ᠰᠢᠯᠦᠰᠦ ᠬᠤᠷᠠᠭᠤᠯᠤᠭᠰᠠᠨ ᠠᠮᠲᠠᠲᠤ ᠢᠳᠡᠭᠡᠨ
2025-08-30 10:52:11
ᠵᠣᠬᠢᠶᠠᠭ᠍ᠴᠢ᠄
​ ᠼᠠᠢ ᠬᠤᠩ
ᠣᠩᠱᠢᠭ᠍ᠰᠠᠨ ᠣᠳᠠᠭ᠎ᠠ᠄
★★★☆☆

ᠲᠠᠪᠤᠳᠤᠭᠠᠷ ᠬᠤᠭᠤᠴᠠᠭᠠᠨ ᠤ᠋ ᠳᠤᠮᠳᠠᠳᠤ ᠮᠤᠡᠭᠭᠤᠯ ᠤ᠋ᠨ ᠦᠵᠡᠰᠭᠦᠯᠡᠡᠭ ᠤ᠋ᠨ ᠴᠤᠭᠯᠠᠭᠠᠨ ᠤ᠋ ᠬᠦᠮᠦᠰ ᠲᠦ᠍ ᠬᠠᠮᠤᠭ ᠡᠴᠡ ᠢᠯᠡᠬᠦᠦ ᠲᠠᠭᠠᠰᠢᠶᠠᠭᠳᠠᠭᠰᠠᠨ ᠨᠢᠭᠡ ᠵᠦᠢᠯ ᠭᠡᠪᠡᠯ ᠠᠮᠳᠠᠳᠤ ᠢᠳᠡᠭᠡᠨ ᠪᠤᠯᠬᠤ ᠰᠠᠨ᠃ ᠦᠪᠦᠷ ᠮᠤᠡᠭᠭᠤᠯ ᠤ᠋ᠨ ᠬᠤᠨᠢᠨ ᠮᠢᠬ᠎ᠠ ᠵᠢᠨ ᠱᠤᠤᠮᠠᠢ᠂ ᠱᠠᠡᠭᠬᠠᠢ᠂ ᠭᠤᠸᠠᠡᠭᠳᠦ᠋ᠡᠭ᠂ ᠵᠸᠵᠢᠶᠠᠡᠭ ᠵᠡᠷᠭᠡ ᠡᠮᠦᠨᠡᠲᠦ ᠤᠷᠤᠨ ᠤ᠋ ᠱᠢᠯᠦᠬᠡᠢ ᠳᠤᠲᠤᠷᠭ᠎ᠠ ᠵᠢᠴᠢ ᠮᠦᠬᠦ ᠪᠤᠶᠤ ᠡᠯᠳᠡᠪ ᠨᠤᠭᠤᠭ᠎ᠠ ᠪᠡᠷ ᠠᠮᠲᠠᠯᠠᠭᠴᠢ ᠪᠤᠯᠭᠠᠭᠰᠠᠨ ᠱᠤᠤᠮᠠᠢ ᠡᠴᠡ ᠠᠪᠤᠭᠠᠳ ᠡᠯ᠎ᠡ ᠤᠯᠤᠰ ᠤ᠋ᠨ ᠠᠮᠳᠠᠳᠤ ᠢᠳᠡᠭᠡᠨ ᠬᠦᠷᠲᠡᠯ᠎ᠡ᠂ ᠦᠪᠡᠷ ᠦᠪᠡᠷ ᠤ᠋ᠨ ᠦᠨᠦᠷ ᠠᠮᠲᠠ ᠪᠡᠷ ᠶ᠋ᠢᠡᠨ ᠤᠨᠴᠠᠯᠠᠭᠳᠠᠵᠦ᠂ ᠠᠮᠲᠠᠲᠤ ᠦᠨᠦᠷ ᠲᠠᠯᠠᠪᠠᠢ ᠳᠦᠭᠦᠷᠡᠡᠭ ᠬᠠᠡᠭᠬᠤᠯᠤᠨ᠂ ᠬᠤᠷᠠᠭᠰᠠᠨ ᠤᠯᠠᠨ ᠤ᠋ ᠰᠢᠯᠦᠰᠦ ᠵᠢ ᠬᠤᠷᠠᠭᠤᠯᠤᠨ᠎ᠠ᠃

ᠪᠢᠳᠠᠨ ᠤ᠋ ᠰᠤᠷᠪᠤᠯᠵᠢᠯᠠᠭ᠎ᠠ ᠬᠦᠬᠡᠬᠤᠳᠠ ᠵᠢᠨ ᠠᠮᠳᠠᠳᠤ ᠢᠳᠡᠭᠡᠨ ᠤ᠋ ᠨᠡᠷ᠎ᠡ ᠵᠢᠨ ᠬᠠᠭᠤᠳᠠᠰᠤ ᠪᠤᠯᠤᠭᠰᠠᠨ ᠱᠤᠤᠮᠠᠢ ᠡᠴᠡ ᠡᠬᠢᠯᠡᠯ᠎ᠡ᠃ ᠱᠤᠤᠮᠠᠢ ᠬᠢᠵᠦ ᠪᠠᠢᠭ᠎ᠠ ᠡᠯ᠎ᠡ ᠵᠢᠵᠢᠭ ᠲᠡᠯᠭᠡᠬᠦᠷ ᠤ᠋ᠨ ᠬᠢᠨᠢ ᠡᠮᠦᠨ᠎ᠡ ᠤᠯᠠᠨ ᠬᠦᠮᠦᠨ ᠤᠷᠳᠤᠯᠵᠠᠯᠠᠨ ᠮᠦᠷᠯᠡᠵᠦ ᠵᠤᠭᠰᠤᠨ᠎ᠠ᠃《ᠳᠤᠮᠳᠠᠳᠤ ᠤᠯᠤᠰ ᠤ᠋ᠨ ᠱᠤᠤᠮᠠᠢ ᠶ᠋ᠢᠨ ᠮᠦᠷᠦᠢᠴᠡᠭᠡᠨ ᠤ᠋ ᠴᠤᠭᠯᠠᠭᠠᠨ》 ᠵᠢᠴᠢ ᠭᠤᠷᠪᠠᠳᠤᠭᠠᠷ ᠬᠤᠭᠤᠴᠠᠭᠠᠨ ᠤ᠋ ᠦᠪᠦᠷ ᠮᠤᠡᠭᠭᠤᠯ ᠤ᠋ᠨ ᠨᠡᠷᠡᠲᠦ ᠠᠮᠲᠠᠲᠤ ᠢᠳᠡᠭᠡᠨ ᠤ᠋ ᠰᠤᠶᠤᠯ ᠤ᠋ᠨ ᠭᠠᠷᠠᠭ ᠤ᠋ᠨ ᠠᠵᠢᠯᠯᠠᠭ᠎ᠠ ᠡᠨᠳᠡ ᠬᠦᠭᠵᠢᠶᠡᠨᠲᠠᠢ ᠶᠠᠪᠤᠭᠳᠠᠵᠤ᠂ ᠦᠵᠡᠰᠭᠦᠯᠡᠡᠭ ᠤ᠋ᠨ ᠴᠤᠭᠯᠠᠭᠠᠨ ᠳ᠋ᠦ ᠬᠦᠭ ᠨᠡᠮᠡᠷᠢᠯᠡᠨ᠎ᠡ᠃

ᠲᠤᠮᠳᠠᠳᠤ ᠮᠤᠩᠭᠤᠯ ᠤ᠋ᠨ ᠦᠵᠡᠰᠭᠦᠯᠡᠡᠭ ᠤ᠋ᠨ ᠴᠤᠭᠯᠠᠭᠠᠨ ᠳ᠋ᠦ ᠤᠷᠤᠯᠴᠠᠵᠤ ᠪᠠᠢᠭ᠎ᠠ ᠮᠤᠡᠭᠭᠤᠯ ᠤᠯᠤᠰ ᠤ᠋ᠨ ᠳᠡᠯᠭᠡᠨ ᠪᠤᠷᠤᠯᠠᠭᠤᠯᠤᠭᠴᠢ ᠤᠶᠤᠨᠪᠢᠯᠢᠢᠠ᠋᠄ 《ᠳᠤᠮᠳᠠᠳᠤ ᠤᠯᠤᠰ ᠤ᠋ᠨ ᠡᠮᠦᠨᠡᠲᠦ ᠤᠮᠠᠷᠠᠲᠤ ᠤᠷᠤᠨ ᠤ᠋ ᠱᠤᠤᠮᠠᠢ ᠦᠪᠡᠷ ᠦᠪᠡᠷ ᠤ᠋ᠨ ᠤᠨᠴᠠᠯᠢᠬ ᠲᠠᠢ᠂ ᠪᠦᠷ ᠮᠠᠰᠢ ᠠᠮᠲᠠᠲᠠᠢ᠃ ᠡᠨᠡ ᠤᠳᠠᠭ᠎ᠠ ᠦᠪᠦᠷ ᠮᠤᠡᠭᠭᠤᠯ ᠤ᠋ᠨ ᠬᠤᠨᠢᠨ ᠮᠢᠬ᠎ᠠ ᠬᠦᠮᠡᠯᠢ ᠲᠠᠢ ᠱᠤᠤᠮᠠᠢ ᠡᠴᠡ ᠢᠳᠡᠯ᠎ᠡ᠂ ᠮᠤᠡᠭᠭᠤᠯ ᠤᠯᠤᠰ ᠤ᠋ᠨ ᠪᠤᠤᠵᠠ ᠲᠠᠢ ᠬᠠᠷᠢᠴᠠᠭᠤᠯᠪᠠᠯ ᠨᠤᠭᠤᠭ᠎ᠠ ᠠᠮᠲᠠᠯᠠᠠᠠᠳᠠᠬᠤ ᠨᠢ ᠢᠯᠡᠭᠦᠭᠡᠨ ᠰᠢᠭ᠂ ᠬᠡᠶ᠎ᠠ ᠠᠮᠲᠠ ᠨᠢ ᠮᠠᠰᠢ ᠭᠤᠶᠤ ᠪᠠᠢᠨ᠎ᠠ》 ᠭᠡᠵᠦ ᠭᠡᠯᠡᠵᠦ ᠪᠠᠢᠯ᠎ᠠ᠃

ᠦᠪᠤᠷ ᠮᠤᠩᠭᠤᠯ ᠤ᠋ᠨ 12 ᠠᠢᠮᠠᠭ ᠬᠤᠳᠠ ᠵᠢᠨ ᠦᠵᠡᠭᠦᠯᠭᠡ ᠶ᠋ᠢᠨ ᠲᠤᠭᠤᠷᠢᠭ ᠲᠦ᠍ ᠬᠦᠷᠬᠦ ᠲᠠᠢ ᠵᠡᠷᠭᠡ ᠦᠬᠠᠢ ᠬᠤᠲᠠ ᠶ᠋ᠢᠨ ᠦᠵᠦᠮ ᠵᠢᠴᠢ ᠦᠵᠦᠮ ᠤ᠋ᠨ ᠠᠷᠢᠬᠢ ᠨᠢ ᠬᠠᠮᠤᠭ ᠤ᠋ᠨ ᠲᠡᠷᠢᠭᠦᠨ ᠳ᠋ᠦ ᠬᠠᠷᠠᠭ᠎ᠠ ᠪᠤᠯᠢᠶᠠᠵᠤ᠂ ᠬᠦᠷᠴᠦ ᠤᠴᠢᠭᠠᠳ ᠦᠵᠦᠮ ᠡᠴᠡ ᠨᠢ ᠠᠮᠲᠠᠯᠠᠬᠤ ᠳ᠋ᠤ ᠬᠦᠴᠢᠯᠯᠢᠭ ᠰᠢᠬᠢᠷᠯᠢᠭ ᠠᠮᠲᠠ ᠬᠤᠤᠰᠯᠠᠵᠤ᠂ ᠭᠤᠶᠤ ᠠᠮᠲᠠᠲᠠᠢ ᠭᠡᠳᠡᠭ ᠢ᠋ ᠨᠢ ᠬᠡᠯᠡᠬᠦ ᠵᠢᠨ ᠠᠷᠭ᠎ᠠ ᠦᠭᠡᠢ᠃ ᠪᠠᠶᠠᠨᠨᠠᠭᠤᠷ ᠤ᠋ᠨ ᠨᠠᠷᠠᠨ ᠬᠤᠸᠠᠷ ᠤ᠋ᠨ ᠦᠷ᠎ᠡ ᠨᠢ ᠨᠠᠷᠠᠨ ᠤ᠋ ᠰᠠᠢᠬᠠᠨ ᠦᠨᠦᠷ ᠠᠡᠭᠬᠢᠯᠤᠭᠤᠯᠤᠨ᠂ ᠤᠯᠠᠨ ᠬᠦᠮᠦᠨ ᠠᠮᠲᠠᠯᠠᠵᠤ ᠦᠵᠡᠬᠦ ᠭᠡᠵᠦ ᠪᠤᠯᠢᠶᠠᠯᠳᠤᠨ ᠰᠢᠬᠠᠯᠳᠤᠨ᠎ᠠ ; ᠰᠢᠯᠢ ᠶ᠋ᠢᠨ ᠭᠤᠤᠯ ᠤ᠋ᠨ ᠴᠠᠭᠠᠨ ᠢᠳᠡᠭᠡᠨ ᠤ᠋ ᠪᠤᠷᠤᠯᠠᠭᠤᠯᠭ᠎ᠠ ᠵᠢᠨ ᠭᠠᠵᠠᠷ ᠲᠦ᠍ 《ᠠᠮᠳᠠᠯᠠᠵᠦ ᠦᠵᠡᠬᠦ ᠬᠤᠷᠤᠳ ᠡᠴᠡ ᠪᠠᠨ ᠪᠠᠰᠠ ᠵᠢᠭᠠᠬᠠᠨ ᠬᠡᠷᠴᠢᠭᠡᠳ ᠦᠭᠭᠦᠭᠡᠷᠡᠢ》 ᠭᠡᠵᠦ ᠬᠦᠮᠦᠰ ᠬᠦᠬᠡᠷᠤᠯᠳᠤᠨ᠎ᠠ᠃ ᠦᠳᠡ ᠶ᠋ᠢᠨ ᠬᠤᠭᠤᠯᠠᠨ ᠤ᠋ ᠴᠠᠭ ᠪᠤᠯᠬᠤ ᠲᠠᠢ ᠵᠡᠷᠭᠡ ᠬᠠᠵᠠᠭᠤ ᠲᠠᠯ᠎ᠠ ᠶ᠋ᠢᠨ ᠬᠢᠡᠭᠭᠠᠨ ᠠᠢᠮᠠᠭ ᠤ᠋ᠨ ᠪᠤᠷᠤᠯᠠᠭᠤᠯᠭ᠎ᠠ ᠶ᠋ᠢᠨ ᠭᠠᠵᠠᠷ ᠤ᠋ᠨ ᠰᠠᠶᠢᠬᠠᠨ ᠴᠢᠨᠠᠵᠤ ᠭᠠᠷᠭᠠᠭᠰᠠᠨ ᠬᠠᠯᠠᠭᠤᠨ ᠠᠭᠤᠷ ᠰᠠᠪᠰᠠᠯᠠᠭᠰᠠᠨ ᠰᠢᠨ᠎ᠡ ᠰᠤᠷᠭᠤᠭ ᠡᠷᠳᠡᠨᠢ ᠰᠢᠰᠢ ᠨᠢ ᠬᠦᠮᠦᠰ ᠤ᠋ᠨ ᠬᠠᠮᠤᠭ ᠤ᠋ᠨ ᠰᠠᠢᠨ ᠰᠤᠡᠭᠭᠤᠯᠲᠠ ᠪᠤᠯᠵᠤ᠂ ᠰᠤᠷᠪᠤᠯᠵᠢᠯᠠᠭᠴᠢ ᠪᠠᠰᠠ ᠨᠢᠭᠡ ᠵᠢ ᠬᠤᠳᠠᠯᠳᠤᠨ ᠠᠪᠴᠤ ᠭᠡᠳᠡᠰᠦ ᠪᠠᠨ ᠲᠦᠬᠦᠷᠭᠡᠯ᠎ᠡ᠃

ᠲᠠᠯᠠᠪᠠᠢ ᠳᠦᠬᠦᠷᠡᠡᠭ ᠰᠡᠡᠭᠬᠢᠨᠡᠬᠦ ᠰᠢᠷᠠᠭᠰᠠᠨ ᠬᠢᠮ᠎ᠠ ᠶ᠋ᠢᠨ ᠦᠨᠦᠷ ᠶ᠋ᠢᠡᠷ ᠤᠯᠠᠨ ᠤᠯᠤᠰ ᠤ᠋ᠨ ᠦᠵᠡᠭᠦᠯᠭᠡ ᠶ᠋ᠢᠨ ᠲᠤᠭᠤᠷᠢᠭ ᠲᠦ᠍ ᠬᠦᠷᠪᠡᠯ᠂ 《ᠦᠭᠡᠷ ᠤ᠋ᠨ ᠮᠢᠬ᠎ᠠ᠂ ᠲᠠᠬᠢᠶᠠᠨ ᠮᠢᠬ᠎ᠠ᠂ ᠭᠠᠬᠠᠢ ᠶ᠋ᠢᠨ ᠮᠢᠬᠠᠨ ᠤ᠋ ᠰᠢᠷᠠᠭᠰᠠᠨ ᠬᠢᠮ᠎ᠡ ᠪᠦᠷ ᠪᠠᠢᠨ᠎ᠠ᠂ ᠠᠮᠰᠠᠵᠤ ᠦᠵᠡᠭᠡᠳ ᠠᠯᠢ ᠳᠤᠷᠠᠲᠠᠢ ᠡᠴᠡ ᠪᠠᠨ ᠠᠪᠤᠭᠠᠷᠠᠢ !》 ᠭᠡᠵᠦ ᠤᠷᠤᠰ ᠤ᠋ᠨ ᠠᠷᠠᠯᠵᠢᠶᠠᠴᠢᠨ ᠬᠠᠯᠠᠭᠤᠮᠰᠤᠭ ᠶ᠋ᠢᠡᠷ ᠤᠭᠲᠤᠬᠤ ᠳ᠋ᠦ ᠠᠷᠤ ᠦᠪᠦᠷ ᠶ᠋ᠢᠡᠷ ᠨᠢ ᠰᠢᠬᠢᠷ ᠴᠤᠺᠤᠯᠠᠳ᠋᠂ ᠪᠤᠤᠪᠤ ᠪᠤᠭᠤᠷᠰᠤᠭ᠂ ᠰᠤᠯᠠ ᠢᠳᠡᠭᠡᠨ ᠰᠤᠡᠭᠭᠤᠵᠤ ᠪᠠᠢᠭ᠎ᠠ ᠬᠦᠮᠦᠰ ᠰᠢᠬᠠᠯᠳᠤᠨ᠎ᠠ᠃ ᠴᠠᠭᠠᠨ᠎ᠠ ᠨᠢ ᠰᠢᠨ᠎ᠡ ᠽᠢᠯᠠᠨᠳ᠋ ᠤ᠋ᠨ ᠬᠦᠬᠡ ᠵᠢᠮᠢᠰᠭᠡᠨ᠎ᠡ ᠶ᠋ᠢᠨ ᠵᠢᠶᠠᠡᠭ ᠬᠡᠳᠦᠨ ᠲᠠᠪᠬᠤᠷᠭ᠎ᠠ ᠦᠨᠳᠦᠷ ᠲᠠᠪᠠᠭ ᠡᠴᠡ ᠳᠤᠷᠤᠭᠰᠢ ᠤᠷᠤᠰᠴᠤ᠂ ᠦᠨᠦᠷ ᠠᠮᠲᠠ ᠬᠤᠤᠰᠯᠠᠨ ᠬᠤᠯᠠ ᠤᠢᠷ᠎ᠡ ᠶ᠋ᠢᠨ ᠵᠢᠭᠤᠯᠴᠢᠯᠠᠭᠰᠠᠳ ᠤ᠋ᠨ ᠠᠡᠭᠬᠠᠷᠤᠯ ᠢ᠋ ᠲᠠᠲᠠᠨ᠎ᠠ ᠁ ᠡᠨᠡ ᠮᠡᠲᠦ ᠪᠡᠷ ᠢᠷᠠᠨ᠂ ᠺᠤᠷᠢᠶᠠ᠂ ᠠᠦ᠋ᠰᠲ᠋ᠷᠡᠯᠢᠶ᠎ᠡ᠂ ᠪᠷᠠᠽᠢᠯ ᠵᠡᠷᠭᠡ ᠳᠡᠯᠡᠬᠡᠢ ᠶ᠋ᠢᠨ 16 ᠤᠯᠤᠰ ᠤᠷᠤᠨ ᠤ᠋ ᠬᠢᠨ ᠲᠤᠰ ᠬᠤᠭᠤᠴᠠᠭᠠᠨ ᠤ᠋ ᠲᠤᠮᠳᠠᠳᠤ ᠮᠤᠩᠭᠤᠯ ᠤ᠋ᠨ ᠦᠵᠡᠰᠭᠦᠯᠡᠡᠭ ᠤ᠋ᠨ ᠴᠤᠭᠯᠠᠭᠠᠨ ᠳ᠋ᠦ ᠤᠷᠤᠯᠴᠠᠵᠤ᠂ ᠦᠪᠡᠷ ᠦᠪᠡᠷ ᠤ᠋ᠨ ᠤᠨᠴᠠᠯᠢᠭᠲᠦ ᠠᠮᠳᠠᠳᠤ ᠢᠳᠡᠭᠡᠨ ᠵᠢᠡᠷ ᠵᠢᠡᠨ ᠤᠯᠠᠨ ᠤ᠋ ᠠᠡᠭᠬᠠᠷᠤᠯ ᠳ᠋ᠦ ᠬᠦᠷᠤᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号