ᠣᠢᠷ᠎ᠠ᠎ᠳᠤ ᠠᠵᠤ ᠦᠢᠯᠡᠳᠪᠦᠷᠢ ᠪᠠ ᠮᠡᠳᠡᠭᠡ ᠵᠠᠩᠭᠢᠴᠢᠯᠠᠯᠲᠠ᠎ᠶᠢᠨ ᠶᠠᠮᠤᠨ ᠮᠡᠳᠡᠭᠳᠡᠯ ᠳᠠᠷᠤᠮᠠᠯᠯᠠᠨ ᠲᠠᠷᠬᠠᠭᠠᠵᠤ᠂ ᠠᠵᠤ ᠦᠢᠯᠡᠳᠪᠦᠷᠢ᠎ᠶᠢᠨ ᠰᠣᠶᠣᠯ᠎ᠤᠨ ᠡᠬᠢ ᠪᠠᠶᠠᠯᠢᠭ᠋᠎ᠤᠨ ᠪᠠᠢᠳᠠᠯ᠎ᠢ ᠣᠢᠯᠠᠭᠠᠬᠤ ᠪᠠᠢᠴᠠᠭᠠᠯᠲᠠ᠎ᠶᠢ ᠵᠣᠬᠢᠶᠠᠨ ᠪᠠᠢᠭᠤᠯᠤᠨ ᠥᠷᠨᠢᠭᠦᠯᠵᠦ᠂ ᠪᠥᠬᠥ ᠤᠯᠤᠰ᠎ᠤᠨ ᠲᠣᠭ᠎ᠠ ᠪᠠᠷᠢᠮᠲᠠ᠎ᠶᠢᠨ ᠬᠥᠮᠥᠷᠭᠡ᠎ᠶᠢ ᠪᠠᠶ᠋ᠢᠭᠤᠯᠬᠤ᠎ᠶᠢᠨ ᠬᠠᠮᠲᠤ ᠬᠥᠳᠡᠯᠦᠩᠭᠦᠢ ᠬᠠᠮᠢᠶᠠᠷᠤᠯᠲᠠ᠎ᠶᠢ ᠬᠡᠷᠡᠭᠵᠢᠭᠦᠯᠵᠦ᠂ ᠠᠵᠤ ᠦᠢᠯᠡᠳᠪᠦᠷᠢ᠎ᠶᠢᠨ ᠥᠪ ᠬᠥᠷᠥᠩᠭᠡ᠂ ᠠᠵᠤ ᠦᠢᠯᠡᠳᠪᠦᠷᠢ᠎ᠶᠢᠨ ᠭᠣᠣᠯ ᠰᠡᠳᠦᠪᠲᠦ ᠦᠵᠡᠰᠬᠦᠯᠡᠩ᠎ᠦᠨ ᠲᠠᠯᠠᠪᠣᠷ᠂ ᠠᠵᠤ ᠦᠢᠯᠡᠳᠪᠦᠷᠢ᠎ᠶᠢᠨ ᠵᠢᠭᠤᠯᠴᠢᠯᠠᠯ᠎ᠤᠨ ᠬᠠᠷᠠᠯᠳᠠᠳᠣ ᠭᠠᠵᠠᠷ᠂ ᠠᠵᠤ ᠦᠢᠯᠡᠳᠪᠦᠷᠢ᠎ᠶᠢᠨ ᠬᠡᠪᠯᠡᠯ᠂ ᠠᠵᠤ ᠦᠢᠯᠡᠳᠪᠦᠷᠢ ᠰᠣᠶᠣᠯ᠎ᠤᠨ ᠡᠬᠢ ᠪᠠᠶᠠᠯᠢᠭ᠋ ᠲᠥᠪᠯᠡᠷᠡᠭᠰᠡᠨ ᠣᠷᠣᠨ ᠵᠡᠷᠭᠡ 5 ᠲᠥᠷᠥᠯ᠎ᠦᠨ ᠡᠬᠢ ᠪᠠᠶᠠᠯᠢᠭ᠋᠎ᠤᠨ ᠰᠠᠭᠤᠷᠢ᠎ᠶᠢ ᠰᠢᠰᠲᠧᠮ᠎ᠲᠠᠢ ᠡᠵᠡᠮᠰᠢᠪᠡ᠃ ᠡᠨᠡ ᠪᠣᠯ ᠠᠵᠤ ᠦᠢᠯᠡᠳᠪᠦᠷᠢ᠎ᠶᠢᠨ ᠰᠣᠶᠣᠯ᠎ᠢ ᠬᠡᠰᠡᠭ ᠪᠤᠰᠠᠭ᠎ᠢᠶᠠᠷ ᠪᠦᠷᠢᠳᠬᠡᠵᠦ ᠪᠠᠢᠭᠰᠠᠨ᠎ᠡᠴᠡ ᠰᠢᠰᠲᠧᠮᠵᠢᠭᠰᠡᠨ ᠬᠠᠮᠢᠶᠠᠷᠤᠯᠲᠠ ᠪᠣᠯᠭᠠᠵᠦ᠂ ᠨᠡᠷᠡᠰ᠎ᠦᠨ ᠪᠦᠷᠢᠳᠬᠡᠯ᠎ᠡᠴᠡ ᠪᠠᠢᠩᠭᠤᠵᠢᠭ᠍ᠰᠠᠨ ᠬᠠᠩᠭᠠᠯᠭ᠎ᠠ ᠪᠣᠯᠭᠠᠬᠤ ᠵᠠᠩᠭᠢᠯᠠᠭ᠎ᠠ᠎ᠶᠢᠨ ᠠᠯᠬᠤᠮ ᠪᠣᠯᠣᠨ᠎ᠠ᠃
— 《ᠭᠤᠸᠠᠩᠮᠢᠩ ᠡᠳᠦᠷ᠎ᠦᠨ ᠰᠣᠨᠢᠨ》 ᠡᠴᠡ
ᠦᠨᠡᠯᠡᠯᠳᠡ᠄ ᠪᠠᠢᠳᠠᠯ᠎ᠢ ᠣᠢᠯᠠᠭᠠᠬᠤ ᠪᠣᠯ ᠵᠦᠪᠬᠡᠨ ᠡᠬᠢᠯᠡᠯᠲᠡ ᠲᠡᠳᠦᠢ ᠶᠤᠮ᠂ ᠨᠡᠩ ᠴᠢᠬᠤᠯᠠ ᠨᠢ ᠦᠢᠯᠡᠳᠪᠦᠷᠢ ᠲᠣᠭᠣᠷᠢᠭ᠋ ᠵᠢᠴᠢ ᠳᠠᠩᠰᠠ ᠡᠪᠬᠡᠮᠡᠯ᠎ᠳᠦ ᠨᠢᠭᠤᠭᠳᠠᠵᠦ ᠪᠠᠢᠭ᠎ᠠ ᠤᠷ᠎ᠠ ᠮᠡᠷᠭᠡᠵᠢᠯ ᠪᠣᠯᠣᠨ ᠦᠯᠢᠭᠡᠷ᠎ᠢ ᠳᠠᠬᠢᠨ《ᠠᠮᠢᠯᠠᠭᠤᠯᠵᠦ》᠂ ᠠᠵᠤ ᠦᠢᠯᠡᠳᠪᠦᠷᠢ᠎ᠶᠢᠨ ᠰᠣᠶᠣᠯ᠎ᠤᠨ ᠥᠪ᠎ᠢ ᠣᠳᠣ᠌᠎ᠶᠢᠨ ᠠᠮᠢᠳᠤᠷᠠᠯ ᠳᠤᠮᠳᠠ ᠠᠭᠣᠰᠬᠠᠨ ᠣᠯᠠᠮᠵᠢᠯᠠᠵᠦ ᠪᠠᠢᠭ᠎ᠠ ᠶᠠᠪᠤᠳᠠᠯ ᠪᠣᠯᠣᠨ᠎ᠠ᠃
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号