《 ᠦᠪᠦᠷ ᠮᠤᠡᠭᠭᠤᠯ ᠰᠠᠢᠬᠠᠨ ᠪᠠᠢᠨ᠎ᠠ ᠁》 ᠭᠡᠵᠦ ᠭᠠᠨᠠ ᠤᠯᠤᠰ ᠡᠴᠨ ᠢᠷᠡᠭᠰᠡᠨ ᠠᠷᠠᠯᠵᠢᠶᠠᠴᠢᠨ ᠰᠠᠮᠠ ᠶᠠᠷᠢᠨ᠎ᠠ᠃《ᠦᠪᠦᠷ ᠮᠤᠩᠭᠤᠯ ᠰᠠᠢᠬᠠᠨ ᠪᠠᠢᠨ᠎ᠠ᠂ ᠬᠦᠬᠡᠬᠤᠳᠠ ᠰᠠᠢᠬᠠᠨ ᠪᠠᠢᠨ᠎ᠠ》᠂ ᠲᠠᠪᠤᠳᠤᠭᠠᠷ ᠬᠤᠭᠤᠴᠠᠭᠠᠨ ᠤ᠋ ᠳᠤᠮᠳᠠᠳᠤ ᠮᠣᠩᠭᠣᠯ ᠤ᠋ᠨ ᠦᠵᠡᠰᠭᠦᠯᠡᠩᠦᠨ ᠴᠤᠭ᠍ᠯᠠᠭᠠᠨ ᠳ᠋ᠤ ᠤᠷᠤᠯᠴᠠᠬᠰᠠᠨ ᠬᠤᠯᠠ ᠤᠢᠷ᠎ᠠ ᠢ᠋ᠢᠨ ᠭᠡᠢᠴᠢᠳ ᠵᠤᠴᠢᠳ ᠦᠵᠡᠰᠬᠦᠯᠡᠡᠭᠲᠤ ᠰᠠᠢᠬᠠᠨ ᠦᠪᠦᠷ ᠮᠤᠡᠭᠭᠤᠯ ᠤ᠋ᠨ ᠦᠷᠨᠢᠯ ᠬᠦᠭᠵᠢᠯ ᠢ᠋ ᠡᠷᠡᠭᠡᠢ ᠭᠠᠷᠭᠠᠨ ᠮᠠᠭᠳᠠᠵᠠᠭᠠᠨ᠎ᠠ᠃
8 ᠰᠠᠷ᠎ᠠ ᠢ᠋ᠢᠨ 29 ᠤ᠋ ᠡᠳᠦᠷ᠂ ᠲᠠᠪᠤᠳᠤᠭᠠᠷ ᠬᠤᠭᠤᠴᠠᠭᠠᠨ ᠤ᠋ ᠲᠤᠮᠳᠠᠳᠤ ᠮᠤᠩᠭᠤᠯ ᠤ᠋ᠨ ᠦᠵᠡᠰᠭᠦᠯᠡᠩ ᠤ᠋ᠨ ᠴᠤᠭᠯᠠᠭᠠᠨ ᠤ᠋ ᠦᠵᠡᠬᠦᠯᠭᠡ ᠲᠡᠯᠭᠡᠨ ᠪᠤᠷᠤᠯᠠᠭᠤᠯᠭ᠎ᠠ ᠵᠢᠨ ᠲᠠᠯᠠᠪᠠᠢ ᠳ᠋ᠤ ᠮᠦᠨ ᠬᠦ᠌ ᠬᠦᠷ ᠬᠦᠭᠵᠢᠶᠡᠨ ᠵᠢᠡᠷ ᠪᠢᠯᠬᠠᠨ᠎ᠠ᠃ 《ᠡᠢᠮᠦ ᠰᠠᠢᠬᠠᠨ ᠨᠡᠭᠡᠭᠡᠯᠳᠡ ᠲᠠᠢ ᠲᠠᠪᠴᠠᠩ ᠬᠠᠡᠭᠭᠠᠵᠤ ᠥᠭ᠌ᠭᠦᠭ᠌ᠰᠡᠨ ᠵᠤᠬᠢᠶᠠᠨ ᠪᠠᠢᠭᠤᠯᠬᠤ ᠺᠤᠮᠢᠰ ᠤ᠋ᠨ ᠨᠡᠢᠲᠡ ᠤᠯᠠᠨ ᠳ᠋ᠤ ᠴᠢᠩ ᠰᠡᠳᠭᠢᠯ ᠡᠴᠡ ᠪᠠᠨ ᠲᠠᠯᠠᠷᠬᠠᠵᠤ ᠪᠠᠢᠨ᠎ᠠ᠃ ᠪᠢ ᠦᠪᠦᠷ ᠮᠤᠩᠭᠤᠯ ᠳ᠋ᠤ ᠢᠷᠡᠬᠦ ᠪᠦᠷᠢ ᠰᠡᠳᠬᠢᠯ ᠶᠡᠬᠡ ᠦᠨᠳᠦᠷ ᠪᠠᠢᠳᠠᠭ᠃ ᠡᠨᠳᠡᠬᠢ ᠳᠥᠭᠥᠮ ᠳᠥᠲᠡ ᠦᠶ᠋ᠯᠡᠴᠢᠯᠡᠭᠡ᠂ ᠨᠠᠢᠷᠰᠠᠬ ᠵᠣᠴᠢᠨᠰᠠᠭ ᠵᠠᠡᠭ ᠠᠷᠠᠨᠰᠢᠨ᠂ ᠡᠳᠦᠷ ᠡᠴᠡ ᠡᠳᠦᠷ ᠱᠢᠨᠡᠳᠦᠨ ᠬᠤᠪᠢᠷᠠᠵᠤ ᠪᠠᠢᠭ᠎ᠠ ᠪᠥᠲᠥᠭᠡᠨ ᠪᠠᠢᠭᠤᠯᠤᠯᠲᠠ ᠡᠴᠡ ᠦᠪᠦᠷ ᠮᠤᠡᠭᠭᠤᠯ ᠤ᠋ᠨ ᠦᠡᠭᠭᠡ ᠵᠢᠪᠬᠤᠭ᠎ᠠ ᠢ᠋ᠢ ᠤᠯᠵᠤ ᠬᠠᠷᠠᠳᠠᠭ᠂ ᠬᠤᠶᠠᠷ ᠤᠯᠤᠰ ᠤ᠋ᠨ ᠬᠠᠮᠲᠤ ᠢ᠋ᠢᠨ ᠠᠵᠢᠯᠯᠠᠭ᠎ᠠ ᠤᠯᠠᠮ ᠦᠷᠭᠡᠵᠢᠬᠦ ᠪᠤᠯᠳᠤᠭᠠᠢ!》 ᠭᠡᠵᠤ ᠡᠷᠡᠭᠦᠯ ᠮᠡᠨᠳᠤ ᠢ᠋ᠢᠨ ᠪᠦᠲᠦᠭᠡᠭᠳᠡᠭᠦᠨ ᠪᠤᠷᠤᠯᠠᠭᠤᠯᠵᠤ ᠪᠠᠢᠭ᠎ᠠ ᠮᠤᠡᠭᠭᠤᠯ ᠤᠯᠤᠰ ᠤ᠋ᠨ ᠤᠯᠠᠭᠠᠨᠪᠠᠭᠠᠳᠤᠷ ᠡᠴᠡ ᠢᠷᠡᠭᠰᠡᠨ ᠨᠠᠷᠠ ᠪᠠᠶᠠᠷ ᠲᠠᠢ ᠶᠠᠷᠢᠨ᠎ᠠ᠃
《ᠪᠠᠷᠠᠭ᠎ᠠ ᠪᠦᠲᠦᠭᠡᠭᠳᠡᠭᠦᠨ ᠤ᠋ ᠲᠦᠷᠦᠯ ᠵᠦᠢᠯ ᠤᠤᠯ ᠤᠨ ᠬᠢ ᠡᠴᠡ ᠪᠡᠨ ᠤᠯᠠᠨ ᠪᠤᠯᠵᠤ᠂ ᠦᠡᠭᠭᠡ ᠵᠠᠭᠪᠤᠷ ᠨᠢ ᠰᠢᠨᠡᠷᠬᠡᠭ᠂ ᠴᠠᠭ ᠦᠶ᠎ᠡ ᠳ᠋ᠦ ᠲᠤᠬᠢᠷᠠᠭᠰᠠᠨ᠂ ᠦᠨ᠎ᠡ ᠬᠠᠡᠭᠰᠢ ᠨᠢ ᠲᠤᠬᠢᠷᠠᠮᠵᠢᠲᠠᠢ ᠠᠷᠠᠰᠤᠨ ᠬᠤᠪᠴᠠᠰᠤ᠂ ᠨᠤᠤᠰᠤ ᠨᠤᠤᠯᠤᠭᠤᠷ ᠤ᠋ᠨ ᠪᠦᠲᠦᠭᠡᠭᠳᠡᠭᠦᠨ ᠤᠯᠠᠨ ᠬᠠᠷᠠᠭᠳᠠᠵᠤ ᠪᠠᠢᠨ᠎ᠠ》 ᠭᠡᠵᠤ ᠬᠤᠶᠠᠷ ᠠᠷᠠᠰᠤᠨ ᠮᠠᠯᠠᠭᠠᠢ ᠬᠤᠳᠠᠯᠳᠤᠨ ᠠᠪᠤᠬᠰᠠᠨ ᠦᠪᠦᠷ ᠮᠤᠡᠭᠭᠤᠯ ᠤ᠋ᠨ ᠤᠷᠠᠯᠢᠭ ᠤ᠋ᠨ ᠳᠡᠭᠡᠳᠦ ᠰᠤᠷᠭᠠᠭᠤᠯᠢ ᠶ᠋ᠢᠨ ᠪᠠᠭᠰᠢ ᠸᠸᠨ ᠱᠸᠡᠭ ᠶᠠᠷᠢᠬᠤ ᠳ᠋ᠤ᠂ ᠬᠠᠵᠠᠭᠤ ᠡᠴᠡ ᠨᠢ ᠬᠤᠲᠠ ᠶ᠋ᠢᠨ ᠠᠷᠠᠳ ᠳᠠᠷᠠᠭᠠᠬᠦᠦ᠄《ᠡᠨᠳᠡ ᠬᠤᠪᠴᠠᠰᠤ ᠬᠤᠨᠠᠷ ᠡᠴᠡ ᠡᠬᠢᠯᠡᠭᠡᠳ ᠵᠠᠰᠠᠯ ᠵᠢᠮᠰᠡᠭ ᠪᠦᠷᠢᠨ ᠪᠤᠢ᠂ ᠪᠢ ᠮᠤᠡᠭᠭᠤᠯ ᠤᠨᠴᠠᠯᠢᠭ ᠲᠠᠢ ᠬᠠᠨᠵᠢᠶᠠᠷ ᠠᠪᠤᠯ᠎ᠠ》 ᠭᠡᠵᠦ ᠰᠢᠷ᠎ᠠ ᠲᠤᠷᠭᠠᠨ ᠬᠠᠨᠵᠢᠶᠠᠷ ᠵᠢᠨᠨ ᠭᠠᠢᠬᠠᠭᠤᠯᠤᠨ᠎ᠠ᠃ ᠡᠷᠡᠭᠦᠯ ᠮᠡᠨᠳᠤ ᠢ᠋ᠢᠨ ᠪᠦᠲᠦᠭᠡᠭᠳᠡᠭᠦᠨ ᠡᠴᠡ ᠡᠪᠯᠢᠭ ᠬᠢᠴᠡ ᠲᠠᠢ ᠠᠷᠠᠰᠤᠨ ᠡᠳ᠋ᠯᠡᠯ᠂ ᠬᠤᠪᠴᠠᠰᠤ ᠵᠠᠰᠠᠯ ᠬᠦᠷᠲᠡᠯ᠎ᠠ᠂ ᠴᠢᠨᠠᠷ ᠰᠠᠢᠲᠠᠢ ᠮᠠᠯ ᠤ᠋ᠨ ᠠᠰᠢᠭ ᠰᠢᠮ᠎ᠠ ᠲᠠᠷᠢᠶᠠᠯᠠᠡᠭ ᠤ᠋ᠨ ᠪᠦᠲᠦᠭᠡᠭ᠌ᠳᠡᠬᠦᠨ ᠡᠴᠡ ᠬᠢᠯᠢ ᠠᠯᠤᠰᠯᠠᠭ᠍ᠰᠠᠨ ᠡᠯᠧᠺᠲ᠋ᠷᠣᠨ ᠬᠤᠳᠠᠯᠳᠤᠭ᠎ᠠ ᠬᠦᠷᠲᠡᠯ᠎ᠡ ᠁ ᠤᠯᠤᠰ ᠤ᠋ᠨ ᠳᠤᠳᠤᠭᠠᠳᠤ ᠭᠠᠳᠠᠭᠠᠳᠦ ᠵᠢᠨ ᠤᠯᠠᠨ ᠠᠷᠠᠯᠵᠢᠶᠠᠴᠢᠳ ᠪᠠᠷᠠᠭ᠎ᠠ ᠲᠠᠸᠠᠷ ᠢ᠋ᠢᠡᠨ ᠲᠤᠬᠠᠢ ᠵᠢᠨ ᠭᠠᠵᠠᠷ ᠪᠠ ᠰᠦᠯᠵᠢᠶᠡᠨ ᠳᠡᠭᠡᠷ᠎ᠡ ᠡᠷᠴᠢᠮᠲᠠᠢ ᠪᠤᠷᠤᠯᠠᠭᠤᠯᠵᠦ᠂ ᠠᠷᠠᠯᠵᠢᠶ᠎ᠠ ᠬᠤᠳᠠᠯᠳᠤᠭᠠᠨ ᠤ᠋ ᠠᠵᠠ ᠲᠤᠬᠢᠶᠠᠯ᠂ ᠠᠮᠢᠵᠢᠷᠠᠯ ᠴᠡᠴᠡᠭᠯᠡᠯ ᠤ᠋ᠨ ᠠᠷᠭ᠎ᠠ ᠵᠠᠮ ᠢ᠋ ᠰᠦᠪᠡᠭᠴᠢᠯᠡᠨ᠎ᠠ᠃
《ᠡᠯᠧᠺᠲ᠋ᠷᠣᠨ ᠬᠤᠳᠠᠯᠳᠤᠭ᠎ᠠ ᠨᠢ ᠣᠷᠣᠨ ᠪᠦᠰᠡ ᠠᠯᠤᠰᠯᠠᠭ᠍ᠰᠠᠨ ᠠᠵᠤ ᠠᠬᠤᠶ ᠠᠷᠠᠯᠵᠢᠶᠠᠨ ᠤ᠋ ᠬᠠᠮᠲᠤᠷᠠᠯᠴᠠᠭ᠎ᠠ ᠳ᠋ᠤ ᠮᠠᠰᠢ ᠶᠡᠬᠡ ᠦᠢᠯᠡᠳᠦᠯ ᠦᠵᠡᠭᠦᠯᠵᠤ ᠪᠠᠢᠨ᠎ᠠ᠂ ᠪᠢᠳᠡ ᠡᠨᠳᠡ ᠡᠴᠡ ᠬᠠᠮᠲᠤᠷᠠᠯᠴᠠᠭᠠᠨ ᠤ᠋ ᠬᠠᠨᠢᠲᠠᠨ ᠲᠠᠢ ᠪᠤᠯᠤᠭᠰᠠᠨ ᠰᠢᠤ》 ᠭᠡᠵᠤ ᠠ ᠯᠢ ᠡᠯᠭᠦᠮᠡᠯ ᠬᠡᠪᠢᠰ ᠤ᠋ᠨ ᠬᠢᠵᠠᠭᠠᠷᠲᠤ ᠺᠤᠮᠫᠠᠨᠢ ᠢ᠋ᠢᠨ ᠠᠵᠢᠯᠴᠢᠨ ᠡᠾᠸ ᠹᠸᠢ ᠳᠤᠭᠳᠤᠯᠤᠨ ᠶᠠᠷᠢᠬᠤ ᠳ᠋ᠤ᠂ ᠬᠠᠢᠨᠠᠨ ᠤ᠋ ᠪᠢᠡᠭ ᠯᠠᠡᠭ ᠭᠦ ᠯᠢ ᠮᠢᠶᠤᠤ ᠰᠤᠶᠤᠯ ᠵᠢᠭᠤᠯᠴᠢᠯᠡᠯ ᠤ᠋ᠨ ᠺᠤᠮᠫᠠᠨᠢ ᠢ᠋ᠢᠨ ᠠᠵᠢᠯᠴᠢᠨ ᠫᠠᠨ ᠰᠢ ᠰᠢᠶᠠᠨ᠄ 《ᠪᠢ ᠠᠡᠭᠬ᠎ᠠ ᠤᠳᠠᠭ᠎ᠠ ᠦᠪᠦᠷ ᠮᠤᠡᠭᠭᠤᠯ ᠳ᠋ᠤ ᠢᠷᠡᠵᠤ ᠪᠤᠢ᠂ ᠦᠵᠡᠰᠭᠦᠯᠡᠩᠲᠦ ᠰᠠᠢᠬᠠᠨ ᠦᠪᠦᠷ ᠮᠤᠡᠭᠭᠤᠯ ᠤ᠋ᠨ ᠥᠨᠢ ᠤᠳᠠᠭᠠᠨ ᠲᠡᠦᠬᠡ ᠰᠣᠶᠣᠯ᠂ ᠦᠪᠡᠷᠮᠢᠴᠠ ᠰᠤᠳᠤᠨ ᠵᠠᠡᠭ ᠦᠢᠯᠡ᠂ ᠦᠵᠡᠭᠡᠳ ᠬᠠᠨᠤᠰᠢ ᠦᠭᠡᠢ ᠦᠡᠭᠭᠡ ᠦᠵᠡᠮᠵᠢ ᠳ᠋ᠤ ᠮᠠᠰᠢ ᠶᠡᠬᠡ ᠲᠠᠲᠠᠭᠳᠠᠵᠤ ᠪᠠᠢᠨ᠎ᠠ》 ᠭᠡᠵᠤ ᠪᠠᠬᠠᠳᠤᠨ ᠶᠠᠷᠢᠪᠠ᠃