ᠮᠢᠨᠭᠭᠠᠨ ᠵᠢᠯ᠎ᠤᠨ ᠤᠯᠠᠮᠵᠢᠯᠠᠯ ᠲᠠᠢ ᠴᠠᠢ ᠵᠢᠨ ᠤᠷᠠᠯᠢᠭ
2025-08-27 11:14:05
ᠵᠣᠬᠢᠶᠠᠭ᠍ᠴᠢ᠄
​ ᠭᠤᠦ ᠷᠦᠢ ᠹᠸᠩ
ᠣᠩᠱᠢᠭ᠍ᠰᠠᠨ ᠣᠳᠠᠭ᠎ᠠ᠄
★★★☆☆

ᠮᠠᠨ᠎ᠤ ᠤᠯᠤᠰ᠎ᠤᠨ ᠲᠡᠦᠭᠡᠨ᠎ᠳ᠋ᠡᠭᠢ ᠤᠳᠬ᠎ᠠ ᠤᠷᠠᠯᠢᠭ᠎ᠤᠨ ᠭᠦᠭᠵᠢᠯᠳᠡ ᠨᠢ ᠲᠤᠮᠳᠠᠳᠤ ᠵᠢᠨ ᠦᠨᠳᠦᠰᠦᠳᠡᠨ ᠎ᠤ ᠭᠦᠭᠵᠢᠯᠳᠡ ᠲᠠᠢ ᠨᠢᠭᠳᠠ ᠬᠠᠷᠢᠴᠠᠭ᠎ᠠ ᠲᠠᠢ᠃ ᠴᠢᠨ᠎ᠤ ᠡᠭᠢᠨ᠎ᠤ ᠦᠶᠡᠰ ᠵᠢᠡᠷ ᠮᠠᠨ ᠎ᠤ ᠤᠯᠤᠰ ᠲᠤ᠌ ᠡᠷᠳᠡᠮᠳᠡᠨ ᠪᠦᠭᠦᠨ ᠵᠡᠷᠭᠡ ᠪᠠᠷ ᠶᠠᠷᠢᠯᠴᠠᠭᠰᠠᠨ ᠭᠦᠭᠵᠢᠯᠳᠡ ᠵᠢᠨ ᠪᠠᠢᠳᠠᠯ ᠢᠯᠠᠷᠠᠵᠤ᠂ ᠮᠠᠨ ᠎ᠤ ᠤᠯᠤᠰ᠎ᠤᠨ ᠡᠷᠳᠡᠨ ᠎ᠤ ᠦᠶ᠎ᠠ ᠵᠢᠨ ᠰᠤᠶᠤᠯ᠎ᠤᠨ ᠭᠦᠭᠵᠢᠯ᠎ᠤᠨ ᠴᠠᠭ᠎ᠢ ᠨᠡᠭᠡᠭᠡᠵᠡᠢ᠃ 20᠎ᠳ᠋ᠤᠭᠠᠷ ᠵᠠᠭᠤᠨ ᠎ᠤ ᠡᠭᠢᠨ ᠵᠢᠡᠷ᠂ ᠲᠠᠪᠤᠨ ᠰᠠᠷ᠎ᠠ ᠵᠢᠨ ᠲᠦᠷᠪᠡᠨ ᠎ᠤ ᠰᠢᠨ᠎ᠠ ᠰᠤᠶᠤᠯ᠎ᠤᠨ ᠭᠦᠳᠡᠯᠭᠡᠭᠡᠨ ᠲᠤᠮᠳᠠ ᠤᠳᠬ᠎ᠠ ᠤᠷᠠᠯᠢᠭ᠎ᠤᠨ ᠭᠦᠷᠢᠶᠠᠨ᠎ᠳᠤ ᠡᠭᠦᠰᠦᠭᠰᠡᠨ ᠰᠢᠨ᠎ᠠ ᠵᠢ ᠡᠭᠦᠳᠭᠦ ᠤᠷᠤᠰᠬᠠᠯ ᠨᠢ ᠨᠠᠢᠭᠡᠮ᠎ᠤᠨ ᠬᠤᠪᠢᠰᠤᠯ᠎ᠳᠤ ᠬᠦᠨᠳᠦ ᠶᠡᠭᠡ ᠨᠦᠯᠦᠭᠡ ᠪᠤᠯᠵᠤ᠂ ᠪᠦᠭᠦ ᠦᠨᠳᠦᠰᠦᠳᠡᠨ ᠎ᠤ ᠦᠵᠡᠯ ᠰᠠᠨᠠᠭ᠎ᠠ ᠪᠠᠨ ᠴᠢᠯᠦᠭᠡᠯᠡᠭᠦ ᠭᠦᠳᠡᠯᠭᠡᠭᠡᠨ ᠎ᠤ ᠴᠢᠬᠤᠯᠠ ᠭᠦᠳᠡᠯᠭᠡᠭᠦᠷ ᠪᠤᠯᠵᠠᠢ᠃

— ᠶᠠᠷᠦᠨᠭᠭᠡᠢ ᠱᠦᠵᠢ ᠰᠢ ᠵᠢᠨ ᠫᠢᠩ ᠎ᠤᠨ ᠤᠳᠬ᠎ᠠ ᠤᠷᠠᠯᠢᠭ᠎ᠤᠨ ᠠᠵᠢᠯ᠎ᠤᠨ ᠶᠠᠷᠢᠯᠴᠠᠬᠤ ᠬᠤᠷᠠᠯ ᠲᠡᠭᠡᠷᠡᠭᠢ ᠶᠠᠷᠢᠶ᠎ᠠ ᠡᠴᠡ (2014 ᠤᠨ᠎ᠤ 10 ᠰᠠᠷ᠎ᠠ ᠵᠢᠨ 15 ᠎ᠤ ᠡᠳᠦᠷ)


QQ20250827-111231.png


ᠭᠦᠭᠡᠬᠤᠳᠠ ᠵᠢᠨ ᠴᠦᠭᠡᠨ ᠪᠤᠰᠤ ᠭᠦᠮᠦᠰ ᠴᠤᠤ ᠵᠸᠦ ᠵᠢᠨ ᠴᠠᠢ ᠵᠢᠨ ᠤᠷᠠᠯᠢᠭ ᠲᠤ᠌ ᠲᠤᠷ᠎ᠠ ᠰᠤᠨᠢᠷᠬᠠᠯ ᠲᠠᠢ


ᠤᠯᠠᠭᠠᠨ ᠰᠢᠪᠠᠷ᠎ᠤᠨ ᠵᠢᠵᠢᠭ ᠭᠢᠰᠡ᠂ ᠴᠠᠢ ᠵᠢᠨ ᠦᠨᠦᠷ ᠠᠩᠭᠢᠯᠤᠮ᠎ᠠ᠂ ᠠᠯᠭᠤᠷ ᠠᠭᠠᠵᠢᠮᠬᠠᠨ ᠠᠮᠰᠠᠵᠤ᠂ ᠪᠠᠶ᠎ᠡ ᠰᠡᠳᠭᠢᠯ᠎ᠤᠨ ᠴᠢᠯᠡᠭᠡ ᠪᠠᠨ ᠲᠠᠢᠯᠦᠨ᠎ᠠ᠃

ᠴᠠᠢ ᠤᠤᠭᠤᠬᠤ ᠨᠢ ᠤᠮᠳᠠ ᠲᠠᠢᠯᠬᠤ᠂ ᠰᠡᠳᠭᠢᠯ ᠰᠡᠷᠭᠦᠭᠡᠭᠦ᠂ ᠦᠭᠡᠭᠦ ᠲᠤᠰᠤ ᠵᠢ ᠵᠠᠳᠠᠷᠠᠭᠤᠯᠬᠤ ᠵᠡᠷᠭᠡ ᠦᠢᠯᠡᠳᠦᠯ ᠲᠠᠢ᠃ ᠡᠷᠳᠡᠨ ᠡᠴᠡ ᠡᠳᠦᠭᠡ ᠪᠤᠯᠳᠠᠯ᠎ᠠ᠂ ᠴᠠᠢ ᠤᠤᠭᠤᠬᠤ ᠨᠢ ᠨᠢᠭᠡᠨᠳᠡ ᠲᠤᠮᠳᠠᠳᠤᠴᠤᠳ᠎ᠤᠨ ᠠᠮᠢᠳᠤᠷᠠᠯ᠎ᠤᠨ ᠨᠢᠭᠡᠨ ᠠᠷᠭ᠎ᠠ ᠬᠡᠯᠪᠠᠷᠢ ᠪᠠ ᠵᠠᠩ ᠵᠠᠨᠭᠰᠢᠯ ᠪᠤᠯᠵᠠᠢ᠃


QQ20250827-111249.png


ᠤᠯᠠᠭᠠᠨ ᠰᠢᠪᠠᠷ᠎ᠤᠨ ᠵᠢᠵᠢᠭ ᠭᠢᠰᠡ


QQ20250827-111241.png


ᠨᠠᠷᠢᠯᠢᠭ ᠭᠢᠴᠡ ᠲᠠᠢ ᠴᠠᠢ ᠵᠢᠨ ᠭᠡᠷᠡᠭᠰᠡᠯ


ᠲᠠᠩ᠎ᠤᠨ ᠦᠶ᠎ᠠ ᠡᠴᠡ ᠲᠡᠯᠭᠡᠷᠡᠵᠤ ᠰᠦᠩ᠎ᠤᠨ ᠦᠶ᠎ᠡ᠎ᠳᠤ ᠭᠦᠭᠵᠢᠵᠡᠢ

《ᠴᠠᠢ ᠨᠢ ᠪᠤᠳᠠᠭ᠎ᠠ ᠲᠠᠪᠤᠰᠦ ᠲᠠᠢ ᠠᠳᠠᠯᠢ ᠪᠠᠢᠵᠤ᠂ ᠨᠢᠭᠡ ᠡᠳᠦᠷ ᠴᠤ᠌ ᠲᠤᠳᠠᠭᠳᠠᠵᠤ ᠦᠯᠦ ᠪᠤᠯᠤᠨ᠎ᠠ》᠃ ᠮᠠᠨ ᠪ ᠤᠯᠤᠰ᠎ᠪᠤᠯ ᠲᠡᠦᠭᠡᠨ᠎ᠳᠤ ᠬᠠᠮᠤᠭ᠎ᠤᠨ ᠡᠷᠳᠡ ᠴᠠᠢ ᠵᠢᠨ ᠮᠤᠳᠤ ᠲᠠᠷᠢᠵᠤ᠂ ᠴᠠᠢ ᠦᠢᠯᠡᠳᠪᠦᠷᠢᠯᠡᠭᠰᠡᠨ ᠤᠯᠤᠰ ᠪᠠᠢᠵᠤ᠂ ᠴᠠᠢ ᠵᠢᠨ ᠰᠤᠶᠤᠯ ᠨᠢ ᠲᠤᠮᠳᠠᠳᠤᠴᠤᠳ᠎ᠤᠨ ᠠᠮᠢᠳᠤᠷᠠᠯ᠎ᠳᠤ ᠭᠦᠨ ᠠᠭᠤᠰᠴᠦ᠂ ᠲᠤᠮᠳᠠᠳᠤ ᠵᠢᠨ ᠰᠤᠶᠤᠯ᠎ᠢ ᠤᠯᠠᠮᠵᠢᠯᠠᠬᠤ ᠵᠢᠨ ᠪᠠᠰᠠ ᠨᠢᠭᠡ ᠠᠴᠢᠶᠠᠯᠠᠭᠴᠢ ᠪᠤᠯᠵᠠᠢ᠃

ᠭᠤᠸᠠᠨᠭᠳᠦ᠋ᠩ ᠮᠤᠵᠢ ᠵᠢᠨ ᠴᠤᠤ ᠵᠸᠦ ᠬᠤᠳᠠ ᠡᠴᠡ ᠦᠪᠦᠷ ᠮᠤᠨᠭᠭᠤᠯ᠎ᠤᠨ ᠬᠦᠭᠡᠬᠤᠳᠠ ᠭᠦᠷᠳᠡᠯ᠎ᠠ ᠪᠠᠷᠤᠭ 2500 ᠺᠢᠯᠦᠮᠸᠲᠷ ᠵᠠᠢᠳᠠᠢ ᠪᠠᠢᠳᠠᠭ᠃ ᠴᠤᠤ ᠵᠸᠦ ᠵᠢᠨ ᠭᠦᠩ ᠹᠦ ᠴᠠᠢ ᠵᠢᠨ ᠤᠷᠠᠯᠢᠭ ᠨᠢ ᠱᠢ ᠲᠢᠩ᠎ᠤᠨ ᠲᠠᠭᠠᠭᠤᠯᠭ᠎ᠠ ᠲᠤᠤᠷ᠎ᠠ ᠬᠦᠭᠡᠬᠤᠳᠠᠨ᠎ᠠ ᠬᠦᠯ ᠲᠤᠭᠳᠠᠵᠤ᠂ ᠡᠨᠳᠡᠭᠢ ᠵᠢᠨ ᠰᠤᠶᠤᠯ ᠲᠠᠢ ᠠᠭᠤᠰᠤᠯᠴᠠᠭᠠᠳ᠂ ᠦᠪᠦᠷ ᠮᠤᠨᠭᠭᠤᠯ᠎ᠨᠢ ᠪᠠᠰᠠ ᠦᠪᠡᠷ᠎ᠤᠨ ᠵᠢᠡᠨ ᠤᠨᠴᠠᠯᠢᠭᠳᠤ ᠭᠦᠩ ᠹᠦ ᠴᠠᠢ ᠵᠢᠨ ᠤᠷᠠᠯᠢᠭ ᠲᠠᠢ ᠪᠤᠯᠵᠠᠢ᠃

ᠭᠦᠩ ᠹᠦ ᠴᠠᠢ ᠵᠢᠨ ᠤᠷᠠᠯᠢᠭ  ᠭᠦᠨ ᠵᠤᠵᠠᠭᠠᠨ ᠰᠤᠶᠤᠯ᠎ᠤᠨ ᠭᠦᠷᠦᠰᠦ ᠰᠢᠷᠤᠢ ᠲᠠᠢ

ᠤᠯᠠᠨ ᠵᠢᠯ ᠎ᠤᠨ ᠡᠮᠦᠨ᠎ᠡ ᠡᠴᠡ ᠲᠤᠮᠳᠠᠳᠤᠴᠤᠳ ᠴᠠᠢ ᠲᠡᠭᠦᠵᠤ᠂ ᠴᠠᠢ ᠦᠢᠯᠡᠳᠪᠦᠷᠢᠯᠡᠵᠤ᠂ ᠴᠠᠢ ᠤᠤᠭᠤᠳᠠᠭ ᠪᠤᠯᠤᠭᠰᠠᠨ ᠲᠡᠦᠭᠡᠨ ᠲᠡᠮᠳᠡᠭᠯᠡᠯ ᠪᠤᠢ᠃ ᠶᠦᠨᠨᠡᠨ ᠮᠤᠵᠢ ᠵᠢᠨ ᠵᠢᠩ ᠮᠠᠢ ᠱᠠᠨ ᠎ᠳᠤ᠂ ᠲᠤᠬᠠᠢ ᠵᠢᠨ ᠭᠠᠵᠠᠷ᠎ᠤᠨ ᠤᠯᠠᠨ ᠲᠦᠮᠡᠨ ᠴᠠᠢ ᠵᠢᠨ ᠮᠤᠳᠤ ᠲᠠᠷᠢᠵᠤ᠂ ᠴᠠᠢ ᠵᠢᠨ ᠭᠦᠷᠢᠶᠡᠯᠡᠩ ᠠᠷᠠᠴᠢᠯᠠᠭᠠᠳ ᠨᠢᠭᠡᠨᠳᠡ 1800 ᠭᠠᠷᠤᠢ ᠵᠢᠯ᠎ᠤᠨ ᠲᠡᠦᠭᠡ ᠲᠠᠢ ᠪᠤᠯᠤᠭᠰᠠᠨ ᠠᠵᠢ᠃ ᠴᠤᠤ ᠵᠸᠦ ᠵᠢᠨ ᠹᠸᠩ ᠬᠤᠸᠠᠩ ᠱᠠᠨ ᠪᠤᠯ ᠤᠯᠠᠮᠵᠢᠯᠠᠯᠳᠤ ᠴᠠᠢ ᠵᠢᠨ ᠭᠠᠷᠤᠯᠳᠠ ᠵᠢᠨ ᠤᠷᠤᠨ ᠪᠠᠢᠵᠤ᠂ ᠦᠨᠢ ᠤᠳᠠᠭᠠᠨ ᠴᠠᠢ ᠦᠢᠯᠡᠳᠪᠦᠷᠢᠯᠡᠭᠰᠡᠨ ᠲᠡᠦᠭᠡ ᠲᠠᠢ ᠪᠠᠢᠵᠤ᠂ ᠴᠠᠢ ᠦᠢᠯᠡᠳᠪᠦᠷᠢᠯᠡᠭᠦ ᠪᠠᠢᠭᠠᠯᠢ ᠵᠢᠨ ᠤᠨᠴᠠᠭᠠᠢ ᠨᠦᠭᠦᠴᠡᠯ ᠎ᠢ᠋ ᠪᠦᠷᠢᠳᠦᠭᠦᠯᠵᠤ᠂ ᠵᠠᠭᠤᠨ ᠵᠢᠯ ᠭᠠᠷᠤᠢ ᠪᠤᠯᠵᠤ ᠪᠠᠢᠭ᠎ᠠ ᠴᠠᠢ ᠵᠢᠨ ᠮᠤᠳᠤ ᠤᠯᠠᠨ ᠪᠠᠢᠳᠠᠭ᠃

ᠤᠨ ᠲᠤᠭᠠᠯᠠᠯ᠎ᠤᠨ 8᠎ᠳᠤᠭᠠᠷ ᠵᠠᠭᠤᠨ ᠎ᠤ ᠰᠡᠭᠦᠯᠴᠢ ᠪᠡᠷ᠂ ᠲᠠᠩ ᠎ᠤᠨ ᠦᠶ᠎ᠠ ᠵᠢᠨ ᠴᠠᠢ ᠵᠢᠨ ᠰᠤᠳᠤᠯᠭᠠᠳᠠᠨ ᠯᠤ᠌ ᠢᠦᠢ 《ᠴᠠᠢ ᠵᠢᠨ ᠨᠤᠮ》  ᠢ᠋ ᠪᠢᠴᠢᠵᠤ᠂ ᠡᠨᠡ ᠨᠢ ᠮᠠᠨ ᠪ ᠤᠯᠤᠰ᠎ᠤᠨ ᠬᠠᠮᠤᠭ᠎ᠤᠨ ᠡᠷᠳᠡ ᠴᠠᠢ ᠵᠢᠨ ᠲᠤᠬᠠᠢ ᠮᠡᠳᠡᠯᠭᠡ ᠵᠢ ᠰᠢᠰᠲᠸᠮ ᠲᠠᠢ ᠲᠠᠨᠢᠯᠴᠠᠭᠤᠯᠤᠭᠰᠠᠨ ᠲᠤᠰᠬᠠᠢ ᠨᠤᠮ ᠪᠤᠯᠤᠭᠰᠠᠨ ᠪᠠᠢᠨ᠎ᠠ᠃

ᠴᠤᠤ ᠵᠸᠦ ᠵᠢᠨ ᠭᠦᠩ ᠹᠦ ᠴᠠᠢ  ᠵᠢᠨ ᠤᠷᠠᠯᠢᠭ ᠪᠤᠯ ᠭᠤᠸᠠᠨᠭᠳᠦ᠋ᠩ ᠮᠤᠵᠢ ᠵᠢᠨ ᠴᠤᠤ ᠵᠸᠦ ᠤᠷᠤᠨ ᠵᠢᠡᠷ ᠲᠡᠯᠭᠡᠷᠡᠭᠰᠡᠨ ᠨᠢᠭᠡᠨ ᠵᠦᠢᠯ᠎ᠤᠨ ᠴᠠᠢ ᠴᠢᠢᠯᠡᠭᠦ ᠮᠡᠷᠭᠡᠵᠢᠯ ᠪᠠᠢᠵᠤ᠂ ᠰᠦᠩ ᠎ᠤᠨ ᠦᠶ᠎ᠡ ᠡᠴᠡ ᠡᠭᠢᠯᠡᠵᠤ᠂ ᠴᠢᠩ᠎ᠤᠨ ᠲᠤᠮᠳᠠᠴᠢ ᠦᠶ᠎ᠠ᠎ᠳᠤ ᠤᠷᠤᠰᠬᠠᠯ ᠪᠤᠯᠤᠨ ᠲᠡᠯᠭᠡᠷᠡᠵᠤ᠂ ᠨᠡᠩ ᠴᠢᠨᠠᠭᠰᠢᠳᠠ ᠵᠡᠭᠦᠨ ᠡᠮᠦᠨᠡᠳᠦ ᠠᠽᠢᠶ᠎ᠠ ᠵᠢᠨ ᠡᠯ᠎ᠠ ᠭᠠᠵᠠᠷ ᠤᠯᠠᠮᠵᠢᠯᠠᠭᠳᠠᠨ ᠲᠠᠷᠬᠠᠵᠠᠢ᠃ ᠴᠤᠤ ᠵᠸᠦ ᠵᠢᠨ ᠭᠦᠩ ᠹᠦ ᠴᠠᠢ ᠵᠢᠨ ᠤᠷᠠᠯᠢᠭ ᠨᠢ ᠭᠤᠤᠯᠳᠠᠭᠤ ᠴᠠᠢ ᠵᠢᠨ ᠰᠠᠪᠠ ᠪᠡᠯᠡᠳᠭᠦ᠂ ᠭᠠᠯ ᠨᠤᠴᠤᠭᠠᠬᠤ᠂ ᠴᠠᠢ ᠵᠢᠨ ᠰᠠᠪᠠ ᠪᠠᠨ ᠬᠠᠯᠠᠭᠠᠬᠤ ᠭᠡᠭᠦ ᠮᠡᠳᠦ ᠵᠢᠨ ᠬᠤᠷᠢᠨ ᠨᠢᠭᠡᠨ ᠶᠠᠪᠤᠴᠠ ᠲᠠᠢ ᠪᠠᠢᠳᠠᠭ᠃

2008 ᠤᠨ ᠎ᠳᠤ᠂ ᠴᠤᠤ ᠵᠸᠦ ᠵᠢᠨ ᠭᠦᠩ ᠹᠦ ᠴᠠᠢ ᠵᠢᠨ ᠤᠷᠠᠯᠢᠭ ᠨᠢ ᠤᠯᠤᠰ᠎ᠤᠨ ᠬᠤᠶᠠᠳᠤᠭᠠᠷ ᠪᠦᠯᠦᠭ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠨᠡᠷᠡᠰ᠎ᠤᠨ ᠵᠢᠭᠰᠠᠭᠠᠯ᠎ᠳᠤ ᠵᠢᠭᠰᠠᠭᠠᠭᠳᠠᠵᠤ᠂ ᠶᠸ ᠬᠠᠨ ᠵᠦᠩ ᠲᠤᠰ ᠲᠦᠷᠦᠯ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠲᠦᠯᠦᠭᠡᠯᠡᠭᠴᠢ ᠴᠢᠨᠠᠷᠳᠠᠢ ᠤᠯᠠᠮᠵᠢᠯᠠᠭᠴᠢ ᠪᠤᠯᠵᠠᠢ᠃

2019 ᠤᠨ ᠎ᠳᠤ ᠤᠯᠠᠨ ᠤᠯᠤᠰ᠎ᠤᠨ ᠬᠤᠯᠪᠤᠭᠠᠳᠤ ᠪᠠᠢᠭᠤᠯᠭ᠎ᠠ ᠡᠴᠡ ᠵᠢᠯ ᠪᠦᠷᠢ ᠵᠢᠨ 5 ᠰᠠᠷ᠎ᠠ ᠵᠢᠨ 21᠎ᠢ᠋ ᠲᠡᠯᠡᠭᠡᠢ ᠵᠢᠨ ᠴᠠᠢ ᠵᠢᠨ ᠡᠳᠦᠷ ᠵᠢᠡᠷ ᠲᠤᠭᠳᠠᠭᠠᠭᠰᠠᠨ ᠪᠠᠢᠨ᠎ᠠ᠃

2022 ᠤᠨ᠎ᠤ 11 ᠰᠠᠷ᠎ᠠ ᠵᠢᠨ 29᠎ᠳ᠋ᠤ᠌᠂ ᠮᠠᠨ᠎ᠤ ᠤᠯᠤᠰ᠎ᠤᠨ ᠡᠷᠡᠮᠡᠯᠵᠡᠭᠰᠡᠨ 《 ᠲᠤᠮᠳᠠᠳᠤ ᠤᠯᠤᠰ᠎ᠤᠨ ᠤᠯᠠᠮᠵᠢᠯᠠᠯᠳᠤ ᠴᠠᠢ ᠦᠢᠯᠡᠳᠭᠦ ᠮᠡᠷᠭᠡᠵᠢᠯ ᠵᠢᠴᠢ ᠬᠠᠮᠢᠶ᠎ᠠ ᠪᠦᠭᠦᠢ ᠵᠠᠩ ᠵᠠᠨᠭᠰᠢᠯ》 ᠨᠢ ᠤᠯᠠᠨ ᠤᠯᠤᠰ᠎ᠤᠨ ᠬᠤᠯᠪᠤᠭᠠᠳᠤ ᠪᠠᠢᠭᠤᠯᠭ᠎ᠠ ᠵᠢᠨ ᠰᠤᠶᠤᠯ ᠰᠤᠷᠭᠠᠨ ᠭᠦᠮᠦᠵᠢᠯ ᠰᠢᠨᠵᠢᠯᠡᠭᠦ ᠤᠬᠠᠭᠠᠨ ᠎ᠤ ᠲᠤᠭᠤᠢᠯᠠᠩ᠎ᠤᠨ ᠭᠦᠮᠦᠨ ᠲᠦᠷᠦᠯᠭᠢᠳᠡᠨ᠎ᠤ ᠪᠤᠳᠠᠰ᠎ᠤᠨ ᠪᠤᠰᠤ ᠰᠤᠶᠤᠯ ᠤ᠋ᠨ ᠦᠪ᠎ᠤᠨ ᠲᠦᠯᠦᠭᠡᠯᠡᠭᠴᠢ ᠴᠢᠨᠠᠷᠳᠠᠢ ᠨᠡᠷᠡᠰ᠎ᠤᠨ ᠵᠢᠭᠰᠠᠭᠠᠯ᠎ᠳᠤ ᠵᠢᠭᠰᠠᠭᠠᠭᠳᠠᠵᠤ᠂ ᠴᠤᠤ ᠵᠸᠦ ᠵᠢᠨ ᠭᠦᠩ ᠹᠦ ᠴᠠᠢ ᠵᠢᠨ ᠤᠷᠠᠯᠢᠭ ᠡᠭᠦᠨ᠎ᠳᠤ ᠪᠠᠭᠳᠠᠵᠠᠢ᠃

ᠱᠢ ᠲᠢᠩ ᠪᠠᠶᠠᠨᠨᠠᠭᠤᠷ ᠨᠤᠳᠤᠭᠳᠠᠢ᠃ ᠶᠸ ᠬᠠᠨ ᠵᠦᠩ ᠎ᠤᠨ ᠲᠠᠪᠤᠳᠤᠭᠠᠷ ᠦᠶ᠎ᠠ ᠵᠢᠨ ᠱᠠᠪᠢ ᠪᠠᠢᠵᠤ᠂ ᠴᠤᠤ ᠵᠸᠦ ᠵᠢᠨ ᠭᠦᠩ ᠹᠦ ᠴᠠᠢ ᠵᠢᠨ ᠤᠷᠠᠯᠢᠭ (ᠶᠸ ᠬᠠᠨ ᠵᠦᠩ) ᠎ᠤ᠋ᠨ ᠦᠪᠦᠷ ᠮᠤᠨᠭᠭᠤᠯ᠎ᠳ᠋ᠡᠭᠢ ᠤᠯᠠᠮᠵᠢᠯᠠᠯ᠎ᠤᠨ ᠰᠠᠭᠤᠷᠢᠨ ᠎ᠤ ᠬᠠᠷᠢᠭᠤᠴᠠᠯᠭᠠᠳᠠᠨ ᠶᠤᠮ᠃

《ᠴᠤᠤ ᠵᠸᠦ ᠵᠢᠨ ᠭᠦᠩ ᠹᠦ ᠴᠠᠢ ᠵᠢᠨ ᠤᠷᠠᠯᠢᠭ ᠨᠢ ᠭᠦᠨ ᠵᠤᠵᠠᠭᠠᠨ ᠰᠤᠶᠤᠯ᠎ᠤᠨ ᠭᠦᠷᠦᠰᠦ ᠰᠢᠷᠤᠢ ᠲᠠᠢ ᠪᠠᠢᠵᠤ᠂ ᠲᠠᠷᠠ ᠨᠢ ᠲᠠᠩ᠎ᠤᠨ ᠯᠤ᠌ ᠢᠦᠢ ᠵᠢᠨ〈ᠴᠠᠢ ᠵᠢᠨ ᠨᠤᠮ〉 ᠎ᠤ᠋ᠨ ᠭᠤᠤᠯᠯᠠᠭᠴᠢ ᠦᠷᠳᠡᠭ᠎ᠤᠨ ᠦᠵᠡᠯᠳᠡ ᠵᠢ ᠵᠠᠯᠭᠠᠮᠵᠢᠯᠠᠵᠤ᠂ ᠪᠦᠷᠢᠨ ᠪᠦᠳᠦᠨ ᠰᠢᠰᠲᠸᠮ ᠲᠠᠢ ᠪᠠᠢᠵᠤ᠂ ᠲᠤᠮᠳᠠᠳᠤ ᠵᠢᠨ ᠴᠠᠢ ᠵᠢᠨ ᠰᠤᠶᠤᠯ᠎ᠤᠨ ᠠᠮᠢᠳᠤ ᠴᠢᠯᠠᠭᠤᠵᠢᠮᠠᠯ ᠭᠡᠮᠡᠨ ᠠᠯᠳᠠᠷᠰᠢᠵᠠᠢ》 ᠭᠡᠵᠤ ᠱᠢ ᠲᠢᠩ ᠶᠠᠷᠢᠨ᠎ᠠ᠃

ᠱᠢ ᠲᠢᠩ ᠡᠨᠡ ᠵᠢᠯ 42 ᠨᠠᠰᠤᠳᠠᠢ᠂ 2018 ᠤᠨ ᠎ᠳᠤ ᠴᠠᠢ ᠵᠢᠨ ᠤᠷᠠᠯᠢᠭ ᠲᠤ᠌ ᠲᠤᠷ᠎ᠠ ᠪᠠᠬᠠᠳᠠᠢ ᠲᠠᠷᠠᠪᠠᠷ ᠲᠤᠰᠬᠠᠢᠯᠠᠨ ᠴᠤᠤ ᠵᠸᠦ᠎ᠳᠤ ᠭᠦᠷᠴᠦ᠂ ᠶᠸ ᠬᠠᠨ ᠵᠦᠩ ᠎ᠢ ᠪᠠᠭᠰᠢ ᠪᠠᠷᠢᠵᠤ᠂  ᠲᠤᠮᠳᠠᠳᠤ ᠤᠯᠤᠰ᠎ᠤᠨ ᠴᠠᠢ ᠵᠢᠨ ᠰᠤᠶᠤᠯ ᠵᠢᠴᠢ ᠴᠤᠤ ᠵᠸᠦ ᠵᠢᠨ ᠭᠦᠩ ᠹᠦ ᠴᠠᠢ ᠵᠢᠨ ᠤᠷᠠᠯᠢᠭ᠎ᠢ ᠰᠢᠰᠲᠸᠮ ᠲᠠᠢ ᠰᠤᠷᠤᠯᠴᠠᠭᠰᠠᠨ ᠪᠠᠢᠨ᠎ᠠ᠃

ᠡᠭᠦᠨ ᠎ᠤ ᠲᠠᠷᠠᠭ᠎ᠠ ᠱᠢ ᠲᠢᠩ ᠦᠪᠦᠷ ᠮᠤᠨᠭᠭᠤᠯ᠎ᠳᠠᠭᠠᠨ ᠪᠤᠴᠠᠵᠤ᠂  ᠴᠤᠤ ᠵᠸᠦ ᠵᠢᠨ ᠭᠦᠩ ᠹᠦ ᠴᠠᠢ ᠵᠢᠨ ᠤᠷᠠᠯᠢᠭ (ᠶᠸ ᠬᠠᠨ ᠵᠦᠩ) ᠎ᠤ᠋ᠨ ᠦᠪᠦᠷ ᠮᠤᠨᠭᠭᠤᠯ᠎ᠳ᠋ᠡᠭᠢ ᠤᠯᠠᠮᠵᠢᠯᠠᠯ᠎ᠤᠨ ᠰᠠᠭᠤᠷᠢᠨ᠎ᠢ  ᠪᠠᠢᠭᠤᠯᠵᠠᠢ᠃

ᠰᠢᠨ᠎ᠠ ᠵᠢ ᠡᠭᠦᠳᠦᠨ ᠰᠤᠳᠤᠯᠤᠨ ᠰᠢᠨᠵᠢᠯᠡᠵᠤ ᠡᠮᠦᠨᠡᠳᠦ ᠤᠮᠠᠷᠠᠳᠤ ᠵᠢ ᠠᠭᠤᠰᠤᠯᠴᠠᠭᠤᠯᠤᠨ᠎ᠠ

ᠴᠤᠤ ᠵᠸᠦ ᠵᠢᠨ ᠭᠦᠩ ᠹᠦ ᠴᠠᠢ ᠵᠢᠨ ᠤᠷᠠᠯᠢᠭ᠎ᠤᠨ ᠭᠤᠢᠳᠠ ᠰᠠᠢᠬᠠᠨ ᠨᠢ ᠨᠠᠷᠢᠨ ᠵᠦᠢᠯᠡᠰ ᠪᠤᠯᠭᠠᠨ᠎ᠳᠤᠨᠢ ᠢᠯᠡᠷᠡᠵᠤ ᠪᠠᠢᠳᠠᠭ᠃ ᠤᠯᠠᠨ ᠵᠢᠯ᠎ᠤᠨ ᠲᠤᠷᠰᠢ ᠱᠢ ᠲᠢᠩ  ᠲᠠᠰᠤᠷᠠᠯᠳᠠ ᠦᠭᠡᠢ ᠰᠤᠷᠤᠯᠴᠠᠬᠤ ᠪᠡᠷ ᠲᠠᠮᠵᠢᠨ᠂ ᠴᠠᠢ ᠵᠢᠨ ᠰᠤᠶᠤᠯ ᠵᠢᠴᠢ ᠴᠠᠢ ᠵᠢᠨ ᠤᠷᠠᠯᠢᠭ᠎ᠤᠨ ᠲᠤᠬᠠᠢ ᠨᠡᠩ ᠭᠦᠨᠵᠡᠭᠡᠢ ᠤᠢᠯᠠᠭᠠᠯᠳᠠ ᠲᠠᠢ ᠪᠤᠯᠵᠤ᠂ ᠨᠡᠩ ᠭᠦᠨ ᠵᠤᠵᠠᠭᠠᠨ ᠬᠠᠢᠷ᠎ᠠ ᠰᠡᠳᠭᠢᠯᠭᠡ ᠲᠠᠢ ᠪᠤᠯᠵᠠᠢ᠃ ᠲᠠᠷᠠ ᠪᠠᠰᠠ ᠴᠤᠤ ᠵᠸᠦ ᠵᠢᠨ ᠭᠦᠩ ᠹᠦ ᠴᠠᠢ ᠵᠢᠨ ᠤᠷᠠᠯᠢᠭ᠎ᠢ ᠦᠪᠦᠷ ᠮᠤᠨᠭᠭᠤᠯ᠎ᠤᠨ ᠦᠪᠡᠷᠮᠢᠴᠡ ᠰᠤᠶᠤᠯ ᠲᠠᠢ ᠤᠶᠠᠯᠳᠤᠭᠤᠯᠵᠤ᠂ ᠦᠪᠦᠷ ᠮᠤᠨᠭᠭᠤᠯ᠎ᠤᠨ ᠭᠦᠩ ᠹᠦ ᠴᠠᠢ ᠵᠢᠨ ᠤᠷᠠᠯᠢᠭ᠎ᠢ ᠰᠤᠳᠤᠯᠤᠨ ᠭᠠᠷᠭᠠᠵᠠᠢ᠃

17 ᠎ᠳᠤᠭᠠᠷ ᠵᠠᠭᠤᠨ ᠡᠴᠡ ᠡᠭᠢᠯᠡᠭᠰᠡᠨ ᠲᠦᠮᠡᠨ ᠭᠠᠵᠠᠷ᠎ᠤᠨ ᠴᠠᠢ ᠵᠢᠨ ᠵᠠᠮ ᠲᠡᠭᠡᠷ᠎ᠠ ᠦᠪᠦᠷ ᠮᠤᠨᠭᠭᠤᠯ ᠪᠤᠯ ᠴᠢᠬᠤᠯᠠ ᠨᠢᠭᠡᠨ ᠦᠷᠳᠡᠭᠡ ᠪᠠᠢᠵᠤ᠂ ᠬᠦᠭᠡᠬᠤᠳᠠ᠂ ᠪᠤᠭᠤᠳᠤ᠂ ᠤᠯᠠᠭᠠᠨᠬᠠᠳᠠ ᠪᠡᠷ ᠲᠠᠮᠵᠢᠳᠠᠭ᠃ ᠡᠭᠦᠨ ᠳ᠋ᠤ᠌ ᠬᠦᠭᠡᠬᠤᠳᠠ ᠪᠤᠯ ᠲᠦᠮᠡᠨ ᠭᠠᠵᠠᠷ᠎ᠤᠨ ᠴᠠᠢ ᠵᠢᠨ ᠵᠠᠮ ᠲᠡᠭᠡᠷᠡᠭᠢ ᠭᠤᠤᠯ ᠦᠷᠳᠡᠭᠡ᠂ ᠴᠠᠢ ᠵᠢᠨ ᠦᠢᠯᠡᠰ᠎ᠤᠨ ᠠᠵᠤ ᠠᠬᠤᠢ᠂ ᠰᠤᠶᠤᠯ᠎ᠤᠨ ᠰᠤᠯᠢᠯᠴᠠᠭᠠᠨ ᠎ᠤ ᠴᠢᠬᠤᠯᠠ ᠲᠠᠪᠴᠠᠩ ᠪᠠᠢᠵᠤ᠂ ᠭᠦᠨ ᠵᠤᠵᠠᠭᠠᠨ ᠴᠠᠢ ᠵᠢᠨ ᠰᠤᠶᠤᠯ᠎ᠤᠨ ᠭᠦᠷᠦᠰᠦ ᠰᠢᠷᠤᠢ ᠲᠠᠢ᠃

ᠱᠢ ᠲᠢᠩ ᠎ᠤᠨ ᠲᠠᠨᠢᠯᠴᠠᠭᠤᠯᠬᠤ ᠪᠡᠷ᠂ ᠦᠪᠦᠷ ᠮᠤᠨᠭᠭᠤᠯ ᠎ᠤᠨ ᠭᠦᠩ ᠹᠦ ᠴᠠᠢ  ᠵᠢᠨ ᠤᠷᠠᠯᠢᠭ ᠨᠢ ᠴᠤᠤ ᠵᠸᠦ ᠵᠢᠨ ᠭᠦᠩ ᠹᠦ ᠴᠠᠢ ᠵᠢᠨ ᠤᠷᠠᠯᠢᠭ᠎ᠤᠨ ᠬᠤᠷᠢᠨ ᠨᠢᠭᠡᠨ ᠶᠠᠪᠤᠴᠠ ᠵᠢᠨ ᠰᠠᠭᠤᠷᠢᠨ ᠲᠡᠭᠡᠷ᠎ᠠ ᠬᠠᠰᠤᠵᠤ ᠴᠦᠭᠡᠳᠭᠡᠭᠡᠳ18 ᠠᠯᠬᠤᠮ ᠪᠤᠯᠭᠠᠵᠤ᠂ ᠴᠠᠢ ᠵᠢᠨ ᠪᠠᠭᠠᠵᠢ ᠰᠠᠪᠠ ᠵᠢᠨ ᠲᠠᠯ᠎ᠠ ᠪᠡᠷ ᠦᠪᠦᠷ ᠮᠤᠨᠭᠭᠤᠯ ᠡᠯᠸᠮᠸᠨ᠋ᠲ᠎ᠢ  ᠤᠷᠤᠭᠤᠯᠤᠭᠰᠠᠨ ᠪᠠᠢᠨ᠎ᠠ᠃


QQ20250827-111333.png


ᠱᠢ ᠲᠢᠩ ᠰᠤᠷᠤᠭᠴᠢᠳ ᠲᠠᠭᠠᠨ ᠴᠠᠢ ᠵᠢᠨ ᠤᠷᠠᠯᠢᠭ᠎ᠤᠨ  ᠭᠢᠴᠢᠶᠠᠯ ᠤᠷᠤᠨ᠎ᠠ


ᠦᠪᠦᠷ ᠮᠤᠨᠭᠭᠤᠯ᠎ᠤᠨ ᠰᠦ ᠲᠠᠢ ᠴᠠᠢ ᠪᠤᠯ ᠨᠡᠩ ᠴᠤ᠌ ᠦᠪᠦᠷ ᠮᠤᠨᠭᠭᠤᠯ᠎ᠤᠨ ᠰᠦ ᠲᠠᠢ ᠴᠠᠢ ᠪᠤᠯᠤᠨ ᠴᠤᠤ ᠵᠸᠦ ᠵᠢᠨ ᠭᠦᠩ ᠹᠦ ᠴᠠᠢ ᠵᠢᠨ ᠤᠷᠠᠯᠢᠭ ᠲᠠᠢ ᠤᠶᠠᠯᠳᠤᠭᠤᠯᠤᠭᠰᠠᠨ ᠰᠦ ᠲᠠᠢ ᠴᠠᠢ ᠵᠢᠨ ᠤᠷᠠᠯᠢᠭ ᠮᠦᠨ᠃

ᠴᠠᠢ᠂ ᠲᠤᠷᠤᠨᠠᠳᠤ ᠵᠢᠨ ᠡᠴᠢᠨ᠎ᠠ ᠨᠢᠭᠤᠴᠠᠭᠠᠢ ᠨᠢᠭᠡᠨ ᠨᠠᠪᠴᠢ᠂ ᠠᠵᠤ ᠠᠬᠤᠢ ᠪᠤᠯᠤᠨ ᠰᠤᠶᠤᠯ᠎ᠤᠨ ᠰᠤᠯᠢᠯᠴᠠᠭ᠎ᠠ ᠪᠡᠷ ᠲᠠᠮᠵᠢᠭᠠᠳ ᠲᠠᠰᠤᠷᠠᠯᠳᠠ ᠦᠭᠡᠢ ᠲᠡᠯᠡᠭᠡᠢ ᠵᠢᠨ ᠲᠠᠪᠴᠠᠩ᠎ᠳᠤ ᠠᠭᠢᠵᠤ᠂ ᠲᠡᠯᠡᠭᠡᠢ ᠎ᠳ᠋ᠠᠭᠢᠨ ᠎ᠳᠤ ᠲᠤᠮᠳᠠᠳᠤ ᠵᠢᠨ ᠰᠤᠶᠤᠯ᠎ᠤᠨ ᠭᠠᠢᠬᠠᠮᠰᠢᠭ᠎ᠢ ᠲᠠᠨᠢᠭᠤᠯᠵᠠᠢ᠃

         (ᠭᠡᠷᠡᠯ ᠵᠢᠷᠤᠭ᠎ᠢ  ᠱᠢ ᠲᠢᠩ ᠬᠠᠨᠭᠭᠠᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号