ᠵᠢᠡᠭᠨᠡᠭᠰᠡᠨ ᠪᠤᠶᠤ ᠴᠢᠨᠠᠭᠰᠠᠠ ᠲᠤᠲᠤᠷᠭᠠᠨ ᠪᠤᠳᠠᠭ᠎ᠠ ᠵᠢ ᠬᠥᠷᠥᠭᠡᠭᠡᠳ ᠢᠳᠡᠪᠡᠯ ᠰᠠᠢᠨ
2025-08-29 16:15:12
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠵᠢᠡᠭᠨᠡᠵᠦ᠍ ᠭᠠᠷᠭᠠᠬᠰᠠᠨ ᠪᠤᠶᠤ ᠴᠢᠨᠠᠵᠦ᠍ ᠭᠠᠷᠭᠠᠬᠰᠠᠨ ᠲᠤᠲᠤᠷᠭᠠᠨ ᠪᠤᠳᠠᠭ᠎ᠠ ᠵᠢ ᠬᠥᠷᠥᠭᠡᠭᠡᠳ ᠢᠳᠡᠪᠡᠯ ᠴᠢᠰᠤᠨ᠎ᠤ᠎ᠥᠭᠡᠬᠦ᠂ ᠴᠢᠰᠤᠨ ᠰᠢᠬᠢᠷ᠂ ᠥᠭᠡᠬᠦᠯᠡᠭᠰᠡᠨ ᠡᠯᠢᠭᠡ ᠳ᠋ᠤ ᠠᠰᠢᠬᠳᠠᠢ ᠤᠤ?

ᠬᠠᠷᠢᠭᠤᠯᠲᠠ᠄ ᠵᠣᠬᠢᠬᠤ ᠦᠢᠯᠡᠳᠦᠯ᠎ᠲᠠᠢ᠃ ᠲᠤᠲᠤᠷᠭᠠᠨ ᠪᠤᠳᠠᠭ᠎ᠠ᠎ᠪᠠᠨ ᠬᠥᠷᠥᠭᠡᠪᠡᠯ᠂ ᠨᠢᠭᠡ ᠪᠦᠯᠦᠭ ᠵᠤᠲᠠᠩᠰᠢᠭᠰᠠᠨ ᠴᠠᠷᠳᠠᠭᠤᠯ᠎ᠨᠢ ᠳᠠᠬᠢᠭᠠᠳ ᠤᠤᠯ ᠤ᠋ᠨ᠎ᠪᠠᠶ᠋ᠢᠳᠠᠯ ᠳ᠋ᠠᠭᠠᠨ ᠣᠷᠣᠳᠠᠭ᠂ ᠡᠨᠡ ᠬᠦ᠌ ᠶᠠᠪᠤᠴᠠ᠎ᠳᠤ ᠵᠠᠷᠢᠮ ᠲᠡᠰᠪᠦᠷᠢᠯᠡᠬᠦ᠌ ᠴᠢᠨᠠᠷᠲᠠᠶ ᠴᠠᠷᠳᠠᠭᠤᠯ ᠡᠭᠦᠰᠳᠡᠭ᠃ ᠲᠡᠰᠪᠦᠷᠢᠯᠡᠬᠦ᠌ ᠴᠢᠨᠠᠷᠲᠠᠶ ᠴᠠᠷᠳᠠᠭᠤᠯ᠎ᠤᠨ ᠮᠥᠨ ᠴᠢᠨᠠᠷ᠎ᠨᠢ ᠴᠠᠷᠳᠠᠭᠤᠯ᠎ᠢ ᠲᠡᠰᠪᠦᠷᠢᠯᠡᠬᠦ᠌ ᠢᠰᠬᠡᠭᠦᠷ ᠤᠰᠤᠵᠢᠨ ᠵᠠᠳᠠᠷᠠᠵᠤ᠂ ᠭᠢᠨᠵᠢᠯᠢᠭ ᠴᠠᠷᠳᠠᠭᠤᠯ᠎ᠤᠨ ᠮᠣᠯᠧᠺᠦ᠋ᠯ᠎ᠨᠢ ᠬᠡᠰᠡᠭ ᠲᠠᠯᠠᠰᠵᠢᠬᠤ ᠪᠠᠶ᠋ᠢᠳᠠᠯ᠎ᠢ ᠪᠣᠶ ᠪᠣᠯᠭᠠᠵᠤ᠂ ᠴᠠᠷᠳᠠᠭᠤᠯ᠎ᠤᠨ ᠢᠰᠬᠡᠭᠦᠷ᠎ᠢ ᠦᠵᠦᠮ᠎ᠤᠨ ᠰᠢᠬᠢᠷ᠎ᠤᠨ ᠬᠣᠭᠣᠷᠣᠨᠳᠣᠬᠢ ᠰᠢᠬᠢᠷᠵᠢᠮᠡᠭ᠎ᠤᠨ ᠬᠣᠯᠪᠣᠭᠠᠰᠤ᠎ᠶᠢ ᠤᠰᠤᠵᠢᠭᠤᠯᠤᠨ ᠵᠠᠳᠠᠷᠠᠭᠤᠯᠵᠤ ᠲᠡᠶ᠋ᠢᠯᠬᠦ᠌ ᠥᠬᠡᠶ ᠪᠣᠯᠭᠠᠳᠠᠭ᠂ ᠡᠶ᠋ᠢᠮᠦ᠎ᠠᠴᠠ ᠲᠡᠭᠦᠨ᠎ᠢ ᠪᠡᠶ᠎ᠡ᠎ᠶᠢᠨ ᠬᠡᠷᠡᠭᠰᠡᠬᠦ᠌ ᠦᠵᠦᠮ᠎ᠤᠨ ᠰᠢᠬᠢᠷ ᠪᠣᠯᠭᠠᠨ ᠬᠦᠢᠴᠡᠳ ᠵᠠᠳᠠᠷᠠᠭᠤᠯᠵᠤ ᠳᠡᠶ᠋ᠢᠯᠬᠦ᠌ ᠥᠬᠡᠶ᠂ ᠲᠡᠷᠡ᠎ᠨᠢ ᠬᠣᠳᠣᠭᠣᠳᠣ  ᠭᠡᠳᠡᠰᠦᠨ᠎ᠳᠤᠳᠤᠷ᠎ᠠ ᠰᠢᠩᠭᠡᠬᠦ᠌ ᠬᠤᠷᠳᠤᠴᠠ᠎ᠨᠢ ᠤᠳᠠᠭᠠᠨ᠂ ᠪᠠᠷᠤᠭ ᠰᠢᠩᠭᠡᠭᠡᠭᠳᠡᠬᠦ᠌ ᠥᠬᠡᠶ ᠪᠠᠶ᠋ᠢᠵᠤ᠂ ᠢᠳᠡᠰᠢ᠎ᠶᠢᠨ ᠰᠢᠷᠬᠡᠭ᠎ᠲᠠᠢ ᠠᠳᠠᠯᠢᠪᠲᠤᠷ ᠦᠢᠯᠡᠳᠦᠯ ᠦᠵᠡᠬᠦᠯᠵᠦ᠍᠂ ᠪᠦᠳᠦᠭᠦᠨ ᠭᠡᠳᠡᠰᠦᠨ ᠳ᠋ᠤ ᠮᠢᠺᠷᠣᠪ᠎ᠲᠤ᠌ ᠠᠰᠢᠭᠯᠠᠬᠳᠠᠳᠠᠭ᠃ ᠦᠷᠭᠦᠯᠵᠢ ᠲᠡᠰᠪᠦᠷᠢᠯᠡᠬᠦ᠌ ᠴᠢᠨᠠᠷᠲᠠᠶ ᠴᠠᠷᠳᠠᠭᠤᠯ ᠡᠯᠪᠡᠭ ᠠᠭᠤᠯᠤᠭᠰᠠᠨ ᠢᠳᠡᠭᠡᠨ᠎ᠢ ᠢᠳᠡᠪᠡᠯ ᠰᠢᠬᠢᠷ᠎ᠤᠨ ᠥᠭᠡᠬᠦᠨ᠎ᠤ ᠰᠣᠯᠢᠯᠴᠠᠭ᠎ᠠ᠎ᠶᠢ ᠰᠠᠶ᠋ᠢᠵᠢᠷᠠᠭᠤᠯᠵᠤ᠂ ᠬᠣᠭᠣᠯᠠᠨ᠎ᠤ ᠳᠠᠷᠠᠭᠠᠬᠢ ᠴᠢᠰᠤᠨ ᠰᠢᠬᠢᠷ᠎ᠢ ᠰᠠᠶ᠋ᠢᠵᠢᠷᠠᠭᠤᠯᠵᠤ᠂ ᠭᠡᠳᠡᠰᠦᠨ᠎ᠤ ᠡᠷᠡᠭᠦᠯ ᠮᠡᠨᠳᠦ᠎ᠶᠢ ᠬᠠᠮᠠᠭᠠᠯᠠᠵᠤ᠂ ᠡᠯᠢᠭᠡ ᠥᠭᠡᠬᠦᠯᠡᠬᠦ᠌ ᠪᠠ ᠮᠠᠷᠢᠶ᠎ᠠ ᠰᠢᠭᠤᠷᠠᠭᠤᠯᠬᠤ᠎ᠳᠤ ᠠᠰᠢᠭᠲᠠᠶ ᠶᠤᠮ᠃ ᠰᠢᠩᠭᠡᠭᠡᠯᠲᠡ᠎ᠶᠢᠨ ᠴᠢᠳᠠᠪᠤᠷᠢ ᠠᠨᠠᠶ᠂ ᠬᠣᠳᠣᠭᠣᠳᠣ ᠭᠡᠳᠡᠰᠦᠨ᠎ᠤ ᠡᠪᠡᠳᠴᠢᠨ᠎ᠲᠠᠢ᠂ ᠪᠡᠶ᠎ᠡ ᠲᠤᠷᠠᠩᠬᠠᠶ ᠬᠥᠮᠦᠨ᠎ᠳᠤ ᠠᠪᠴᠤ᠌ ᠬᠡᠯᠡᠪᠡᠯ᠂ ᠲᠣᠰ ᠪᠡᠶ᠎ᠡ᠎ᠶᠢᠨ ᠰᠢᠩᠭᠡᠭᠡᠯᠲᠡ᠎ᠶᠢᠨ ᠰᠢᠩᠭᠡᠨ᠎ᠤ ᠰᠢᠭᠦᠷᠡᠯᠲᠡ᠎ᠨᠢ ᠬᠦᠷᠦᠯᠴᠡᠬᠦ᠌ ᠥᠬᠡᠶ ᠪᠠᠶ᠋ᠢᠳᠠᠭ᠂ ᠲᠡᠬᠡᠷ᠎ᠠ ᠨᠢ ᠪᠠᠰᠠ ᠬᠦᠢᠳᠡᠨ ᠢᠳᠡᠭᠡᠨ ᠢᠳᠡᠵᠦ᠍ ᠬᠣᠳᠣᠭᠣᠳᠣ᠎ᠪᠠᠨ ᠬᠦᠷᠦᠭᠡᠪᠡᠯ᠂ ᠡᠪᠡᠳᠴᠢᠨ᠎ᠤ ᠪᠠᠶ᠋ᠢᠳᠠᠯ᠎ᠢ ᠬᠦᠨᠳᠦᠷᠡᠭᠦᠯᠵᠦ᠍ ᠮᠡᠳᠡᠨ᠎ᠡ᠂ ᠡᠶ᠋ᠢᠮᠦ᠎ᠠᠴᠠ ᠠᠯᠢ ᠴᠢᠳᠠᠬᠤ ᠪᠠᠷ ᠣᠷᠳᠣ ᠬᠤᠭᠤᠴᠠᠭ᠎ᠠ᠎ᠪᠠᠷ ᠬᠦᠢᠳᠡᠨ ᠲᠤᠲᠤᠷᠭᠠᠨ ᠪᠤᠳᠠᠭ᠎ᠠ ᠢᠳᠡᠬᠦ᠌᠎ᠠᠴᠠ ᠵᠠᠶ᠋ᠢᠯᠠᠰᠬᠢᠬᠦ᠌ ᠬᠡᠷᠡᠭᠲᠡᠶ᠃


QQ截图20250828104401.png


 (《ᠠᠷᠠᠳ᠎ᠤᠨ ᠰᠦᠯᠵᠢᠶ᠎ᠠ》 ᠡᠴᠨ ᠨᠠᠢᠷᠠᠭᠤᠯᠤᠨ ᠠᠪᠤᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号