ᠡᠷᠡᠬᠦᠯ ᠡᠩᠬᠡ ᠵᠢᠨ 《ᠲᠠᠷᠬᠠᠨ ᠬᠠᠮᠠᠭᠠᠯᠠᠭᠴᠢ》
2025-09-01 11:49:43
ᠵᠣᠬᠢᠶᠠᠭ᠍ᠴᠢ᠄
ᠬᠠᠶ ᠵᠢᠶᠦ᠋ᠨ
ᠣᠩᠱᠢᠭ᠍ᠰᠠᠨ ᠣᠳᠠᠭ᠎ᠠ᠄
★★★☆☆

ᠨᠠᠮᠤᠷ᠎ᠦᠨ ᠡᠬᠢᠨ᠎ᠦ ᠨᠢᠬᠡᠨ ᠥᠷᠯᠥᠭᠡᠬᠦᠷ ᠡᠷᠲᠡ ᠱᠢᠩ ᠾᠧ ᠱᠢᠶᠠᠨ᠎ᠤ ᠳ᠋ᠢᠶᠠᠨ ᠽᠢ ᠪᠠᠯᠭᠠᠰᠤᠨ᠎ᠤ ᠡᠷᠡᠭᠦᠯ ᠬᠠᠮᠠᠭᠠᠯᠠᠯ᠎ᠤᠨ ᠬᠣᠷᠢᠶᠠᠨ᠎ᠤ ᠬᠢᠲᠠᠳ ᠡᠮᠨᠡᠯᠭᠡ᠎ᠶ᠋ᠢᠨ ᠣᠷᠳᠣᠨ᠎ᠳᠤ᠂ 68 ᠨᠠᠰᠤᠲᠠᠢ ᠵᠠᠩ ᡁᠢ ᠭᠠᠩ ᠶᠠᠭ ᠹᠢᠽᠢᠺ ᠵᠠᠰᠠᠯ᠎ᠤᠨ ᠣᠷᠣ ᠳᠡᠭᠡᠷ᠎ᠡ ᠰᠠᠭᠤᠵᠤ ᠲᠥᠭᠡᠨᠡᠯᠭᠡ᠎ᠶ᠋ᠢᠨ ᠵᠠᠰᠠᠯ ᠬᠢᠵᠦ᠍ ᠪᠠᠢᠪᠠ᠃ 《ᠲᠦᠷᠦᠭᠦᠭᠡᠨ ᠬᠦᠯ ᠡᠪᠡᠳᠦᠭᠡᠳ ᠠᠯᠬᠤᠵᠤ ᠳᠡᠢᠯᠬᠦ᠌ ᠦᠭᠡᠢ ᠪᠤᠯᠵᠤ ᠱᠢᠶᠠᠨ᠎ᠤ ᠡᠮᠨᠡᠯᠭᠡ᠎ᠶ᠋ᠢᠨ ᠬᠣᠷᠢᠶᠠᠨ᠎ᠳᠤ ᠬᠦᠷᠴᠦ᠍ ᠪᠦᠲᠦᠨ ᠡᠳᠦᠷ ᠡᠮᠴᠢᠯᠡᠭᠦᠯᠦᠭᠡᠳ ᠲᠤᠰᠠ ᠪᠤᠯᠤᠭᠰᠠᠨ ᠦᠭᠡᠢ᠃ ᠣᠲᠣ ᠪᠠᠯᠭᠠᠰᠤᠨ᠎ᠤ ᠬᠢᠲᠠᠳ ᠡᠮᠨᠡᠯᠭᠡ᠎ᠶ᠋ᠢᠨ ᠣᠷᠳᠣᠨ᠎ᠳᠤ ᠡᠯ᠎ᠠ ᠲᠦᠷᠦᠯ ᠤ᠋ᠨ ᠲᠤᠨᠤᠭ ᠲᠥᠬᠥᠭᠡᠷᠦᠮᠵᠢ ᠪᠦᠷ ᠪᠠᠢᠨ᠎ᠠ᠂ ᠸᠠᠩ ᠡᠮᠴᠢ᠎ᠶ᠋ᠢᠨ ᠵᠡᠭᠦᠦ ᠲᠥᠭᠡᠨᠡᠯᠭᠡ᠎ᠶ᠋ᠢᠨ ᠮᠡᠷᠭᠡᠵᠢᠯ ᠬᠣᠲᠠ᠎ᠶ᠋ᠢᠨ ᠲᠤᠰᠭᠠᠶ ᠮᠡᠷᠭᠡᠵᠢᠯᠲᠡᠨ᠎ᠡᠴᠡ ᠴᠦ᠍ ᠰᠠᠢᠨ᠂ ᠪᠢ ᠡᠨᠳᠡ ᠠᠷᠪᠠᠨ ᠬᠡᠳᠦᠨ ᠡᠳᠦᠷ ᠡᠮᠴᠢᠯᠡᠭᠦᠯᠦᠭᠡᠳ ᠥᠪᠡᠰᠦᠪᠡᠨ ᠠᠯᠬᠤᠵᠤ ᠲᠡᠢᠯᠭᠦ ᠪᠤᠯᠪᠠ︾ᠬᠡᠵᠤ ᠵᠠᠩ ᡁᠢ ᠭᠠᠩ ᠨᠠᠰᠤᠲᠠᠨ ᠲᠤᠰ ᠬᠢᠲᠠᠳ ᠡᠮᠨᠡᠯᠭᠡ᠎ᠶ᠋ᠢᠨ ᠣᠷᠳᠣᠨ ᠤ᠋ ᠭᠣᠣᠯ ᠡᠮᠴᠢ ᠸᠠᠩ ᠵᠢᠶᠠᠨ ᠵᠢᠶᠦ᠋ᠨ᠎ᠦ ᠭᠠᠷ᠎ᠠᠴᠠ ᠠᠳᠭᠤᠵᠤ ᠪᠠᠶᠠᠷᠲᠠᠢ ᠶᠠᠷᠢᠨ᠎ᠠ᠃ ᠡᠨᠡ ᠬᠦ᠌ ᠬᠠᠯᠠᠭᠤᠨ ᠳᠤᠯᠠᠭᠠᠨ ᠪᠠᠢᠳᠠᠯ ᠨᠢ ᠶᠠᠭ ᠱᠢᠩ ᠾᠧ ᠱᠢᠶᠠᠨ᠎ᠤ ᠬᠢᠲᠠᠳ ᠡᠮ ᠡᠮᠨᠡᠯᠭᠡ᠎ᠶ᠋ᠢᠨ ᠦᠢᠯᠡᠰ᠎ᠦᠨ ᠥᠷᠨᠢᠨ ᠬᠥᠭ᠌ᠵᠢᠵᠤ ᠪᠠᠢᠭ᠎ᠠ ᠪᠠᠢᠳᠠᠯ ᠤ᠋ᠨ ᠠᠮᠢᠳᠤᠯᠢᠭ ᠬᠤᠷᠢᠶᠠᠩᠭᠤᠢ ᠳᠦᠷᠰᠦ ᠪᠣᠯᠤᠨ᠎ᠠ᠃

ᠱᠢᠩ ᠾᠧ ᠱᠢᠶᠠᠨ᠎ᠤ ᠡᠮᠨᠡᠯᠭᠡ᠎ᠶ᠋ᠢᠨ ᠬᠣᠷᠢᠶᠠᠨ᠎ᠤ ᠱᠢᠨ᠎ᠡ᠎ᠪᠡᠷ ᠪᠠᠢᠭᠤᠯᠤᠭ᠍ᠰᠠᠨ 《ᠬᠢᠲᠠᠳ ᠡᠮᠨᠡᠯᠭᠡ᠎ᠶ᠋ᠢᠨ ᠲᠠᠩᠬᠢᠮ》 ᠳ᠋ᠤ ᠣᠷᠣᠬᠤ᠎ᠳᠤ᠂ ᠪᠦᠬᠦ ᠲᠠᠡᠭᠬᠢᠮ ᠳ᠋ᠤ ᠡᠪᠡᠰᠤᠨ ᠡᠮ᠎ᠦᠨ ᠦᠨᠦᠷ ᠬᠠᠩᠬᠤᠯᠤᠨ᠎ᠠ᠃ ᠡᠨᠳᠡ ᠪᠦᠷᠢᠨ ᠠᠦ᠋ᠲ᠋ᠣ᠋ ᠡᠮ ᠴᠢᠨᠠᠬᠤ ᠮᠠᠱᠢᠨ᠂ ᠬᠢᠲᠠᠳ ᠡᠮᠨᠡᠯᠭᠡ᠎ᠶ᠋ᠢᠨ ᠰᠤᠳᠠᠯ ᠰᠠᠯᠳᠠᠷ᠎ᠢ ᠱᠢᠯᠭᠠᠨ ᠪᠠᠢᠴᠠᠭᠠᠬᠤ ᠬᠡᠮᠵᠢᠭᠦᠷᠯᠢᠭ ᠵᠡᠷᠭᠡ ᠣᠳᠣᠬᠢᠴᠢᠯᠠᠭ᠍ᠰᠠᠨ ᠲᠥᠬᠥᠭᠡᠷᠦᠮᠵᠢ ᠪᠠᠢᠬᠤ ᠪᠡᠷ ᠪᠠᠷᠠᠬᠤ ᠥᠬᠡᠶ ᠪᠠᠰᠠ ᠨᠠᠷᠠᠲᠤ ᠠᠬᠠᠮᠠᠳ ᠬᠢᠲᠠᠳ ᠡᠮᠴᠢ᠎ᠶ᠋ᠢᠨ ᠠᠵᠢᠯᠯᠠᠬᠤ ᠲᠠᠰᠤᠭ᠎ᠢ ᠲᠣᠬᠢᠷᠠᠭᠤᠯᠵᠠᠶ᠃ 《ᠥᠩᠭᠡᠷᠡᠭ᠌ᠰᠡᠨ᠎ᠳᠦ ᠣᠯᠠᠨ ᠲᠦᠮᠡᠨ ᠶᠡᠷᠦ᠍ ᠨᠢ ᠬᠢᠲᠠᠳ ᠡᠮᠨᠡᠯᠭᠡ᠎ᠶ᠋ᠢᠨ ᠦᠢᠯᠡᠳᠦᠯ ᠭᠠᠷᠬᠤ ᠨᠢ ᠤᠳᠠᠭᠠᠨ ᠭᠡᠵᠦ᠍ ᠦᠵᠡᠳᠡᠭ᠂ ᠣᠲᠣ ᠪᠢᠳᠡ 〈ᠬᠤᠪᠢᠰᠤᠩᠭᠤᠶ᠎ᠪᠠᠷ ᠵᠠᠰᠠᠬᠤ + ᠨᠠᠷᠢᠯᠢᠭ ᠣᠨᠣᠴᠠᠲᠠᠶ ᠹᠢᠽᠢᠺ ᠵᠠᠰᠠᠯ〉 ᠵᠢᠡᠷ ᠳᠠᠮᠵᠢᠭᠤᠯᠤᠨ ᠮᠠᠰᠢ ᠣᠯᠠᠨ ᠪᠠᠢᠩᠭᠤ ᠲᠣᠬᠢᠶᠠᠯᠳᠤᠳᠠᠭ ᠡᠪᠡᠳᠴᠢᠨ᠎ᠢ ᠭᠤᠷᠪᠠᠨ ᠡᠳᠦᠷ᠎ᠲᠦ ᠳᠠᠷᠤᠶ ᠢᠯᠡᠷᠬᠡᠢ ᠡᠳᠡᠭᠡᠷᠡᠬᠦᠯᠵᠤ ᠴᠢᠳᠠᠨ᠎ᠠ᠃ ᠣᠢᠷ᠎ᠠ᠎ᠶ᠋ᠢᠨ ᠭᠤᠷᠪᠠᠨ ᠵᠢᠯ᠎ᠳᠦ ᠪᠥᠬᠥ᠌ ᠱᠢᠶᠠᠨ᠎ᠳᠤ ᠨᠡᠢᠲᠡ 516.6 ᠲᠦᠮᠡᠨ ᠲᠥᠭᠥᠷᠢᠭ᠎ᠦᠨ ᠪᠠᠯᠠ ᠣᠷᠣᠭᠤᠯᠵᠤ᠂ 14 ᠪᠠᠷᠢᠮᠵᠢᠶᠠᠵᠢᠭ᠍ᠰᠠᠨ ᠱᠢᠶᠠᠩ ᠪᠠᠯᠭᠠᠰᠤᠨ᠎ᠤ ᠬᠢᠲᠠᠳ ᠡᠮᠨᠡᠯᠭᠡ᠎ᠶ᠋ᠢᠨ ᠣᠷᠳᠣᠨ ᠪᠠ 17 ᠲᠣᠰᠭᠣᠨ᠎ᠤ ᠱᠠᠲᠤᠨ᠎ᠤ ᠬᠢᠲᠠᠳ ᠡᠮᠨᠡᠯᠭᠡ᠎ᠶ᠋ᠢᠨ ᠲᠠᠭ᠍ᠲᠤ᠎ᠶ᠋ᠢ ᠪᠠᠢᠭᠤᠯᠵᠤ᠂ ᠦᠨᠳᠦᠰᠦᠨ ᠱᠠᠲᠤᠨ᠎ᠤ ᠬᠢᠲᠠᠳ ᠡᠮᠨᠡᠯᠭᠡ᠎ᠶ᠋ᠢᠨ ᠣᠨᠣᠱᠢᠯᠠᠨ ᠡᠮᠨᠡᠬᠦ᠌ ᠲᠥᠬᠥᠭᠡᠷᠦᠮᠵᠢ ᠵᠢ 100% ᠪᠡᠷ ᠪᠦᠷᠭᠦᠭᠦᠯᠪᠡ︾ᠬᠡᠵᠤ ᠱᠢᠩ ᠾᠧ ᠱᠢᠶᠠᠨ᠎ᠤ ᠡᠷᠡᠭᠦᠯ ᠬᠠᠮᠠᠭᠠᠯᠠᠯ ᠡᠷᠡᠭᠦᠯ ᠮᠡᠨᠳᠦ᠍᠎ᠶ᠋ᠢᠨ ᠵᠥᠪᠯᠡᠯ᠎ᠦᠨ ᠡᠷᠬᠢᠯᠡᠭ᠌ᠴᠢ ᠶᠠᠩ ᠢᠦᠶ ᠱᠠᠨ ᠲᠠᠨᠢᠯᠴᠠᠭᠤᠯᠤᠨ᠎ᠠ᠃

ᠶᠡᠬᠡ ᠬᠦᠷᠢᠶ᠎ᠡ ᠱᠢᠶᠠᠩ᠎ᠤᠨ ᠭᠤᠤᠯ ᠲᠣᠰᠭᠣᠨ᠎ᠤ ᠡᠷᠡᠭᠦᠯ ᠬᠠᠮᠠᠭᠠᠯᠠᠯ᠎ᠤᠨ ᠬᠣᠷᠢᠶᠠᠨ᠎ᠳᠤ᠂ ᠲᠣᠰᠭᠣᠨ᠎ᠤ ᠡᠮᠴᠢ ᠯᠢ ᠬᠣᠩ ᠮᠧᠶ 《6 + 4》 ᠬᠢᠲᠠᠳ ᠡᠮᠨᠡᠯᠭᠡ᠎ᠶ᠋ᠢᠨ ᠲᠣᠬᠢᠷᠠᠮᠵᠢᠲᠠᠶ ᠮᠡᠷᠭᠡᠵᠢᠯ᠎ᠢᠶᠡᠷ ᠬᠢᠮᠦᠷᠠᠭᠰᠠᠨ ᠬᠡᠦᠬᠡᠳ᠎ᠲᠦ ᠢᠯᠢᠵᠦ᠍ ᠨᠤᠬᠤᠯᠠᠵᠤ ᠥᠭ᠌ᠴᠦ ᠪᠠᠢᠯ᠎ᠠ᠃ 《ᠱᠢᠶᠠᠨ᠎ᠠᠴᠠ ᠵᠡᠭᠦᠦ ᠲᠥᠭᠡᠨᠡᠯᠭᠡ᠂ ᠰᠣᠷᠣᠭᠤᠯ ᠲᠠᠯᠪᠢᠬᠤ ᠵᠡᠷᠭᠡ 6 ᠲᠥᠷᠥᠯ᠎ᠦᠨ ᠰᠠᠭᠤᠷᠢ ᠮᠡᠷᠭᠡᠵᠢᠯ᠎ᠢ ᠨᠢᠭᠡᠳᠦᠯᠲᠡᠶ ᠪᠣᠯᠪᠠᠰᠤᠷᠠᠭᠤᠯᠪᠠ᠃ ᠪᠢᠳᠡ ᠪᠠᠰᠠ ᠲᠣᠰᠭᠣᠨ᠎ᠤ ᠠᠷᠠᠳ᠎ᠤᠨ ᠬᠡᠷᠡᠭ᠌ᠴᠡᠭᠡ᠎ᠶ᠋ᠢ ᠦᠨᠳᠦᠰᠦᠯᠡᠨ ᠬᠡᠦᠬᠡᠳ᠎ᠦᠨ ᠢᠯᠢᠵᠦ᠍ ᠨᠤᠬᠤᠯᠠᠬᠤ᠂ ᠲᠥᠭᠡᠨᠡᠬᠦ ᠤᠲᠤᠬᠤ ᠵᠡᠷᠭᠡ ᠮᠡᠷᠭᠡᠵᠢᠯ ᠢ᠋ ᠨᠡᠮᠡᠵᠦ᠍ ᠰᠤᠷᠤᠯᠴᠠᠵᠠᠢ᠃ ᠣᠳᠣ ᠲᠣᠰᠭᠣᠨ᠎ᠤ ᠬᠡᠦᠬᠡᠳ ᠬᠢᠮᠤᠷᠠᠵᠤ ᠬᠠᠯᠠᠭᠤᠷᠠᠪᠠᠯ᠂ ᠭᠡᠷ᠎ᠦᠨ ᠠᠬᠠᠮᠠᠳ ᠪᠦᠷ ᠨᠠᠮ᠎ᠠ᠎ᠶ᠋ᠢ ᠡᠷᠢᠵᠦ᠍ ᠢᠯᠢᠭᠦᠯᠵᠤ ᠡᠮᠨᠡᠭᠦᠯᠬᠦ ᠪᠤᠯᠪᠠ᠂ ᠨᠢᠳᠤᠨᠤᠨ ᠭᠠᠭᠴᠠ ᠢᠯᠢᠬᠦ ᠲᠠᠯ᠎ᠠ ᠵᠢᠨ ᠦᠶ᠋ᠯᠡᠴᠢᠯᠡᠭᠡ᠎ᠶ᠋ᠢ 300 ᠭᠠᠷᠤᠶ ᠬᠥᠮᠦᠨ ᠤᠳᠠᠭ᠎ᠠ ᠎ᠳᠤ ᠬᠦᠷᠴᠡᠢ︾ ᠬᠡᠵᠦ ᠯᠢ ᠬᠣᠩ ᠮᠧᠶ ᠶᠠᠷᠢᠨ᠎ᠠ᠃

ᠬᠢᠲᠠᠳ ᠡᠮ ᠡᠮᠨᠡᠯᠭᠡ᠎ᠶ᠋ᠢᠨ ᠰᠣᠶᠣᠯ ᠢ᠋ ᠰᠠᠢᠳᠤᠷ ᠤᠯᠠᠮᠵᠢᠯᠠᠨ᠎ᠠ᠃ ᠱᠢᠩ ᠾᠧ ᠱᠢᠶᠠᠨ᠎ᠤ ᠬᠢᠲᠠᠳ ᠡᠮ ᠡᠮᠨᠡᠯᠭᠡ᠎ᠶ᠋ᠢᠨ ᠰᠣᠶᠣᠯ᠎ᠤᠨ ᠤᠬᠠᠭᠤᠯᠭ᠎ᠠ᠎ᠶ᠋ᠢᠨ ᠰᠠᠭᠤᠷᠢᠨ᠎ᠳᠤ᠂ ᠳᠤᠮᠳᠠᠳᠤ ᠰᠤᠷᠭᠠᠭᠤᠯᠢ᠎ᠶ᠋ᠢᠨ ᠰᠤᠷᠤᠭ᠍ᠴᠢᠳ ᠶᠠᠭ 《ᠡᠪᠡᠰᠦᠨ ᠡᠮ᠎ᠦᠨ ᠲᠦᠮᠡᠨ ᠳᠦᠷᠰᠦ》 ᠦᠵᠡᠭᠦᠯᠭᠡ᠎ᠶ᠋ᠢᠨ ᠲᠣᠭᠣᠷᠢᠭ᠎ᠲᠤ ᠡᠮ᠎ᠳᠦ ᠬᠡᠷᠡᠭ᠌ᠯᠡᠬᠦ᠌ ᠤᠷᠭᠤᠮᠠᠯ᠎ᠤᠨ ᠦᠯᠢᠭᠡᠷ ᠡᠳ᠋᠎ᠢ ᠠᠵᠢᠭ᠍ᠯᠠᠵᠤ ᠪᠠᠢᠯ᠎ᠠ᠃ 《ᠡᠨᠡ ᠬᠦ᠌ ᠰᠠᠭᠤᠷᠢᠨ᠎ᠳᠤ 704 ᠬᠤᠪᠢ ᠬᠢᠲᠠᠳ ᠡᠮ᠎ᠦᠨ ᠮᠠᠲ᠋ᠧᠷᠢᠶᠠᠯ᠎ᠤᠨ ᠦᠵᠡᠭᠦᠯᠭᠡ᠎ᠶ᠋ᠢᠨ ᠪᠣᠳᠠᠰ ᠪᠤᠢ᠂ ᠪᠢᠳᠡ ᠪᠠᠰᠠ ᠡᠮ ᠡᠮᠨᠡᠯᠭᠡ᠎ᠶ᠋ᠢᠨ ᠰᠣᠶᠣᠯ᠎ᠤᠨ ᠰᠠᠭᠤᠷᠢᠨ᠎ᠤ ᠬᠣᠯᠪᠣᠭᠠᠯᠠᠨ ᠬᠥᠳᠡᠯᠦᠯᠴᠡᠬᠦ᠌ ᠤᠳᠤ ᠦᠶ᠎ᠡ᠎ᠶ᠋ᠢᠨ ᠮᠡᠷᠭᠡᠵᠢᠯ᠎ᠦᠨ ᠦᠵᠡᠭᠦᠯᠭᠡ᠎ᠶ᠋ᠢᠨ ᠲᠠᠩᠬᠢᠮ᠎ᠢ ᠪᠦᠲᠦᠭᠡᠨ ᠪᠠᠢᠭᠤᠯᠵᠤ᠂ ᠬᠦᠮᠦᠰ ᠲᠤᠬᠠᠢ᠎ᠶ᠋ᠢᠨ ᠲᠠᠯᠠᠪᠠᠢ᠎ᠳᠤ ᠬᠢᠲᠠᠳ ᠡᠮ ᠡᠮᠨᠡᠯᠭᠡ᠎ᠶ᠋ᠢᠨ ᠷᠢᠳᠢ ᠱᠢᠳᠢ᠎ᠶ᠋ᠢ ᠱᠢᠭᠤᠳ ᠪᠠᠶᠡᠴᠢᠯᠡᠨ ᠤᠢᠯᠠᠭᠠᠵᠤ ᠪᠣᠯᠤᠨ᠎ᠠ︾ ᠬᠡᠵᠤ ᠰᠠᠭᠤᠷᠢᠨ ᠭᠠᠵᠠᠷ᠎ᠤᠨ ᠲᠠᠢᠯᠪᠤᠷᠢᠯᠠᠭ᠍ᠴᠢ ᠯᠢ ᠮᠢᠨ ᠲᠠᠨᠢᠯᠴᠠᠭᠤᠯᠤᠨ᠎ᠠ᠃

ᠲᠣᠨᠣᠭ ᠲᠥᠬᠥᠭᠡᠷᠦᠮᠵᠢ ᠪᠦᠷᠢᠨ ᠬᠢᠲᠠᠳ ᠡᠮᠨᠡᠯᠭᠡ᠎ᠶ᠋ᠢᠨ ᠣᠷᠳᠣᠨ᠎ᠠᠴᠠ ᠲᠠᠷᠢᠶᠠᠨ ᠭᠠᠵᠠᠷ᠎ᠲᠤ ᠭᠦᠨᠵᠡᠭᠡᠢᠷᠡᠭ᠌ᠰᠡᠨ ᠠᠯᠪᠠᠨ ᠵᠢᠷᠤᠮ᠎ᠤᠨ ᠡᠮᠴᠢᠯᠡᠭᠡᠨ᠎ᠦ ᠪᠦᠯᠬᠦᠮ ᠨᠡᠢᠲᠡ ᠬᠦᠷᠲᠡᠯ᠎ᠡ᠂ ᠤᠯᠠᠮᠵᠢᠯᠠᠯᠲᠤ ᠦᠵᠡᠵᠦ᠍ ᠰᠣᠨᠣᠰᠭᠤ᠎ᠠᠴᠠ ᠣᠲᠣ ᠦᠶ᠎ᠡ᠎ᠶ᠋ᠢᠨ ᠣᠶᠤᠨᠴᠢ ᠣᠨᠣᠱᠢᠯᠠᠨ ᠡᠮᠨᠡᠬᠦ᠌ ᠬᠦᠷᠲᠡᠯ᠎ᠡ᠂ ᠱᠢᠩ ᠾᠧ ᠱᠢᠶᠠᠨ᠎ᠤ᠎ᠬᠢᠨ ᠦᠨᠡᠨ ᠪᠣᠳᠠᠲᠠᠶ ᠠᠷᠭ᠎ᠠ ᠬᠡᠮᠵᠢᠶ᠎ᠡ᠎ᠪᠡᠷ ᠬᠢᠲᠠᠳ ᠡᠮ ᠡᠮᠨᠡᠯᠭᠡ᠎ᠶ᠋ᠢᠨ ᠬᠦᠭᠵᠢᠯᠳᠡ ᠵᠢ ᠠᠬᠢᠭᠤᠯᠤᠬᠰᠠᠨ ᠪᠠᠢᠨ᠎ᠠ᠃ ᠣᠳᠣᠬᠠᠨ᠎ᠳᠤ᠂ ᠪᠥᠬᠥ᠌ ᠱᠢᠶᠠᠨ᠎ᠤ ᠦᠨᠳᠦᠰᠦᠨ ᠱᠠᠲᠤᠨ᠎ᠤ ᠬᠢᠲᠠᠳ ᠡᠮᠴᠢ᠎ᠶ᠋ᠢᠨ ᠡᠵᠡᠯᠡᠬᠦ᠌ ᠬᠠᠷᠢᠴᠠᠯ 31%᠎ᠳ᠋ᠤ ᠬᠦᠷᠴᠦ᠍᠂ ᠵᠢᠯ᠎ᠦᠨ ᠬᠢᠲᠠᠳ ᠡᠮᠨᠡᠯᠭᠡ᠎ᠶ᠋ᠢᠨ ᠦᠶ᠋ᠯᠡᠴᠢᠯᠡᠭᠡᠨ᠎ᠦ ᠬᠡᠮᠵᠢᠶ᠎ᠡ 1.2 ᠲᠦᠮᠡᠨ ᠬᠥᠮᠦᠨ ᠤᠳᠠᠭ᠎ᠠ᠎ᠶ᠋ᠢ ᠳᠠᠪᠠᠵᠤ᠂ 《ᠬᠢᠲᠠᠳ ᠡᠮᠨᠡᠯᠭᠡ ᠡᠴᠡ ᠨᠡᠢᠳᠡᠮ ᠠᠱᠢᠭ ᠬᠦᠷᠲᠡᠭᠡᠵᠦ᠍᠂ ᠠᠷᠠᠳ ᠢᠷᠭᠡᠳ ᠠᠮᠤᠷ ᠠᠮᠤᠭᠤᠯᠠᠩ ᠪᠠᠢᠬᠤ》 ᠡᠶ᠎ᠡ ᠵᠣᠬᠢᠴᠠᠩᠭᠤᠶ ᠵᠢᠷᠤᠭ ᠲᠦᠷᠰᠦ ᠡᠨᠡ ᠬᠦ᠌ ᠨᠤᠲᠤᠭ᠎ᠲᠤ᠎ᠠᠯᠭᠤᠷᠬᠠᠨ ᠳᠡᠯᠭᠡᠭ᠌ᠳᠡᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号