ᠠᠷᠠᠯ᠎ᠤᠨ ᠱᠠᠷ ᠰᠢᠬ ᠠᠷᠠᠳ᠎ᠤᠨ ᠪᠠᠭ᠍ᠰᠢ᠎ᠶᠢᠨ ᠵᠢᠳᠭᠦᠯ
2025-09-01 11:06:48
ᠵᠣᠬᠢᠶᠠᠭ᠍ᠴᠢ᠄
ᠦᠷᠡᠳᠡᠯᠭᠡᠷ
ᠣᠩᠱᠢᠭ᠍ᠰᠠᠨ ᠣᠳᠠᠭ᠎ᠠ᠄
★★★☆☆

— ᠬᠠᠢᠷᠠᠲᠤ ᠭᠡᠷᠭᠡᠢ ᠯᠢ ᠮᠸᠢ ᠷᠦᠩ ᠎ᠵᠢᠡᠨ ᠲᠤᠷᠠᠳᠬᠠᠬᠤᠢ


ᠦᠵᠦᠭ ᠪᠠᠷᠢᠭᠰᠠᠨ ᠵᠢᠭᠠᠬᠠᠨ ᠭᠠᠷ ᠲᠸ᠋ ᠦᠭᠡ ᠬᠤᠯᠪᠤᠬᠤ ᠤᠬᠠᠭᠠᠨ᠎ᠢ ᠵᠢᠭᠠᠭᠰᠠᠨ᠂ ᠤᠬᠠᠭᠠᠨ ᠤᠷᠤᠬᠰᠠᠨ ᠪᠤᠳᠤᠯ᠎ᠤᠨ ᠰᠠᠩ ᠳ᠋ᠤ ᠲᠤᠭ᠎ᠠ ᠪᠤᠳᠤᠬᠤ ᠠᠷᠭ᠎ᠠ ᠵᠢ ᠵᠢᠭᠠᠭᠰᠠᠨ ᠬᠡᠷᠡᠯᠳᠦ ᠨᠠᠷᠠᠨ᠎ᠤ ᠲᠤᠤᠷᠠᠬᠢ ᠬᠠᠮᠤᠭ᠎ᠤᠨ ᠰᠠᠢᠬᠠᠨ ᠦᠢᠯᠡᠰᠴᠢᠨ — ᠪᠠᠭᠰᠢ ᠬᠦᠮᠦᠨ ᠭᠡᠭᠴᠢ ᠡᠩ ᠵᠢᠷ᠎ᠤᠨ ᠮᠦᠷᠳᠡᠭᠡᠨ ᠠᠭᠤᠤ ᠶᠡᠬᠡ ᠬᠦᠮᠦᠰ ᠪᠢᠯᠡ᠃ ᠬᠠᠢᠷᠠᠳᠤ ᠬᠡᠷᠭᠡᠢ ᠯᠢ ᠮᠸᠢ ᠷᠦᠩ ᠮᠠᠨᠢ ᠲᠡᠳᠡᠨ᠎ᠤ ᠲᠤᠳᠤᠷᠠᠬᠢ ᠨᠢᠭᠡᠨ ᠶᠤᠮ᠃ ᠲᠡᠷᠡ ᠪᠡᠷ ᠬᠦᠮᠦᠨ ᠬᠤᠷᠸ᠎ᠠ᠎ᠶᠢᠨ ᠤᠬᠤᠷᠬᠠᠨ ᠨᠢᠭᠡ ᠨᠠᠰᠤᠨ ᠳ᠋ᠠᠭᠠᠨ ᠰᠤᠷᠭᠠᠨ ᠬᠦᠮᠦᠵᠢᠯ᠎ᠤᠨ ᠦᠢᠯᠡᠰ ᠲᠸ᠋ 35 ᠵᠢᠯ ᠵᠢᠳᠭᠦᠬᠦ ᠳ᠋ᠡᠭᠡᠨ ᠠᠷᠠᠯ᠎ᠤᠨ ᠱᠠᠷ ᠰᠢᠭ᠋ ᠦᠭᠡ ᠲᠠᠭᠤᠨ ᠦᠭᠡᠢ ᠮᠡᠷᠡᠢᠨ ᠴᠢᠷᠮᠠᠢᠵᠤ ᠶᠠᠪᠤᠭᠰᠠᠨ ᠶᠤᠮ᠃

ᠯᠢ ᠮᠸᠢ ᠷᠦᠩ ᠮᠠᠨᠢ ᠬᠦᠷᠢᠶ᠎ᠡ ᠬᠤᠰᠢᠭᠤᠨ᠎ᠤ ᠬᠦᠷᠢᠶ᠎ᠡ ᠪᠠᠯᠭᠠᠰᠤ᠎ᠶᠢᠨ ᠵᠤᠤᠬᠠᠴᠢᠨ ᠠᠶ᠋ᠢᠯ᠎ᠤᠨ ᠡᠬᠡᠯ ᠵᠢᠷ᠎ᠤᠨ ᠳᠠᠷᠢᠶᠠᠴᠢᠨ᠎ᠤ ᠬᠡᠷ ᠪᠦᠯᠢ ᠳ᠋ᠤ ᠲᠦᠷᠦᠵᠦ ᠦᠰᠴᠡᠢ᠃ ᠲᠡᠳᠡᠨ᠎ᠤ ᠬᠢᠨ ᠠᠮᠠ ᠪᠦᠯᠢ ᠤᠯᠠᠨ ᠪᠤᠯᠬᠤᠷ ᠲᠡᠷᠡ ᠪᠠᠷ ᠡᠷᠳᠡ ᠤᠬᠠᠭᠠᠵᠢᠵᠤ᠂ ᠠᠪᠤ ᠡᠵᠢ ᠪᠠᠨ ᠬᠠᠪᠰᠤᠷᠤᠨ ᠠᠵᠢᠯ ᠬᠦᠳᠡᠯᠮᠦᠷᠢ ᠬᠢᠬᠦ ᠵᠢᠨ ᠵᠡᠷᠬᠡ ᠪᠡᠷ ᠰᠤᠷᠤᠯᠭ᠎ᠠ ᠵᠢᠨ ᠵᠠᠷᠤᠳᠠᠯ ᠮᠦᠩᠬᠦ ᠪᠠᠨ ᠰᠢᠢᠳᠪᠦᠷᠢᠯᠡᠵᠦ᠂ ᠪᠢᠴᠢᠭ ᠰᠤᠶᠤᠯ᠎ᠤᠨ ᠮᠦᠷ᠎ᠢ ᠬᠦᠬᠡᠬᠡᠵᠦ ᠡᠬᠢᠯᠡᠵᠡᠢ᠃ ᠲᠡᠷᠡ ᠪᠠᠯᠴᠢᠷ ᠪᠠᠭ᠎ᠠ᠎ᠠᠴᠠ᠎ᠪᠠᠨ ᠳᠠᠷᠤᠤ ᠬᠢᠴᠢᠶᠡᠩᠭᠦᠢ᠂ ᠤᠬᠠᠭᠠᠨ ᠲᠤᠮᠤᠭ᠎ᠠ᠎ᠲᠠᠢ᠂ ᠠᠵᠢᠯ ᠰᠤᠷᠤᠯᠭ᠎ᠠ᠎ᠳ᠋ᠠᠭᠠᠨ ᠨᠢᠮᠪᠠᠢ ᠬᠠᠨᠳᠤᠵᠤ ᠰᠢᠷᠭᠠᠭᠤ ᠴᠢᠷᠮᠠᠶ᠋ᠢᠳᠠᠭ᠎ᠠᠴᠠ ᠪᠠᠭ᠎ᠠ ᠰᠤᠷᠭᠠᠭᠤᠯᠢ᠎ᠠᠴᠠ ᠦᠨᠳᠦᠷ ᠵᠡᠷᠬᠡ ᠵᠢᠨ ᠲᠤᠮᠳᠠᠳᠤ ᠰᠤᠷᠭᠠᠭᠤᠯᠢ᠎ᠪᠠᠨ ᠲᠡᠭᠦᠰᠲᠡᠯ᠎ᠡ ᠪᠦᠷ ᠠᠩᠭᠢ᠎ᠶᠢᠨ᠎ᠢᠶᠠᠨ ᠰᠤᠷᠤᠯᠭ᠎ᠠ᠎ᠶᠢᠨ ᠭᠡᠰᠢᠭᠦᠨ ᠪᠠᠶ᠋ᠢᠭ᠍ᠰᠠᠨ ᠶᠤᠮ᠃ ᠤᠳᠠᠭ᠎ᠠ ᠪᠦᠷᠢ᠎ᠶᠢᠨ ᠰᠢᠯᠭᠠᠯᠲᠠ᠎ᠳ᠋ᠠᠭᠠᠨ ᠬᠢᠴᠢᠶᠡᠯ ᠪᠦᠷᠢ ᠎ᠪᠠᠨ 95 ᠬᠤᠪᠢ᠎ᠠᠴᠠ ᠲᠡᠭᠡᠭᠰᠢ ᠰᠢᠯᠭᠠᠳᠠᠭ ᠪᠣᠯᠬᠤᠷ ᠦᠪᠡᠷᠲᠡᠭᠡᠨ ᠵᠠᠰᠠᠬᠤ ᠤᠷᠤᠨ᠎ᠤ ᠰᠢᠯᠢᠳᠡᠭ ᠰᠤᠷᠤᠭ᠍ᠴᠢ᠎ᠪᠠᠷ ᠰᠤᠩᠭᠤᠭᠳᠠᠵᠤ ᠪᠠᠢᠬᠰᠠᠨ᠃ ᠲᠡᠭᠡᠬᠦᠯᠡᠷ ᠲᠡᠭᠦᠨ᠎ᠤ ᠠᠩᠬ᠎ᠠ ᠵᠡᠷᠭᠡ᠎ᠶᠢᠨ ᠲᠤᠮᠳᠠᠳᠤ ᠰᠤᠷᠭᠠᠭᠤᠯᠢ᠎ᠶᠢᠨ ᠠᠩᠬᠢ᠎ᠶᠢᠨ ᠡᠷᠬᠢᠯᠡᠭᠴᠢ ᠵᠢᠷᠤᠮᠳᠤ ᠪᠠᠭᠰᠢ᠄ 《ᠮᠢᠨᠤ ᠰᠤᠷᠤᠭ᠍ᠴᠢᠳ ᠪᠦᠷ ᠯᠢ ᠮᠸᠢ ᠷᠦᠡᠭ ᠰᠢᠭ ᠪᠤᠯᠴᠢᠬᠠᠪᠡᠯ ᠰᠡᠳᠬᠢᠯ ᠵᠤᠪᠠᠬᠤ ᠤᠴᠢᠷ ᠦᠭᠡᠢ ᠰᠢᠤ》 ᠬᠡᠵᠤ  ᠮᠠᠭᠳᠠᠵᠤ  ᠪᠠᠶ᠋ᠢᠵᠡᠢ᠃

1964 ᠣᠨ᠎ᠳᠤ ᠲᠡᠷᠡ ᠦᠪᠦᠷ ᠮᠤᠩᠭᠤᠯ᠎ᠤᠨ ᠪᠠᠭ᠍ᠰᠢ᠎ᠶᠢᠨ ᠲᠡᠭᠡᠳᠦ ᠰᠤᠷᠭᠠᠭᠤᠯᠢ (ᠤᠳᠣ᠌᠎ᠶᠢᠨ ᠦᠪᠦᠷ ᠮᠤᠩᠭᠤᠯ᠎ᠤᠨ ᠪᠠᠭ᠍ᠰᠢ᠎ᠶᠢᠨ ᠶᠡᠭᠡ ᠰᠤᠷᠭᠠᠭᠤᠯᠢ) ᠵᠢᠨ ᠬᠠᠷᠢᠶᠠᠲᠤ ᠲᠤᠮᠳᠠᠳᠤ ᠰᠤᠷᠭᠠᠭᠤᠯᠢ᠎ᠶᠢᠨ ᠮᠠᠯᠵᠢᠬᠤ ᠤᠷᠤᠨ᠎ᠤ ᠲᠤᠷᠰᠢᠯᠲᠠ᠎ᠶᠢᠨ ᠠᠩᠭᠢ ᠳ᠋ᠤ ᠪᠠᠲᠤᠯᠠᠭᠳᠠᠨ ᠬᠦᠷᠬᠡᠭᠳᠡᠪᠡ᠃ ᠭᠡᠪᠡᠴᠦ ᠲᠤᠬᠠᠢ᠎ᠶᠢᠨ ᠴᠠᠬ ᠦᠶ᠎ᠠ᠎ᠶᠢᠨ ᠨᠦᠯᠦᠭᠡ᠎ᠠᠴᠠ ᠪᠣᠯᠵᠤ᠂ ᠲᠡᠷᠡ ᠰᠤᠷᠤᠯᠭ᠎ᠠ᠎ᠪᠠᠨ ᠵᠤᠭᠰᠤᠵᠤ ᠶᠡᠭᠡ ᠰᠤᠷᠭᠠᠭᠤᠯᠢ ᠳ᠋ᠤ ᠳᠠᠪᠰᠢᠬᠤ ᠵᠠᠪᠰᠢᠶᠠᠨ᠎ᠢᠶᠠᠨ ᠠᠯᠳᠠᠭᠰᠠᠨ ᠶᠤᠮ᠃ 1968 ᠣᠨ᠎ᠳᠤ᠂ ᠰᠢᠯᠢ᠎ᠶᠢᠨ ᠭᠤᠣᠯ ᠠᠶ᠋ᠢᠮᠠᠭ᠎ᠤᠨ ᠰᠢᠯᠤᠭᠤᠨ ᠬᠦᠭᠡ ᠬᠤᠰᠢᠭᠤᠨ᠎ᠳᠤ ᠰᠡᠭᠡᠭᠡᠲᠡᠨ᠎ᠢᠶᠡᠷ ᠬᠦᠳᠡᠭᠡ ᠪᠠᠭᠤᠵᠤ᠂ ᠰᠡᠭᠦᠯᠡᠷ᠎ᠨᠢ ᠲᠦᠩᠯᠢᠶᠤᠤ ᠬᠤᠳᠠ᠎ᠶᠢᠨ ᠬᠤᠷᠴᠢᠨ ᠵᠡᠭᠦᠨ ᠭᠠᠷᠤᠨ ᠬᠤᠶ᠋ᠢᠲᠤ ᠬᠤᠰᠢᠭᠤᠨ᠎ᠤ ᠴᠢᠯᠠᠭᠤᠲᠤ ᠨᠢᠭᠡᠲᠦᠯ᠎ᠳᠤ ᠲᠠᠷᠢᠶᠠᠴᠢᠨ ᠪᠤᠯᠵᠠᠢ᠃ 1969 ᠣᠨ᠎ᠤ ᠬᠠᠪᠤᠷ᠂ ᠴᠢᠯᠠᠭᠤᠲᠤ ᠳᠤᠮᠳᠠᠳᠤ ᠰᠤᠷᠭᠠᠭᠤᠯᠢ᠎ᠳᠤ ᠠᠷᠠᠳ᠎ᠠᠴᠠ ᠠ᠋ᠷᠬᠢᠯᠡᠭᠰᠡᠨ ᠪᠠᠭ᠍ᠰᠢ᠎ᠪᠠᠷ ᠠ᠋ᠯᠰᠡᠭᠳᠡᠨ᠂ ᠪᠢᠴᠢᠭ ᠵᠢᠭᠠᠵᠤ ᠬᠦᠮᠤᠨ ᠬᠦᠮᠦᠵᠢᠬᠦᠯᠬᠦ ᠠᠶᠠᠨ᠎ᠢᠶᠡᠨ ᠡᠯᠭᠦᠯ᠎ᠡ᠃ ᠰᠡᠬᠦᠯᠡᠷ᠎ᠨᠢ ᠦᠪᠤᠷ ᠮᠤᠩᠭᠤᠯ᠎ᠤᠨ ᠦᠨᠳᠤᠰᠤᠳᠡᠨ᠎ᠤ ᠪᠠᠭ᠍ᠰᠢ᠎ᠶᠢᠨ ᠲᠡᠭᠡᠳᠤ ᠰᠤᠷᠭᠠᠭᠤᠯᠢ᠎ᠳ᠋ᠤ ᠰᠤᠷᠤᠯᠴᠠᠨ ᠤᠯᠤᠰ᠎ᠤᠨ ᠵᠢᠩᠬᠢᠨᠢ ᠪᠠᠭ᠍ᠰᠢ ᠪᠤᠯᠵᠤ᠂ ᠨᠠᠰᠤᠨ᠎ᠤ ᠠᠮᠡᠷᠡᠯᠳᠡ᠎ᠪᠠᠨ ᠠᠪᠳᠡᠯ᠎ᠠ ᠰᠤᠷᠭᠠᠨ ᠬᠦᠮᠤᠵᠢᠯ᠎ᠤᠨ ᠤᠶ᠋ᠢᠯᠡᠰ᠎ᠲᠤ  ᠵᠢᠳᠬᠦᠵᠤ  ᠶᠠᠪᠤᠪᠠ᠃

ᠭᠡᠷᠭᠡᠢ ᠮᠢᠨᠢ 1969 ᠣᠨ᠎ᠳᠤ ᠠᠷᠠᠳ᠎ᠤᠨ ᠪᠠᠭᠰᠢ ᠵᠢᠨ ᠠᠯᠳᠠᠷ ᠵᠡᠬᠦᠵᠦ ᠴᠢᠯᠠᠭᠤᠲᠤ ᠳᠤᠮᠳᠠᠳᠤ ᠰᠤᠷᠭᠠᠭᠤᠯᠢ᠎ᠳᠤ ᠠᠵᠢᠯᠯᠠᠭᠰᠠᠨ ᠡᠴᠡ ᠠᠪᠤᠭᠠᠳ ᠨᠤᠭᠤᠰᠤᠲᠠᠢ ᠳᠤᠮᠳᠠᠳᠤ ᠰᠤᠷᠭᠠᠭᠤᠯᠢ᠂ ᠭᠠᠨᠵᠤᠭ᠎ᠠ ᠳᠦᠷᠪᠡᠳᠦᠭᠡᠷ ᠳᠤᠮᠳᠠᠳᠤ ᠰᠤᠷᠭᠠᠭᠤᠯᠢ᠂ ᠬᠤᠰᠢᠭᠤᠨ᠎ᠤ ᠵᠢᠭᠠᠬᠤ᠎ᠶᠢ ᠰᠤᠳᠤᠯᠬᠤ ᠲᠠᠰᠤᠭ ᠪᠣᠯᠣᠨ ᠲᠦᠩᠯᠢᠶᠤᠤ ᠬᠤᠳᠠ᠎ᠶᠢᠨ ᠮᠤᠩᠭᠤᠯ ᠦᠨᠳᠦᠰᠦᠳᠡᠨ᠎ᠤ ᠰᠤᠷᠭᠠᠭᠤᠯᠢ ᠵᠡᠷᠭᠡ ᠪᠠᠢᠭᠤᠯᠭ᠎ᠠ ᠨᠤᠭᠤᠳ᠎ᠵᠢᠡᠷ ᠰᠢᠯᠵᠢᠵᠦ ᠦᠩᠭᠡᠷᠡᠪᠡ᠃

ᠰᠤᠷᠤᠯᠭ᠎ᠠ᠎ᠶᠢᠨ ᠰᠠᠭᠤᠷᠢ ᠰᠠᠶ᠋ᠢᠨ ᠮᠦᠷᠳᠡᠬᠡᠨ ᠯᠠᠪᠲᠠᠭᠤᠨ ᠬᠢᠨᠠᠮᠠᠭᠠᠢ ᠲᠡᠷᠡ ᠪᠡᠷ ᠠᠩᠬ᠎ᠠ ᠴᠢᠯᠠᠭᠤᠲᠤ ᠳᠤᠮᠳᠠᠳᠤ ᠰᠤᠷᠭᠠᠭᠤᠯᠢ᠎ᠳᠤ ᠪᠠᠭᠰᠢᠯᠠᠬᠤ᠎ᠳ᠋ᠠᠭᠠᠨ ᠲᠣᠭᠠᠨ᠎ᠤ ᠤᠬᠠᠭᠠᠨ ᠵᠢᠭᠠᠵᠤ ᠦᠷᠭᠡᠨ ᠤᠯᠠᠨ ᠪᠠᠭ᠍ᠰᠢ ᠰᠤᠷᠤᠭ᠍ᠴᠢ᠎ᠶᠢᠨ ᠬᠠᠯᠠᠭᠤᠨ ᠬᠦᠷᠢᠶᠡᠯᠡᠯ᠎ᠢ ᠣᠯᠵᠤ᠂ 《ᠮᠡᠳᠡᠯᠭᠡ ᠶᠡᠬᠡ᠂ ᠮᠤᠷᠡᠯ ᠰᠠᠶ᠋ᠢᠨ》 ᠬᠡᠰᠡᠨ ᠦᠨᠳᠤᠷ ᠦᠨᠡᠯᠡᠯᠳᠡ᠎ᠶᠢ ᠬᠦᠷᠳᠡᠪᠡ᠃ ᠡᠨᠡ ᠨᠢ ᠲᠡᠭᠦᠨ᠎ᠤ ᠵᠢᠭᠠᠨ ᠰᠤᠷᠭᠠᠬᠤ ᠠᠷᠭ᠎ᠠ ᠪᠠᠨ ᠦᠷᠬᠦᠯᠵᠢ ᠰᠤᠳᠤᠯᠵᠤ ᠰᠡᠳᠬᠢᠳᠡᠭ ᠲᠡᠢ ᠬᠤᠯᠪᠤᠭ᠎ᠠ ᠲᠠᠢ᠃ ᠰᠤᠷᠤᠭ᠍ᠴᠢᠳ᠎ᠲᠠᠭᠠᠨ ᠠᠮᠢᠳᠤᠯᠢᠭ ᠰᠠᠢᠬᠠᠨ ᠤᠢᠯᠠᠭᠠᠭᠤᠯᠬᠤ ᠵᠢᠨ ᠲᠦᠯᠦᠬᠡ ᠰᠤᠷᠭᠠᠭᠤᠯᠢ ᠪᠣᠯᠣᠨ ᠭᠡᠷ᠎ᠤᠨ ᠬᠤᠭᠤᠷᠤᠨᠳᠤ ᠪᠠᠨ ᠨᠠᠭᠠᠰᠢ ᠴᠠᠭᠠᠰᠢ ᠶᠠᠪᠤᠬᠤ᠎ᠳ᠋ᠠᠭᠠᠨ ᠴᠤ᠌ ᠬᠢᠴᠢᠶᠡᠯ ᠵᠢᠭᠠᠬᠤ ᠠᠷᠭ᠎ᠠ᠎ᠪᠠᠨ ᠪᠤᠳᠤᠵᠤ ᠶᠠᠪᠤᠨ᠎ᠠ᠃ ᠲᠡᠭᠦᠨ᠎ᠤ ᠰᠤᠷᠤᠭ᠍ᠴᠢᠳ 《ᠯᠢ ᠪᠠᠭ᠍ᠰᠢ᠎ᠶᠢᠨ ᠬᠢᠴᠢᠶᠡᠯ ᠵᠢᠭᠠᠬᠤ ᠲᠦᠢᠯ᠎ᠤᠨ ᠣᠶ᠋ᠢᠯᠠᠭᠠᠮᠵᠢᠲᠠᠢ᠂ ᠶᠠᠭ ᠯᠠ ᠮᠠᠨᠤᠰ᠎ᠤᠨ ᠳᠠᠷᠢᠬᠢᠨ᠎ᠳᠤ ᠰᠢᠭᠤᠳ ᠬᠢᠵᠦ ᠦᠭᠴᠦ ᠪᠠᠶ᠋ᠢᠭ᠎ᠠ ᠰᠢᠭ᠋》 ᠬᠡᠵᠤ ᠶᠠᠷᠢᠳᠠᠭ ᠪᠠᠢᠵᠠᠢ᠃ ᠳᠤᠬᠠᠢ ᠵᠢᠨ ᠦᠶ᠎ᠡ ᠳ᠋ᠤ ᠲᠡᠭᠦᠨ᠎ᠤ ᠬᠠᠷᠢᠭᠤᠴᠠᠭᠰᠠᠨ ᠠᠩᠭᠢ᠎ᠶᠢᠨ ᠤᠣᠯ᠎ᠤᠨ ᠬᠢᠷᠢ ᠪᠦᠳᠦᠮᠵᠢ ᠲᠡᠭᠰᠢᠳᠬᠡᠭᠡᠳ ᠰᠠᠶᠢ 35 ᠬᠤᠪᠢ ᠬᠦᠷᠴᠤ ᠪᠠᠢᠪᠠ᠃ ᠲᠡᠷᠡ ᠠᠷᠭ᠎ᠠ ᠪᠦᠬᠦᠨ᠎ᠢ ᠰᠦᠪᠡᠭᠴᠢᠯᠡᠨ ᠵᠢᠭᠠᠨ ᠰᠤᠷᠭᠠᠬᠤ ᠦᠷ᠎ᠡ ᠪᠦᠳᠦᠮᠵᠢ᠎ᠪᠠᠨ ᠳᠡᠬᠡᠭᠰᠢᠯᠡᠬᠦᠯᠦᠭᠰᠡᠨ ᠵᠢᠡᠷ ᠲᠡᠬᠦᠨ᠎ᠤ ᠵᠢᠭᠠᠭ᠍ᠰᠡᠨ ᠬᠤᠶᠡᠷ ᠠᠩᠬᠢ᠎ᠶᠢᠨ ᠲᠤᠭᠠᠨ᠎ᠤ ᠤᠬᠠᠭᠠᠨ᠎ᠤ ᠬᠢᠴᠢᠶᠡᠯ᠎ᠤᠨ ᠲᠡᠭᠰᠢᠳᠬᠡᠯ ᠬᠤᠪᠢ᠎ᠨᠢ 65 ᠬᠤᠪᠢ ᠬᠦᠷᠴᠡᠢ᠃ ᠲᠡᠷᠡ ᠦᠷᠬᠦᠯᠵᠢ᠄ 《ᠰᠤᠷᠤᠭ᠍ᠴᠢᠳ᠎ᠲᠤ ᠵᠢᠭᠠᠰᠤ ᠪᠠᠷᠢᠬᠤ ᠠᠷᠭ᠎ᠠ᠎ᠶᠢ ᠵᠢᠭᠠᠵᠤ ᠦᠭᠬᠦ᠎ᠠᠴᠠ ᠪᠢᠰᠢ᠂ ᠵᠢᠭᠠᠰᠤ ᠪᠠᠷᠢᠵᠤ ᠦᠭᠴᠦ ᠪᠣᠯᠬᠤ ᠦᠭᠡᠢ》 ᠭᠡᠵᠦ ᠶᠠᠷᠢᠳᠠᠭ ᠪᠠᠢᠭᠰᠠᠨ᠃ ᠲᠡᠷᠡᠴᠢᠯᠡᠨ ᠴᠢᠷᠮᠠᠶ᠋ᠢᠯᠭ᠎ᠠ ᠬᠦᠮᠦᠨ᠎ᠢ ᠭᠤᠮᠤᠳᠠᠭᠠᠬᠤ ᠦᠭᠡᠢ ᠭᠡᠳᠡᠭᠴᠢᠯᠡᠨ᠂ 1986 ᠣᠨ᠎ᠤ ᠦᠨᠳᠦᠷ ᠳᠤᠮᠳᠠᠳᠤ ᠳ᠋ᠤ ᠳᠠᠪᠰᠢᠬᠤ ᠰᠢᠯᠭᠠᠯᠲᠠ᠎ᠳᠤ ᠲᠡᠭᠦᠨ᠎ᠤ ᠠᠩᠭᠢ᠎ᠶᠢᠨ 52 ᠨᠡᠷᠡᠰ ᠰᠤᠷᠤᠭ᠍ᠴᠢ᠎ᠶᠢᠨ 40 ᠨᠢ ᠠᠮᠵᠢᠯᠳᠠ᠎ᠲᠠᠢ᠎ᠪᠠᠷ ᠰᠤᠷᠭᠠᠭᠤᠯᠢ ᠲᠠᠪᠰᠢᠵᠤ᠂ ᠰᠤᠷᠭᠠᠭᠤᠯᠢ ᠲᠠᠪᠰᠢᠭ᠍ᠰᠠᠨ ᠨᠤᠷᠮ᠎ᠠ᠎ᠨᠢ 77%᠎ᠳᠤ ᠬᠦᠷᠴᠦ᠂ ᠴᠢᠯᠠᠭᠤᠲᠤ ᠳᠤᠮᠳᠠᠳᠤ ᠰᠤᠷᠭᠠᠭᠤᠯᠢ᠎ᠶᠢᠨ ᠬᠠᠮᠤᠭ᠎ᠤᠨ ᠰᠠᠶ᠋ᠢᠨ ᠬᠢᠷᠢ ᠪᠦᠳᠦᠮᠵᠢ ᠵᠢ ᠡᠬᠦᠳᠴᠡᠢ᠃

ᠲᠡᠷᠡ ᠮᠢᠨᠢ ᠨᠤᠭᠤᠰᠤᠳᠡᠢ ᠲᠤᠮᠳᠠᠳᠤ ᠰᠤᠷᠭᠠᠭᠤᠯᠢ᠎ᠳᠤ ᠠᠷᠡᠳ᠎ᠠᠴᠠ ᠠ᠋ᠷᠬᠢᠯᠡᠭᠰᠡᠨ ᠪᠠᠭ᠍ᠰᠢ ᠪᠡᠷ ᠠᠵᠢᠯᠯᠠᠵᠤ ᠪᠠᠶ᠋ᠢᠬ᠍ᠰᠠᠨ ᠴᠤ᠌ ᠠᠵᠢᠯ ᠠ᠋ᠬᠦᠷᠭᠡ᠎ᠪᠠᠨ ᠬᠢᠯᠠᠯᠵᠡᠳᠡᠯ᠎ᠠ ᠰᠠᠶ᠋ᠢᠬᠠᠨ ᠪᠠᠶᠠᠯᠡᠬᠦᠯᠳᠡᠭ ᠪᠠᠢᠭᠰᠠᠨ᠃ ᠪᠢ ᠠᠵᠢᠯ ᠶᠠᠭᠠᠷᠠᠤ᠂ ᠡᠷᠦᠬᠡ ᠬᠡᠷ ᠵᠢᠡᠨ ᠳᠤᠳᠤᠮᠳᠠᠵᠤ ᠠᠮᠵᠢᠬᠤ ᠦᠬᠡᠢ ᠪᠠᠶ᠋ᠢᠭ᠍ᠰᠠᠨ ᠳ᠋ᠤ ᠲᠡᠷᠡ ᠮᠢᠨᠢ ᠦᠳᠡᠯᠦᠬᠡ ᠨᠠᠰᠤᠳᠠᠨ᠂ ᠦᠷ᠎ᠠ ᠬᠡᠦᠬᠡᠳ᠎ᠢ ᠠᠰᠠᠷᠠᠨ ᠬᠠᠷᠠᠭᠠᠯᠵᠠᠬᠤ ᠵᠢᠨ ᠳᠠᠭᠠᠤ ᠶᠡᠷᠦ ᠡᠴᠡ ᠬᠢᠴᠢᠶᠡᠯ ᠰᠠᠭᠠᠲᠠᠳᠠᠭ ᠦᠭᠡᠢ᠃ ᠨᠢᠬᠡᠨ ᠤᠳᠠᠭ᠎ᠠ ᠨᠢᠯᠬ᠎ᠠ ᠬᠦᠦ᠎ᠮᠢᠨᠢ ᠡᠪᠡᠳᠴᠢᠯᠡᠭᠰᠡᠨ ᠳ᠋ᠤ ᠲᠡᠷᠡ ᠬᠦᠦ ᠵᠢ ᠡᠬᠦᠷᠴᠤ ᠤᠷᠤᠢ᠎ᠶᠢᠨ ᠲᠡᠪᠳᠠᠯᠭ᠎ᠠ ᠪᠠᠨ ᠬᠠᠷᠢᠭᠤᠴᠡᠨ ᠠᠵᠢᠯᠯᠠᠵᠤ ᠪᠠᠶ᠋ᠢᠬ᠍ᠰᠠᠨ᠃ ᠨᠤᠭᠤᠰᠤᠳᠡᠢ ᠲᠤᠮᠳᠠᠳᠤ ᠰᠤᠷᠭᠠᠭᠤᠯᠢ᠎ᠶᠢᠨ ᠤᠤᠯ᠎ᠤᠨ ᠬᠠᠷᠢᠭᠤᠴᠠᠯᠭᠠᠳᠠᠨ ᠦᠯᠵᠡᠢ ᠪᠠᠭᠰᠢ ᠡᠴᠡ᠄ 《ᠤᠣᠯ᠎ᠨᠢ ᠮᠠᠨ᠎ᠤ ᠰᠤᠷᠭᠠᠭᠤᠯᠢ᠎ᠶᠢᠨ ᠲᠣᠭᠠᠨ᠎ᠤ ᠤᠬᠠᠭᠠᠨ᠎ᠤ ᠬᠢᠴᠢᠶᠡᠯ᠎ᠤᠨ ᠬᠢᠷᠢ ᠪᠦᠳᠦᠮᠵᠢ ᠪᠦᠬᠦ ᠬᠤᠰᠢᠭᠤᠨ ᠳ᠋ᠠᠭᠠᠨ ᠬᠤᠶ᠋ᠢᠭᠤᠷ ᠪᠠᠶ᠋ᠢᠷᠢᠨ᠎ᠳᠤ ᠪᠠᠶ᠋ᠢᠭ᠍ᠰᠠᠨ᠃ ᠯᠢ ᠮᠸᠢ ᠷᠦᠩ ᠮᠠᠨ᠎ᠤ ᠰᠤᠷᠭᠠᠭᠤᠯᠢ᠎ᠳᠤ ᠢᠷᠡᠵᠦ ᠲᠣᠭᠠᠨ᠎ᠤ ᠤᠬᠠᠭᠠᠨ ᠵᠢᠭᠠᠭᠰᠠᠨ᠎ᠠᠴᠠ ᠰᠡᠭᠦᠯᠡᠷ ᠮᠠᠨ᠎ᠤ ᠰᠤᠷᠭᠠᠭᠤᠯᠢ᠎ᠶᠢᠨ ᠲᠣᠭᠠᠨ᠎ᠤ ᠤᠬᠠᠭᠠᠨ᠎ᠤ ᠬᠢᠴᠢᠶᠡᠯ᠎ᠤᠨ ᠬᠢᠷᠢ ᠪᠦᠳᠦᠮᠵᠢ ᠪᠦᠬᠦ ᠬᠤᠰᠢᠭᠤᠨ᠎ᠤ ᠲᠡᠷᠢᠭᠦᠨ᠎ᠤ ᠠ᠋ᠩᠨᠡᠭᠡᠨ᠎ᠳᠤ ᠳᠠᠪᠰᠢᠨ ᠤᠷᠤᠵᠠᠢ》 ᠬᠡᠵᠦ ᠡᠷᠬᠢᠴᠡᠬᠦᠯᠵᠦ ᠦᠩᠭᠡᠷᠡᠪᠡ᠃

1988 ᠤᠨ᠎ᠳᠤ ᠲᠡᠷᠨ ᠬᠤᠷᠴᠢᠨ ᠵᠡᠭᠦᠨ ᠭᠠᠷᠤᠨ ᠬᠤᠢᠳᠤ ᠬᠤᠰᠢᠭᠤᠨ᠎ᠤ ᠭᠠᠨᠵᠤᠭ᠎ᠠ᠎ᠳᠠᠬᠢ ᠲᠦᠷᠪᠡᠳᠤᠭᠡᠷ ᠲᠤᠮᠳᠠᠳᠤ ᠰᠤᠷᠭᠠᠭᠤᠯᠢ᠎ᠳᠤ ᠠᠵᠢᠯ ᠰᠢᠯᠵᠢᠨ ᠪᠠᠭᠰᠢᠯᠠᠵᠤ ᠪᠠᠢᠬᠰᠠᠨ ᠵᠢᠡᠨ ᠵᠢᠭᠠᠨ ᠰᠤᠷᠭᠠᠬᠤ ᠳᠤᠷᠰᠢᠯᠭ᠎ᠠ ᠪᠠᠶᠠᠯᠢᠭ᠂ ᠴᠢᠷᠮᠠᠢᠨ ᠠᠵᠢᠯᠯᠠᠳᠠᠭ ᠵᠢᠡᠷ᠎ᠢᠶᠡᠨ ᠬᠤᠰᠢᠭᠤᠨ᠎ᠤ ᠵᠢᠭᠠᠬᠤ᠎ᠶᠢ ᠰᠤᠳᠤᠯᠬᠤ ᠲᠠᠰᠤᠭ᠎ᠤᠨ ᠲᠤᠮᠳᠠᠳᠤ ᠰᠤᠷᠭᠠᠭᠤᠯᠢ᠎ᠶᠢᠨ ᠲᠤᠭᠤᠶ᠋ᠢᠯᠠᠩ᠎ᠳᠤ ᠠᠵᠢᠯ ᠰᠢᠯᠵᠢᠨ 10 ᠵᠢᠯ  ᠠᠵᠢᠯᠯᠠᠵᠠᠢ᠃ ᠡᠨᠡ ᠬᠤᠭᠤᠷᠤᠨᠳᠤ ᠳᠡᠷᠡ ᠪᠦᠬᠦ ᠬᠤᠰᠢᠭᠤᠨ᠎ᠤ ᠰᠤᠮᠤ ᠪᠠᠯᠭᠠᠰᠤ᠎ᠶᠢᠨ ᠰᠤᠷᠭᠠᠭᠤᠯᠢ ᠪᠣᠯᠣᠨ ᠬᠤᠰᠢᠭᠤᠨ᠎ᠤ ᠬᠠᠷᠢᠶ᠎ᠠ ᠰᠤᠷᠭᠠᠭᠤᠯᠢ᠎ᠨᠤᠭᠤᠳ᠎ᠢᠶᠠᠷ ᠭᠦᠨᠵᠡᠭᠡᠶ᠋ᠢᠷᠡᠨ᠂ ᠬᠢᠴᠢᠶᠡᠯ ᠰᠤᠨᠤᠰᠬᠤ᠂ ᠦᠨᠡᠯᠡᠯᠲᠡ ᠬᠢᠬᠦ᠂ ᠤᠷᠤᠯᠳᠤᠭᠠᠨ ᠠ᠋ᠷᠬᠢᠯᠡᠬᠦ᠂ ᠪᠠᠭ᠍ᠰᠢ ᠨᠠᠷ᠎ᠤᠨ ᠬᠢᠷᠢ ᠭᠡᠮ᠎ᠢ ᠦᠨᠡᠯᠡᠨ ᠲᠤᠭᠲᠠᠭᠠᠬᠤ᠂ ᠰᠢᠯᠭᠠᠯᠲᠠ ᠪᠠᠶ᠋ᠢᠴᠠᠭᠠᠯᠲᠠ ᠬᠢᠬᠦ ᠵᠡᠷᠭᠡ ᠠᠵᠢᠯ᠎ᠳᠤ ᠨᠠᠷᠢᠨ ᠨᠢᠭ᠍ᠲᠠ᠂ ᠲᠦᠪ ᠭᠤᠣᠯᠴᠢ᠎ᠪᠠᠷ ᠬᠠᠨᠳᠤᠨ᠂ ᠪᠦᠬᠦ ᠬᠤᠰᠢᠭᠤᠨ᠎ᠤ ᠲᠤᠮᠳᠠᠳᠤ ᠪᠠᠭ᠎ᠠ ᠰᠤᠷᠭᠠᠭᠤᠯᠢ᠎ᠶᠢᠨ ᠵᠢᠭᠠᠨ ᠰᠤᠷᠭᠠᠬᠤ ᠦᠷ᠎ᠡ ᠪᠦᠳᠦᠮᠵᠢ᠎ᠶᠢ ᠨᠡᠶ᠋ᠢᠳᠡᠮ ᠲᠡᠭᠡᠭᠰᠢᠯᠡᠬᠦᠯᠬᠦ᠎ᠳᠤ ᠬᠦᠴᠦᠨ ᠵᠢᠳᠬᠦᠯ ᠵᠢᠡᠨ ᠦᠵᠡᠬᠦᠯᠦᠭᠰᠡᠨ ᠶᠤᠮ᠃ 1999 ᠣᠨ᠎ᠤ ᠬᠠᠪᠤᠷ᠂ ᠲᠦᠩᠯᠢᠶᠤᠤ ᠬᠤᠳᠠ᠎ᠶᠢᠨ ᠮᠤᠩᠭᠤᠯ ᠦᠨᠳᠦᠰᠦᠳᠡᠨ᠎ᠤ ᠰᠤᠷᠭᠠᠭᠤᠯᠢ ᠳ᠋ᠤ ᠰᠢᠯᠵᠢᠨ᠂ ᠬᠢᠴᠢᠶᠡᠯ ᠬᠦᠮᠦᠵᠢᠯ᠎ᠤᠨ ᠭᠠᠵᠠᠷ ᠬᠤᠪᠢᠶᠠᠭᠳᠠᠨ ᠠᠵᠢᠯᠯᠠᠬᠤ ᠳ᠋ᠠᠭᠠᠨ ᠰᠤᠷᠭᠠᠭᠤᠯᠢ᠎ᠶᠢᠨ ᠵᠢᠭᠠᠨ ᠰᠤᠷᠭᠠᠬᠤ ᠬᠢᠷᠢ ᠪᠦᠳᠦᠮᠵᠢ᠎ᠶᠢ ᠳᠡᠭᠡᠭᠰᠢᠯᠡᠭᠦᠯᠬᠦ᠎ᠪᠡᠷ ᠨᠢᠬᠡ ᠯᠡ ᠰᠡᠳᠬᠢᠯ ᠵᠢᠡᠷ ᠴᠢᠷᠮᠠᠢᠪᠠ᠃ ᠳᠡᠷᠡ ᠦᠷᠬᠦᠯᠵᠢ ᠪᠠᠭᠰᠢ ᠨᠠᠷ᠎ᠤᠨ ᠬᠢᠴᠢᠶᠡᠯ᠎ᠢ ᠰᠤᠨᠤᠰᠴᠤ᠂ ᠦᠨᠡᠯᠡᠵᠦ᠂ ᠳᠠᠪᠠᠭᠤᠯᠢᠭ ᠳᠠᠯ᠎ᠠ ᠵᠢ ᠨᠢ ᠦᠨᠡᠯᠡᠵᠦ᠂ ᠬᠦᠷᠤᠯᠴᠡᠬᠦ ᠦᠭᠡᠢ ᠲᠡᠯ᠎ᠠ᠎ᠶᠢ᠎ᠨᠢ ᠵᠢᠭᠠᠵᠤ ᠳᠤᠬᠢᠨ᠂ ᠤᠨᠤᠯ ᠤᠶ᠋ᠢᠯᠡᠳᠤᠯᠭᠡ᠎ᠶᠢ ᠤᠶᠠᠯᠳᠤᠭᠤᠯᠤᠨ ᠰᠢᠰᠲᠸᠮ᠎ᠲᠠᠢ ᠵᠠᠳᠡᠯᠤᠨ ᠦᠨᠡᠯᠡᠵᠦ᠂ ᠪᠠᠭᠰᠢ ᠨᠠᠷ᠎ᠵᠢᠡᠨ ᠲᠠᠪᠳᠠᠨ ᠪᠤᠯᠪᠠᠰᠤᠷᠠᠭᠤᠯᠵᠤ᠂ ᠠᠵᠢᠯ ᠳ᠋ᠤᠨᠢ ᠴᠠᠭᠠᠷᠠᠭᠤᠯᠳᠠᠭ ᠪᠠᠢᠯ᠎ᠠ᠃

ᠠᠵᠢᠯ ᠬᠦᠳᠡᠯᠮᠦᠷᠢ ᠬᠦᠮᠦᠰ ᠲᠸ᠋ ᠬᠠᠮᠤᠭ᠎ᠤᠨ ᠦᠨᠳᠦᠰᠦᠨ ᠮᠡᠳᠡᠯᠭᠡ ᠮᠡᠷᠭᠡᠵᠢᠯ᠎ᠢ ᠡᠵᠡᠮᠰᠢᠭᠦᠯᠵᠦ᠂ ᠦᠭᠡᠳᠡᠯᠡᠨ ᠲᠠᠪᠰᠢᠬᠤ ᠡᠷᠴᠢ ᠬᠦᠴᠦᠨ᠂ ᠠᠷᠭ᠎ᠠ ᠤᠬᠠᠭᠠᠨ᠎ᠢ ᠤᠯᠭᠤᠳᠠᠭ᠃ ᠭᠡᠷᠭᠡᠢ ᠮᠢᠨᠢ ᠡᠨᠡ ᠬᠦ᠌ ᠲᠦᠭᠦᠮᠬᠡᠨ ᠮᠦᠷᠳᠡᠭᠡᠨ ᠦᠨᠳᠦᠰᠦᠨ ᠶᠤᠰᠤᠨ᠎ᠢ ᠰᠤᠷᠤᠭᠴᠢ ᠬᠡᠤᠬᠡᠳ ᠲᠡᠭᠡᠨ ᠴᠸ᠋ ᠵᠢᠭᠠᠵᠤ᠂ ᠲᠡᠳᠡᠨ ᠲᠡᠢ ᠪᠠᠨ ᠴᠤᠭ ᠠᠵᠢᠯᠯᠠᠵᠤ ᠬᠦᠳᠡᠯᠮᠦᠷᠢᠯᠡᠵᠦ ᠯᠠ ᠶᠠᠪᠤᠬᠰᠠᠨ᠃ ᠲᠡᠭᠡᠷ᠎ᠡ ᠵᠠᠭᠤᠨ᠎ᠤ ᠨᠠᠶᠠᠭᠠᠳ ᠤᠨ ᠳ᠋ᠤ ᠰᠤᠷᠭᠠᠭᠤᠯᠢ ᠨᠤᠭᠤᠳ ᠴᠸ᠋ ᠦᠷᠬᠦᠯᠵᠢ ᠠᠵᠢᠯ ᠬᠦᠳᠡᠯᠮᠦᠷᠢ ᠬᠢᠵᠦ ᠠᠮᠢᠳᠤᠷᠠᠯ ᠦᠢᠯᠡᠳᠪᠦᠷᠢᠯᠡᠯ᠎ᠤᠨ ᠨᠦᠬᠦᠴᠡᠯ᠎ᠢᠶᠡᠨ ᠰᠠᠢᠵᠢᠷᠠᠭᠤᠯᠳᠠᠭ ᠪᠠᠢᠯ᠎ᠠ᠃ 1984 ᠣᠨ᠎ᠤ 9 ᠰᠠᠷ᠎ᠠ᠎ᠶᠢᠨ 25᠎ᠤ᠋ ᠠ᠋ᠳᠦᠷ ᠪᠠᠢᠵᠤ ᠪᠢᠯᠡ᠃ ᠲᠡᠭᠦᠨ᠎ᠤ ᠮᠢᠨᠢ ᠪᠠᠢᠬᠰᠠᠨ ᠴᠢᠯᠠᠭᠤᠳᠤ ᠲᠤᠮᠳᠠᠳᠤ ᠰᠤᠷᠭᠠᠭᠤᠯᠢ᠎ᠡᠴᠡ ᠲᠡᠳᠡᠨ᠎ᠤ ᠠᠩᠬᠢ᠎ᠳᠤ ᠡᠪᠡᠰᠦ ᠵᠦᠭᠡᠭᠡᠬᠦ ᠠ᠋ᠭᠦᠷᠭᠡ ᠳᠤᠰᠢᠶᠠᠵᠠᠢ᠃ ᠠᠷᠤ ᠭᠠᠵᠠᠷ᠎ᠤᠨ 9 ᠰᠠᠷ᠎ᠠ᠎ᠶᠢᠨ ᠰᠡᠭᠦᠯᠴᠢ ᠭᠡᠭᠴᠢ ᠰᠡᠷᠢᠭᠦᠦ ᠲᠠᠳᠠᠬᠰᠠᠨ ᠬᠦᠢᠳᠡᠨ ᠦᠶ᠎ᠡ ᠶᠤᠮ᠃ ᠳᠡᠳᠡ ᠪᠠᠭᠰᠢ ᠰᠤᠷᠤᠭᠴᠢᠳ ᠬᠤᠰᠤᠲᠠᠢ᠎ᠶᠢᠨ ᠬᠤᠯᠤᠰᠤᠨ ᠠ᠋ᠩᠭᠡᠷ᠎ᠲᠤ ᠡᠪᠦᠳᠦᠭ ᠴᠢᠨᠡᠭᠡ ᠭᠦᠨ ᠬᠦᠢᠲᠡᠨ ᠤᠰᠤᠨ᠎ᠳᠤ ᠣᠷᠣᠵᠤ᠂ ᠰᠤᠷᠭᠠᠭᠤᠯᠢ᠎ᠶᠢᠨ ᠦᠬᠡᠷ ᠲᠡᠵᠢᠭᠡᠬᠦ᠎ᠪᠠᠷ ᠬᠠᠳᠤᠭ᠍ᠰᠡᠨ ᠡᠪᠡᠰᠤ ᠬᠤᠯᠤᠰᠤ᠎ᠶᠢ ᠲᠡᠪᠡᠷᠢ ᠲᠡᠪᠡᠷᠢ᠎ᠪᠠᠷ ᠵᠦᠬᠡᠬᠡᠯ᠎ᠡ᠃ ᠶᠠᠰᠤ ᠶᠠᠩᠭᠢᠨᠠᠮ᠎ᠠ ᠬᠦᠢᠲᠡᠨ ᠤᠰᠤᠨ᠎ᠳᠤ ᠬᠡᠳᠦᠷᠬᠡᠢ ᠲᠠᠭᠠᠷᠠᠵᠤ ᠵᠢᠩᠭᠢᠨᠡᠭᠰᠡᠨ᠎ᠠᠴᠠ ᠪᠣᠯᠵᠤ ᠲᠡᠭᠦᠨ ᠳ᠋ᠤ ᠮᠢᠨᠢ ᠬᠡᠮ ᠠᠷᠬᠠᠭ ᠦᠯᠡᠳᠡᠵᠦ᠂ ᠤᠯᠠᠨ ᠵᠢᠯ᠎ᠢᠶᠡᠷ ᠡᠪᠡᠳᠴᠦ ᠰᠢᠨᠠᠯᠵᠤ ᠪᠠᠢᠬᠰᠠᠨ᠎ᠢ ᠶᠠᠭᠤ ᠭᠡᠬᠦᠪ ⁈

ᠦᠷᠦᠭᠡᠯ᠎ᠤᠨ ᠪᠤᠶᠤ ᠦᠪᠡᠷ᠎ᠤᠨ ᠬᠡᠤᠬᠡᠳ ᠭᠡᠮᠡᠨ ᠠᠯᠠᠭ ᠦᠭᠡᠢ ᠬᠠᠨᠳᠤᠳᠠᠭ ᠭᠡᠷᠭᠡᠢ ᠮᠢᠨᠢ ᠰᠤᠷᠤᠭ᠍ᠴᠢ᠎ᠪᠠᠨ ᠭᠡᠪᠡᠯ ᠣᠨᠲᠠᠵᠤ ᠢᠳᠡᠬᠦ ᠪᠠᠨ  ᠬᠦᠷᠲᠡᠯ᠎ᠡ ᠮᠠᠷᠲᠠᠴᠢᠬᠠᠳᠠᠭ ᠬᠠᠯᠠᠭᠤᠮᠰᠤᠭ ᠰᠡᠳᠭᠢᠯᠭᠡ ᠲᠡᠢ ᠨᠢᠭᠡᠨ᠃ ᠨᠢᠬᠡᠨ ᠡᠪᠤᠯ᠎ᠤᠨ ᠬᠦᠢᠳᠡᠨ᠎ᠳᠤ ᠲᠡᠷᠡ ᠰᠢᠪᠡᠷ ᠵᠢᠭᠤᠷᠠᠵᠤ ᠠ᠋ᠮᠡᠭᠳᠡᠢ ᠰᠤᠷᠤᠭ᠍ᠴᠢᠳ᠎ᠤᠨ᠎ᠢᠶᠠᠨ ᠪᠠᠶ᠋ᠢᠷᠢ᠎ᠶᠢᠨ ᠬᠠᠨᠵᠤ᠎ᠶᠢ᠎ᠨᠢ ᠵᠠᠰᠠᠵᠤ ᠪᠠᠶ᠋ᠢᠭᠠᠳ ᠲᠤᠯᠤᠭᠠᠢ ᠲᠡᠭᠡᠷ᠎ᠠ ᠨᠢ ᠲᠤᠭᠤᠰᠬ᠎ᠠ ᠤᠨᠠᠵᠤ ᠮᠡᠳᠡᠭᠡ ᠰᠡᠭᠡᠭᠡ ᠦᠭᠡᠢ ᠪᠤᠯᠤᠬᠰᠠᠨ ᠤᠳᠠᠭ᠎ᠠ ᠲᠠᠢ; ᠰᠤᠷᠤᠭ᠍ᠴᠢᠳ᠎ᠨᠢ ᠬᠢᠮᠤᠷᠠᠭ᠎ᠠ ᠲᠠᠭᠰᠢᠭᠤᠷ᠎ᠲᠤ ᠨᠡᠷᠪᠡᠭᠳᠡᠬᠦ ᠪᠤᠶᠤ ᠬᠤᠳᠤᠭᠤᠳᠤ ᠬᠡᠳᠡᠰᠤ᠎ᠨᠢ ᠡᠪᠡᠳᠪᠡᠯ ᠬᠡᠷ᠎ᠠᠴᠠ ᠰᠢᠩᠭᠡᠨ ᠪᠤᠳᠠᠭ᠎ᠠ ᠴᠢᠨᠡᠵᠤ ᠠᠪᠡᠴᠢᠨ ᠢᠳᠡᠬᠦᠯᠳᠡᠭ; ᠰᠤᠷᠤᠭᠴᠢ ᠪᠠᠨ ᠵᠢᠳᠬᠦᠬᠦᠷ ᠲᠡᠷᠭᠡ ᠪᠡᠷ ᠵᠢᠳᠬᠦᠬᠡᠳ ᠡᠮᠨᠡᠯᠬᠡ ᠳ᠋ᠤ ᠬᠦᠷᠬᠡᠵᠦ ᠪᠠᠢᠭᠰᠠᠨ ᠤᠳᠠᠭ᠎ᠠ ᠴᠤ᠌ ᠪᠤᠢ᠃ ᠡᠢᠮᠦᠷᠬᠦᠤ ᠡᠳᠦᠷ᠎ᠤᠨ ᠤᠳᠠᠭᠠᠨ ᠳ᠋ᠤ ᠰᠤᠷᠤᠭᠴᠢᠳ᠎ᠤᠨ ᠵᠢᠡᠨ ᠪᠢᠰᠢᠷᠡᠯ ᠬᠦᠨᠳᠦᠳᠭᠡᠯ᠎ᠢ ᠤᠯᠵᠤ᠂ ᠰᠤᠷᠤᠭᠴᠢᠳ ᠨᠢ 《ᠡᠵᠢ ᠪᠠᠭᠰᠢ》 ᠬᠡᠵᠦ ᠲᠤᠳᠤᠨᠤᠴᠢᠯᠠᠨ ᠲᠠᠭᠤᠳᠠᠳᠠᠭ ᠪᠤᠯᠤᠯ᠎ᠠ᠃

ᠬᠡᠦᠬᠡᠳ ᠪᠠᠭᠠᠴᠤᠳ᠎ᠢ ᠬᠦᠮᠦᠵᠢᠬᠦᠯᠬᠦ ᠠᠷᠢᠭᠤᠨ ᠳᠠᠷᠬᠠᠨ ᠦᠢᠯᠡᠰ ᠲᠤ᠌ ᠨᠠᠰᠤ ᠪᠡᠷ᠎ᠢᠶᠡᠨ ᠵᠢᠳᠬᠦᠭᠰᠡᠨ ᠭᠡᠷᠭᠡᠢ ᠮᠢᠨᠢ 2002 ᠣᠨ᠎ᠤ ᠨᠠᠮᠤᠷ ᠦᠩᠬᠡ ᠭᠡᠷᠡᠯᠲᠡᠢ᠎ᠪᠠᠷ ᠨᠠᠰᠤᠨ᠎ᠤ ᠠᠮᠠᠷᠠᠯᠲᠠ᠎ᠪᠠᠨ ᠠᠪᠴᠠᠢ᠃ ᠠᠮᠠᠷᠠᠯᠲᠠ᠎ᠪᠠᠨ ᠠᠪᠤᠭᠰᠠᠨ᠎ᠤ ᠲᠠᠷᠠᠭ᠎ᠠ ᠴᠸ᠋ ᠬᠠᠮᠲᠤ ᠠᠵᠢᠯᠯᠠᠭᠰᠠᠳ ᠪᠤᠯᠤᠨ ᠰᠤᠷᠤᠭ᠍ᠴᠢ ᠬᠡᠤᠬᠡᠳ᠎ᠨᠢ ᠲᠡᠭᠦᠨ᠎ᠢ ᠦᠷᠬᠦᠯᠵᠢ ᠡᠷᠬᠢᠵᠦ ᠦᠵᠡᠳᠡᠭ ᠪᠠᠢᠬᠰᠠᠨ ᠨᠢ ᠰᠠᠢᠬᠠᠨ᠃ ᠠᠵᠢᠯᠴᠢ ᠬᠦᠮᠦᠨ ᠳ᠋ᠤ ᠠᠵᠢᠯ ᠮᠤᠩᠳᠠᠬᠤ ᠦᠭᠡᠢ ᠭᠡᠳᠡᠭᠴᠢᠯᠡᠨ᠂ ᠠᠵᠢᠯ᠎ᠠᠴᠠ᠎ᠪᠠᠨ ᠠᠮᠠᠷᠠᠭᠰᠠᠨ᠎ᠤ ᠳᠠᠷᠠᠭ᠎ᠠ ᠲᠡᠷᠡ ᠪᠡᠷ ᠪᠡᠶ᠎ᠠ ᠠᠨᠠᠢ ᠪᠠᠢᠭᠰᠠᠨ ᠴᠤ᠌ ᠨᠠᠮ᠎ᠠ ᠵᠢ ᠬᠠᠪᠰᠤᠷᠴᠤ 《ᠪᠢᠩᠲᠤ ᠬᠤᠰᠢᠭᠤᠨ᠎ᠤ ᠲᠡᠤᠬᠡ ᠲᠡᠮᠳᠡᠭᠯᠡᠯ》᠂ 《ᠠᠯᠳᠠᠨ ᠤᠭᠰᠠᠭᠠᠲᠠᠨ᠎ᠤ ᠬᠤᠶ᠋ᠢᠴᠢᠰ》 ᠭᠡᠬᠦ ᠨᠣᠮ ᠪᠠ ᠠᠯᠳᠠᠷᠲᠤ ᠠᠶᠠᠯᠭᠤ ᠵᠣᠬᠢᠶᠠᠭ᠍ᠴᠢ ᠲᠤᠯᠭᠠᠭᠤᠷᠢ ᠠᠬ᠎ᠠ᠎ᠶᠢᠨ᠎ᠢᠶᠠᠨ ᠲᠡᠤᠬᠡ ᠨᠠᠮᠲᠠᠷ᠎ᠢ ᠪᠢᠴᠢᠬᠦ᠎ᠳᠤ ᠶᠡᠬᠡᠬᠡᠨ ᠬᠠᠪᠰᠤᠷᠤᠯᠭ᠎ᠠ ᠲᠡᠮᠵᠢᠯᠭᠡ ᠦᠵᠡᠭᠦᠯᠪᠡ᠃

ᠬᠠᠢᠷᠠᠳᠤ ᠭᠡᠷᠭᠡᠢ ᠮᠢᠨᠢ ᠨᠠᠰᠤᠨ ᠲᠤᠷᠰᠢ ᠰᠤᠷᠤᠭ᠍ᠴᠢ ᠬᠡᠤᠬᠡᠳ᠎ᠢᠶᠠᠨ ᠰᠤᠷᠭᠠᠵᠤ ᠬᠦᠮᠦᠵᠢᠬᠦᠯᠦᠭᠰᠡᠨ ᠡᠴᠡ ᠭᠠᠳᠠᠨ᠎ᠠ᠂ ᠨᠠᠰᠤᠳᠠᠨ ᠪᠤᠭᠤᠷᠤᠯ ᠠ᠋ᠮᠡᠭᠡ᠂ ᠡᠪᠡᠳᠴᠢᠨ ᠬᠠᠭᠤᠴᠢᠨ᠎ᠲᠠᠢ ᠡᠵᠢ᠎ᠪᠠᠨ ᠠᠰᠠᠷᠠᠵᠤ ᠬᠠᠷᠠᠭᠠᠯᠵᠠᠬᠤ ᠡᠴᠡ ᠭᠤᠷᠪᠠᠨ ᠬᠡᠤᠬᠡᠳ᠎ᠢ ᠠᠷᠠᠴᠢᠯᠠᠵᠤ ᠲᠤᠳᠤᠮᠳᠠᠬᠤ ᠭᠡᠳ ᠠᠯᠢ ᠠᠯᠢᠨ ᠳ᠋ᠤᠨᠢ ᠴᠸ᠋ ᠤᠰᠤᠯᠳᠠᠯ ᠦᠬᠡᠢ ᠴᠢᠷᠮᠠᠢᠵᠤ ᠯᠡ ᠶᠠᠪᠤᠭᠰᠠᠨ᠃ 2022 ᠤᠨ᠎ᠳᠤ ᠲᠡᠷᠡ ᠮᠢᠨᠢ 78 ᠨᠠᠰᠤᠨ ᠳ᠋ᠠᠭᠠᠨ ᠡᠯᠢᠭᠡᠨ ᠬᠠᠢᠷᠠᠳᠤ ᠨᠤᠳᠤᠭ ᠤᠰᠤᠨ᠂ ᠡᠷᠬᠡ ᠲᠠᠷᠬᠠᠨ ᠦᠢᠯᠡᠰ᠂ ᠡᠩᠬᠦᠷᠡᠢ ᠬᠠᠢᠷᠠᠳᠤ ᠭᠡᠷ᠎ᠤᠨ ᠬᠦᠮᠦᠰ ᠡᠴᠡ ᠪᠠᠨ ᠠ᠋ᠬᠦᠷᠢᠳᠡ ᠠᠶᠠᠷᠯᠠᠨ ᠶᠢᠷᠳᠢᠨᠴᠦ᠎ᠶᠢᠨ ᠮᠦᠩᠬᠡ ᠪᠤᠰᠤ ᠵᠢ ᠦᠵᠡᠭᠦᠯᠵᠡᠢ᠃ ᠲᠡᠭᠦᠨ᠎ᠤ ᠮᠢᠨᠢ ᠦᠢᠯᠡᠰ᠎ᠢᠶᠡᠨ ᠭᠡᠰᠡᠨ ᠲᠡᠮᠡᠴᠡᠯ ᠲᠡᠮᠡᠤᠯᠤᠯ᠂ ᠠᠢᠯ ᠭᠡᠷ ᠲᠡᠭᠡᠨ ᠦᠵᠡᠭᠦᠯᠦᠭᠰᠡᠨ ᠠᠴᠢᠯᠠᠯ ᠬᠠᠢᠷ᠎ᠠ ᠨᠢ ᠦᠨᠢ ᠡᠭᠦᠷᠢᠳᠡ ᠲᠤᠷᠠᠰᠤᠭᠳᠠᠨ ᠰᠠᠨᠠᠭᠳᠠᠨᠠᠮ !

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号