠤᠰ᠎ᠤᠨ ᠵᠡᠮᠳᠡᠭ᠌ᠴᠦᠳ᠎ᠦᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ ᠵᠢᠴᠢ ᠶᠢᠰᠦᠳᠦᠭᠡᠷ ᠬᠤᠭᠤᠴᠠᠭᠠᠨ᠎ᠤ ᠣᠨᠴᠠᠭᠠᠶ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠲᠠᠶᠸᠺᠤᠨᠳᠤ᠋ᠶ᠋ᠢᠨ ᠲᠥᠷᠥᠯ ᠵᠦᠶ᠋ᠯ᠎ᠦᠨ ᠤᠷᠤᠯᠳᠤᠭᠠᠨ᠎ᠳᠤ᠂ ᠮᠠᠨ᠎ᠤ ᠣᠷᠣᠨ ᠡᠴᠡ ᠨᠡᠢᠲᠡ 7 ᠲᠠᠮᠢᠷᠴᠢᠨ ᠣᠷᠣᠯᠴᠠᠵᠤ᠂ ᠡᠮᠡᠭ᠌ᠲᠡᠶ᠎ᠶ᠋ᠢᠨ ᠮᠥᠴᠢ ᠵᠢᠨᠵᠡᠮᠳᠡᠭᠴᠤᠳᠤᠨ ᠳᠤᠭᠤᠢᠯᠠᠩ᠎ᠤᠨ 47 ᠺᠢᠯᠣᠭ᠌ᠷᠠᠮ᠎ᠤᠨ ᠲᠠᠰ᠎ᠤᠨ ᠤᠷᠤᠯᠳᠤᠭᠠᠨ᠎ᠳᠤ᠂ ᠮᠠᠨ᠎ᠤ ᠤᠷᠤᠨ᠎ᠤ ᠱᠢᠯᠢ᠎ᠶ᠋ᠢᠨ ᠭᠤᠤᠯ ᠠᠢᠮᠠᠭ᠎ᠤᠨ 16 ᠨᠠᠰᠤᠲᠠᠶ ᠲᠠᠶᠸᠺᠤᠨᠳᠤ᠋ᠶ᠋ᠢᠨ ᠲᠠᠮᠢᠷᠴᠢᠨ ᠶᠠᠨ ᠪᠥᠸᠧ ᠡᠯ᠎ᠡ ᠵᠦᠢᠯ᠎ᠤᠨ ᠬᠠᠷᠰᠢ ᠰᠠᠭᠠᠳ᠎ᠢ ᠢᠯᠡᠨ ᠳᠠᠪᠠᠵᠤ᠂ ᠠᠯᠲᠠᠨ ᠮᠧᠳᠠᠯ ᠲᠤᠰᠴᠠᠢ᠃ ᠡᠷᠡᠭ᠌ᠲᠡᠶ᠎ᠶ᠋ᠢᠨ ᠰᠣᠨᠣᠷ᠎ᠤᠨ ᠵᠡᠮᠳᠡᠭᠴᠤᠳ᠎ᠤᠨ ᠳᠤᠭᠤᠢᠯᠠᠩ᠎ᠤᠨ 58 ᠺᠢᠯᠣᠭ᠌ᠷᠠᠮ᠎ᠤᠨ ᠲᠠᠰ᠎ᠤᠨ ᠤᠷᠤᠯᠳᠤᠭᠠᠨ᠎ᠳᠤ᠂ ᠬᠥᠬᠡᠬᠣᠲᠠ᠎ᠶ᠋ᠢᠨ ᠵᠣᠣ ᠵᠧᠨ ᠬᠣᠩ ᠮᠦᠨᠴᠦ ᠭᠠᠷᠮᠠᠭᠠᠶ ᠴᠢᠳᠠᠪᠤᠷᠢ ᠪᠠᠨ ᠪᠠᠳᠠᠷᠠᠭᠤᠯᠵᠤ᠂ ᠮᠥᠩᠭᠥᠨ ᠮᠧᠳᠠᠯ ᠲᠤᠰᠪᠠ᠃ ᠰᠤᠨᠤᠷ᠎ᠤᠨ ᠵᠡᠮᠳᠡᠭᠴᠤᠳ᠎ᠤᠨ ᠳᠤᠭᠤᠢᠯᠠᠩ᠎ᠤᠨ ᠡᠷᠡᠭ᠌ᠲᠡᠶ᠎ᠶ᠋ᠢᠨ 68 ᠺᠢᠯᠣᠭ᠌ᠷᠠᠮ᠎ᠤᠨ ᠳᠡᠰ ᠪᠠ ᠡᠮᠡᠭ᠌ᠲᠡᠶ᠎ᠶ᠋ᠢᠨ 49 ᠺᠢᠯᠣᠭ᠌ᠷᠠᠮ᠎ᠤᠨ ᠳᠡᠰ᠎ᠤᠨ ᠤᠷᠤᠯᠳᠤᠭᠠᠨ᠎ᠳᠤ᠂ ᠴᠢ ᠸᠧᠶ ᠹᠧᠩ ᠪᠠ ᠸᠠᠩ ᠱᠢᠶᠣᠤ ᠲᠤᠰ ᠲᠤᠰ 1 ᠬᠦᠷᠡᠯ ᠮᠧᠳᠠᠯ ᠣᠯᠵᠤ᠂ ᠡᠷᠡᠭ᠌ᠲᠡᠶ᠎ᠶ᠋ᠢᠨ ᠮᠦᠴᠢ᠎ᠶᠢᠨ ᠵᠡᠮᠳᠡᠭᠴᠤᠳ᠎ᠤᠨ ᠳᠤᠭᠤᠢᠯᠠᠩ᠎ᠤᠨ 63 ᠺᠢᠯᠣᠭ᠌ᠷᠠᠮ᠎ᠤᠨ ᠳᠡᠰ᠎ᠤᠨ ᠤᠷᠤᠯᠳᠤᠭᠠᠨ᠎ᠳᠤ᠂ ᠵᠧᠸ᠋ ᠽᠢ ᠳ᠋ᠦᠩ 1 ᠬᠦᠷᠡᠯ ᠮᠧᠳᠠᠯ ᠲᠤᠰᠪᠠ᠃ ᠡᠬᠦᠨ ᠡᠴᠡ ᠭᠠᠳᠠᠨ᠎ᠠ᠂ ᠡᠷᠡᠭ᠌ᠲᠡᠶ᠎ᠶ᠋ᠢᠨ ᠮᠦᠴᠢ᠎ᠶᠢᠨ ᠵᠡᠮᠳᠡᠭᠴᠤᠳ᠎ᠤᠨ ᠳᠤᠭᠤᠢᠯᠠᠩ᠎ᠤᠨ 80 ᠺᠢᠯᠣᠭ᠌ᠷᠠᠮ᠎ᠤᠨ ᠳᠡᠰ᠎ᠤᠨ ᠤᠷᠤᠯᠳᠤᠭᠠᠨ᠎ᠳᠤ ᠣᠷᠳᠣᠰ ᠬᠣᠲᠠ᠎ᠠᠴᠠ ᠢᠷᠡᠭ᠌ᠰᠡᠨ ᠯᠢᠦ ᡁᠢ ᠲᠠᠪᠤᠳᠤᠭᠠᠷ ᠨᠡᠷᠡᠰ᠎ᠲᠤ ᠳᠤᠳᠤᠷᠠᠪᠠ᠃
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号