ᠡᠷᠢᠶᠡᠨ᠎ᠦ ᠬᠢᠯᠢ᠎ᠶ᠋ᠢᠨ ᠪᠠᠢᠴᠠᠭᠠᠯᠲᠠ᠎ᠶ᠋ᠢᠨ ᠥᠷᠲᠡᠭᠡ ᠤᠯᠠᠨ ᠤᠯᠤᠰ ᠤ᠋ᠨ ᠠᠷᠠᠯᠵᠢᠶᠠᠴᠢᠨ ᠤ᠋ ᠥᠨᠳᠥᠷ ᠪᠦᠲᠦᠮᠵᠢᠲᠡᠶ᠎ᠪᠡᠷ ᠪᠣᠭᠣᠮᠲᠠ ᠥᠩᠭᠡᠷᠡᠬᠦ᠌᠎ᠶ᠋ᠢ ᠪᠠᠲᠤᠯᠠᠪᠠ
2025-08-29 17:43:36
ᠵᠣᠬᠢᠶᠠᠭ᠍ᠴᠢ᠄
ᠰᠦᠨ ᠯᠢ ᠶᠢᠡᠭ
ᠣᠩᠱᠢᠭ᠍ᠰᠠᠨ ᠣᠳᠠᠭ᠎ᠠ᠄
★★★☆☆

8 ᠰᠠᠷ᠎ᠠ᠎ᠶ᠋ᠢᠨ 22 ᠎ᠤ᠋ᠨ ᠡᠳᠦᠷ᠎ᠦᠨ 10 ᠴᠠᠭ 25 ᠮᠢᠨᠦ᠋ᠲ᠎ᠲᠦ᠂ ᠲᠠᠪᠤᠳᠤᠭᠠᠷ ᠬᠤᠭᠤᠴᠠᠭᠠᠨ᠎ᠤ ᠳᠤᠮᠳᠠᠳᠤ ᠮᠣᠩᠭᠣᠯ᠎ᠤᠨ ᠦᠵᠡᠰᠭᠦᠯᠡᠩ᠎ᠦᠨ ᠴᠤᠭ᠍ᠯᠠᠭᠠᠨ᠎ᠳᠤ ᠣᠷᠣᠯᠴᠠᠭ᠍ᠰᠠᠨ ᠮᠣᠩᠭᠣᠯ ᠤᠯᠤᠰ᠎ᠤᠨ 110 ᠠᠷᠠᠯᠵᠢᠶᠠᠴᠢᠨ ᠣᠯᠠᠨ ᠤᠯᠤᠰ᠎ᠤᠨ ᠠᠶᠠᠨᠴᠢᠳ᠎ᠤᠨ ᠭᠠᠯᠲᠤ ᠲᠡᠷᠭᠡᠨ᠎ᠳᠦ ᠰᠠᠭᠤᠵᠤ ᠡᠷᠢᠶᠡᠨ ᠬᠣᠲᠠ᠎ᠶ᠋ᠢᠨ ᠲᠡᠮᠦᠷ ᠵᠠᠮ᠎ᠤᠨ ᠪᠣᠭᠣᠮᠲᠠ᠎ᠪᠠᠷ ᠬᠢᠯᠢ᠎ᠳᠦ ᠣᠷᠣᠵᠤ ᠢᠷᠡᠪᠡ᠂ ᠥᠪᠥᠷ ᠮᠣᠩᠭᠣᠯ᠎ᠤᠨ ᠬᠢᠯᠢ᠎ᠪᠡᠷ ᠣᠷᠣᠵᠤ ᠭᠠᠷᠬᠤ ᠬᠢᠯᠢ᠎ᠶ᠋ᠢᠨ ᠬᠠᠮᠠᠭᠠᠯᠠᠯᠲᠠ᠎ᠶ᠋ᠢᠨ ᠪᠠᠢᠴᠠᠭᠠᠬᠤ ᠶᠡᠷᠦᠩᠬᠡᠶ ᠥᠷᠲᠡᠭᠡ᠎ᠶ᠋ᠢᠨ ᠡᠷᠢᠶᠡᠨ᠎ᠦ ᠬᠢᠯᠢ᠎ᠪᠡᠷ ᠣᠷᠣᠵᠤ ᠭᠠᠷᠬᠤ ᠬᠢᠯᠢ᠎ᠶ᠋ᠢᠨ ᠬᠠᠮᠠᠭᠠᠯᠠᠯᠲᠠ᠎ᠶ᠋ᠢᠨ ᠪᠠᠢᠴᠠᠭᠠᠬᠤ ᠥᠷᠲᠡᠭᠡ ᠦᠵᠡᠰᠭᠦᠯᠡᠩ᠎ᠳᠦ ᠣᠷᠣᠯᠴᠠᠭ᠍ᠰᠠᠨ ᠠᠷᠠᠯᠵᠢᠶᠠᠴᠢᠨ᠎ᠳᠤ ᠪᠣᠭᠣᠮᠲᠠ᠎ᠪᠠᠷ ᠥᠩᠭᠡᠷᠡᠬᠦ᠌ ᠴᠢᠨᠠᠷ ᠰᠠᠢᠲᠠᠶ ᠪᠥᠭᠡᠳ ᠥᠨᠳᠥᠷ ᠪᠦᠲᠦᠮᠵᠢᠲᠡᠶ ᠦᠶ᠋ᠯᠡᠴᠢᠯᠡᠭᠡ ᠬᠠᠩᠭᠠᠪᠠ᠃

《ᠪᠥᠬᠥ᠌ ᠭᠠᠷᠳᠠᠮ᠎ᠢ ᠭᠦᠶ᠋ᠴᠡᠳᠭᠡᠵᠦ ᠲᠠᠭᠤᠰᠳᠠᠯ᠎ᠠ 10 ᠮᠢᠨᠦ᠋ᠲ ᠴᠦ᠍ ᠬᠡᠷᠡᠭᠯᠡᠭᠰᠡᠨ ᠥᠬᠡᠶ᠂ ᠠᠵᠢᠯᠲᠠᠨ᠎ᠤ ᠲᠤᠰᠭᠠᠶ ᠮᠡᠷᠭᠡᠵᠢᠯ ᠪᠠ ᠬᠠᠯᠠᠭᠤᠨ ᠰᠡᠳᠭᠢᠯᠭᠡ ᠨᠢ ᠪᠢᠳᠡᠨ᠎ᠳᠦ ᠮᠠᠰᠢ ᠲᠤᠳᠤᠨᠤ ᠰᠠᠨᠠᠬᠳᠠᠪᠠ》 ᠭᠡᠵᠦ᠍ ᠤᠯᠠᠭᠠᠨᠪᠠᠭᠠᠲᠤᠷ᠎ᠠᠴᠠ ᠢᠷᠡᠭ᠌ᠰᠡᠨ ᠦᠵᠡᠰᠭᠦᠯᠡᠩ᠎ᠳᠦ ᠣᠷᠣᠯᠴᠠᠭ᠍ᠰᠠᠨ ᠪᠠᠳᠤᠳᠤᠯᠭ᠎ᠠ ᠪᠠᠶᠠᠷᠲᠠᠢ ᠬᠡᠯᠡᠨ᠎ᠡ᠃

ᠦᠵᠡᠰᠭᠦᠯᠡᠩ᠎ᠦᠨ ᠴᠤᠭ᠍ᠯᠠᠭᠠᠨ᠎ᠤ ᠬᠤᠭᠤᠴᠠᠭᠠᠨ᠎ᠳᠤ ᠣᠯᠠᠨ ᠤᠯᠤᠰ᠎ᠤᠨ ᠠᠷᠠᠯᠵᠢᠶᠠᠴᠢᠨ᠎ᠤ ᠦᠵᠡᠰᠬᠦᠯᠡᠡᠭ᠎ᠳᠦ ᠣᠷᠣᠯᠴᠠᠬᠤ ᠪᠡᠶᠡᠴᠢ ᠣᠢᠯᠠᠭᠠᠯᠲᠠ᠎ᠶ᠋ᠢ ᠤᠯᠠᠮ ᠨᠢᠭᠡ ᠠᠯᠬᠤᠮ ᠳᠡᠭᠡᠭ᠌ᠰᠢᠯᠡᠭᠦᠯᠬᠦ᠌᠎ᠶ᠋ᠢᠨ ᠲᠥᠯᠥᠭᠡ᠂ ᠲᠣᠰ ᠥᠷᠲᠡᠭᠡ᠎ᠨᠢ ᠲᠤᠰᠭᠠᠶ ᠦᠶ᠋ᠯᠡᠴᠢᠯᠡᠭᠡᠨ᠎ᠦ ᠲᠥᠰᠦᠯ᠎ᠢ ᠲᠣᠭ᠍ᠲᠠᠭᠠᠵᠤ᠂ ᠵᠣᠬᠢᠶᠠᠨ ᠪᠠᠢᠭᠤᠯᠬᠤ ᠺᠣᠮᠢᠰ᠎ᠲᠠᠶ ᠰᠠᠨᠠᠭᠠᠴᠢᠯᠠᠭ᠎ᠠ᠎ᠠᠴᠠ᠎ᠪᠠᠨ ᠵᠣᠯᠭᠠᠭᠤᠯᠵᠤ᠂ ᠠᠷᠠᠯᠵᠢᠶᠠᠴᠢᠨ᠎ᠤ ᠬᠢᠯᠢ᠎ᠳᠦ ᠣᠷᠣᠬᠤ ᠴᠠᠭ᠂ ᠦᠵᠡᠰᠬᠦᠯᠡᠡᠭ᠎ᠳᠦ ᠣᠷᠣᠯᠴᠠᠬᠤ ᠲᠠᠸᠠᠷ᠎ᠤᠨ ᠪᠣᠭᠣᠮᠲᠠ ᠥᠩᠭᠡᠷᠡᠬᠦ᠌ ᠪᠦᠯᠦᠭ ᠤᠳᠠᠭ᠎ᠠ ᠵᠡᠷᠭᠡ ᠮᠡᠳᠡᠭᠡ ᠵᠠᠩᠭᠢ᠎ᠶ᠋ᠢ ᠤᠷᠢᠳᠴᠢᠯᠠᠨ ᠡᠵᠡᠮᠱᠢᠵᠦ᠍᠂ ᠭᠦᠶ᠋ᠯᠭᠡᠭᠡᠨ᠎ᠦ ᠬᠡᠮᠵᠢᠶ᠎ᠡ᠎ᠶ᠋ᠢ ᠱᠢᠨᠵᠢᠯᠡᠬᠦ᠌ ᠤᠬᠠᠭᠠᠨᠴᠢ᠎ᠪᠠᠷ ᠲᠥᠰᠦᠭᠡᠯᠡᠵᠦ᠍᠂ ᠴᠠᠭ᠍ᠳᠠᠭᠠᠨ᠎ᠤ ᠬᠦᠴᠦᠨ᠎ᠦ ᠲᠣᠬᠢᠷᠠᠭᠤᠯᠤᠯᠲᠠ᠎ᠶ᠋ᠢ ᠱᠢᠯᠢᠳᠡᠭ᠌ᠵᠢᠭᠦᠯᠪᠡ᠃ ᠦᠵᠡᠰᠭᠦᠯᠡᠩ᠎ᠳᠦ ᠣᠷᠣᠯᠴᠠᠭ᠍ᠰᠠᠨ ᠠᠷᠠᠯᠵᠢᠶᠠᠴᠢᠨ ᠪᠣᠭᠣᠮᠲᠠ᠎ᠳᠤ ᠬᠦᠷᠦᠭ᠌ᠰᠡᠨ᠎ᠦ ᠳᠠᠷᠠᠭ᠎ᠠ᠂ ᠪᠠᠢᠴᠠᠭᠠᠨ ᠱᠢᠯᠭᠠᠬᠤ ᠨᠡᠪᠲᠡᠷᠡᠬᠦ᠌ ᠵᠠᠮ᠎ᠢ ᠤᠷᠢᠳᠴᠢᠯᠠᠨ ᠭᠦᠶ᠋ᠴᠡᠳ ᠨᠡᠭᠡᠭᠡᠵᠦ᠍᠂ ᠪᠠᠢᠴᠠᠭᠠᠨ ᠱᠢᠯᠭᠠᠬᠤ ᠦᠷ᠎ᠡ ᠪᠦᠲᠦᠮᠵᠢ᠎ᠶ᠋ᠢ ᠬᠠᠮᠤᠭ᠎ᠤᠨ ᠶᠡᠬᠡ ᠬᠡᠮᠵᠢᠶ᠎ᠡ᠎ᠪᠡᠷ ᠳᠡᠭᠡᠭ᠌ᠰᠢᠯᠡᠭᠦᠯᠦᠨ᠂ ᠲᠤᠷᠱᠢᠯᠭ᠎ᠠ᠎ᠪᠠᠷ ᠪᠠᠶᠠᠯᠢᠭ᠂ ᠭᠠᠳᠠᠭᠠᠳᠤ ᠬᠡᠯᠡᠨ ᠳ᠋ᠡᠭᠡᠨ ᠴᠢᠳᠠᠮᠠᠭᠠᠢ ᠠᠷᠠᠳ᠎ᠤᠨ ᠴᠠᠭ᠍ᠳᠠᠭ᠎ᠠ᠎ᠶ᠋ᠢ ᠲᠣᠬᠢᠷᠠᠭᠤᠯᠵᠤ᠂ ᠦᠵᠡᠰᠭᠦᠯᠡᠩ᠎ᠳᠦ ᠣᠷᠣᠯᠴᠠᠭ᠍ᠰᠠᠳ᠎ᠲᠤ ᠵᠥᠪᠯᠡᠯᠭᠡ ᠥᠭ᠌ᠴᠦ ᠬᠥᠲᠥᠯᠥᠨ ᠵᠢᠯᠣᠭᠣᠳᠭᠤ ᠦᠶ᠋ᠯᠡᠴᠢᠯᠡᠭᠡ ᠬᠠᠩᠭᠠᠪᠠ᠋; ᠦᠵᠡᠰᠭᠦᠯᠡᠩ᠎ᠦᠨ ᠡᠳ᠋ ᠪᠣᠳᠠᠰ᠎ᠢ ᠠᠴᠢᠶᠠᠯᠠᠭ᠍ᠰᠠᠨ ᠪᠠᠷᠠᠭᠠᠨ᠎ᠤ ᠲᠡᠷᠭᠡᠨ᠎ᠳᠦ ᠲᠤᠰᠭᠠᠶ ᠨᠡᠪᠲᠡᠷᠡᠬᠦ᠌ ᠵᠠᠮ ᠨᠡᠭᠡᠭᠡᠵᠦ᠍᠂ 《ᠤᠷᠢᠳ᠎ᠢᠶᠠᠷ ᠪᠠᠢᠴᠠᠭᠠᠨ ᠱᠢᠯᠭᠠᠵᠤ᠂ ᠲᠦᠷᠭᠡᠨ ᠶᠠᠪᠤᠭᠤᠯᠬᠤ》 ᠪᠣᠭᠣᠮᠲᠠ ᠥᠩᠭᠡᠷᠡᠬᠦ᠌ ᠠᠷᠭ᠎ᠠ ᠬᠡᠮᠵᠢᠶ᠎ᠡ ᠠᠪᠴᠤ᠂ ᠨᠠᠩ ᠥᠨᠳᠥᠷ ᠪᠠᠷᠢᠮᠵᠢᠶ᠎ᠠ᠂ ᠨᠠᠩ ᠱᠢᠯᠢᠳᠡᠭ ᠦᠶ᠋ᠯᠡᠴᠢᠯᠡᠭᠡ᠎ᠪᠡᠷ ᠳᠤᠮᠳᠠᠳᠤ ᠮᠣᠩᠭᠣᠯ᠎ᠤᠨ ᠦᠵᠡᠰᠭᠦᠯᠡᠩ᠎ᠦᠨ ᠴᠤᠭ᠍ᠯᠠᠭᠠᠨ᠎ᠤ ᠤᠷᠤᠭ᠍ᠰᠢᠲᠠᠶ ᠶᠠᠪᠤᠭ᠍ᠳᠠᠬᠤ᠎ᠳᠤ ᠬᠦᠴᠦᠨ ᠨᠡᠮᠡᠷᠢᠯᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号