ᠲᠤᠯᠭ᠎ᠠ ᠵᠢᠨ ᠭᠤᠷᠪᠠᠨ ᠴᠢᠯᠠᠭᠤ
2025-08-20 11:12:29
ᠵᠣᠬᠢᠶᠠᠭ᠍ᠴᠢ᠄
ᠵᠢᠭᠳᠡᠨᠸᠠᠩᠵᠠᠯ
ᠣᠩᠱᠢᠭ᠍ᠰᠠᠨ ᠣᠳᠠᠭ᠎ᠠ᠄
★★★☆☆

— ᠦᠣᠱᠢᠨ ᠬᠤᠱᠢᠭᠤᠨ ᠤ᠋ ᠲᠤᠭ ᠪᠠᠯᠭᠠᠰᠤ ᠵᠢᠨ ᠠᠵᠠᠲᠠᠢ ᠨᠠᠢᠬᠡᠮ ᠲᠤᠭᠤᠷᠢᠭ ᠤ᠋ᠨ ᠤᠮᠠᠷᠠᠲᠤ ᠬᠢᠯᠢ ᠵᠢᠨ ᠰᠤᠶᠤᠯ ᠤ᠋ᠨ ᠪᠠᠢᠭᠤᠯᠤᠯᠲᠠ ᠵᠢᠨ ᠲᠤᠬᠠᠢ ᠮᠦᠷᠳᠡᠯᠭᠡ ᠲᠡᠮᠲᠡᠭ᠌ᠯᠡᠯ


ᠤᠷᠳᠤᠰ ᠬᠤᠲᠠ ᠵᠢᠨ ᠬᠢᠶ᠎ᠠ ᠪᠠᠭ᠍ᠰᠢ ᠲᠤᠭᠤᠷᠢᠭ ᠡᠴᠡ ᠦᠤᠱᠢᠨ ᠬᠤᠱᠢᠭᠤᠨ ᠤ᠋ ᠭᠠᠯᠠᠭᠤᠲᠤ ᠪᠠᠯᠭᠠᠰᠤᠨ ᠳ᠋ᠤ ᠬᠦᠷᠬᠦ᠌ ᠵᠠᠮ ᠲᠡᠭᠡᠷ᠎ᠡ ᠦᠢᠯᠡᠳᠪᠤᠷᠢ ᠵᠢᠨ ᠬᠤᠯᠠᠩ ᠰᠦᠨᠳᠡᠷᠯᠡᠨ ᠠᠰᠠᠷ ᠪᠠᠷᠢᠯᠭ᠎ᠠ ᠵᠢᠭ᠌ᠳᠡᠷᠡᠭ᠌ᠰᠡᠨ ᠲᠤᠭ ᠪᠠᠯᠭᠠᠰᠤ ᠬᠡᠮᠡᠬᠦ᠌ ᠨᠢᠭᠡᠨ ᠭᠠᠵᠠᠷ ᠪᠠᠢᠳᠠᠭ᠃ ᠲᠤᠭ ᠤ᠋ᠨ ᠮᠠᠯᠴᠢᠨ ᠲᠦᠮᠡᠨ 《ᠮᠠᠨ ᠤ᠋ ᠲᠤᠭ ᠴᠢᠨᠢ ᠪᠠᠭ᠎ᠠ ᠱᠢᠶᠠᠩᠭᠠᠡᠭ ᠭᠡᠰᠡᠨ ᠨᠡᠷ᠎ᠡ ᠲᠠᠢ ᠱᠢᠤ》ᠭᠡᠵᠤ ᠤᠮᠤᠭ᠍ᠰᠢᠨ ᠶᠠᠷᠢᠵᠠᠭᠠᠳᠠᠭ ᠪᠤᠯᠤᠭ᠍ᠰᠠᠨ ᠢ᠋ ᠪᠢ ᠤᠯᠠᠨᠲᠠ ᠰᠤᠨᠤᠰᠤᠯ᠎ᠠ᠃ ᠤᠯᠤᠰ ᠤ᠋ᠨ ᠳᠡᠰ ᠤ᠋ᠨ ᠲᠤᠮᠤ ᠲᠤᠮᠤ ᠠᠵᠤ ᠠᠬᠤᠢᠯᠠᠯ ᠠᠳᠡ ᠨᠤᠲᠤᠭ᠍ᠰᠢᠨ ᠰᠠᠭᠤᠵᠤ᠂ ᠪᠦᠬᠦ᠌ ᠤᠯᠤᠰ ᠤ᠋ᠨ ᠡᠯ᠎ᠡ ᠭᠠᠵᠠᠷ ᠤ᠋ᠨ ᠬᠦᠮᠦᠰ ᠲᠤᠭ ᠢ᠋ ᠵᠤᠷᠢᠨ ᠢᠷᠡᠵᠤ᠂ ᠡᠨᠡ ᠭᠠᠵᠠᠷ ᠢ᠋ ᠪᠦᠲᠦᠭᠡᠨ ᠪᠠᠢᠭᠤᠯᠤᠨ ᠠᠷᠠᠯᠵᠢᠶ᠎ᠠ ᠮᠠᠢᠮᠠᠢ ᠬᠢᠨ᠎ᠡ᠃ ᠢᠩᠬᠢᠭᠡᠳ ᠲᠤᠭ ᠤ᠋ᠨ ᠬᠦᠮᠦᠨ ᠠᠮᠠ ᠲᠡᠬᠢᠨ ᠲᠠᠬᠢᠨ ᠵᠢᠡᠷ ᠨᠡᠮᠡᠭ᠌ᠳᠡᠨ᠂ ᠠᠰᠠᠷ ᠪᠠᠷᠢᠯᠭ᠎ᠠ ᠬᠤᠢᠨ᠎ᠠ ᠬᠤᠢᠨ᠎ᠠ ᠡᠴᠡ ᠪᠠᠨ ᠰᠦᠨᠳᠡᠷᠯᠡᠨ ᠪᠤᠰᠤᠨ᠎ᠠ᠃ ᠲᠤᠭ ᠪᠠᠯᠭᠠᠰᠤ ᠵᠢᠨ ᠠᠵᠠᠲᠠᠢ ᠨᠠᠢᠬᠡᠮ ᠲᠤᠭᠤᠷᠢᠭ ᠤ᠋ᠨ ᠤᠮᠠᠷᠠᠲᠤ ᠬᠢᠯᠢ ᠵᠢᠨ ᠰᠤᠶᠤᠯ ᠤ᠋ᠨ ᠪᠠᠢᠭᠤᠯᠤᠯᠲᠠ ᠵᠢᠨ ᠱᠢᠷ᠎ᠠ ᠤᠯᠠᠭᠠᠨ ᠦᠩᠭᠡᠲᠦ ᠬᠤᠶᠠᠷ ᠲᠠᠪᠬᠤᠷ ᠬᠠᠭᠠᠰ ᠠᠰᠠᠷ ᠲᠦ᠍ ᠶᠡᠭᠡ ᠪᠠᠭ᠎ᠠ ᠠᠷᠪᠠᠭᠠᠳ ᠨᠤᠮ ᠤ᠋ᠨ ᠰᠠᠩ᠂ ᠮᠦᠽᠸᠢ᠂ ᠲᠡᠯᠭᠡᠨ ᠦᠵᠡᠭᠦᠯᠬᠦ᠌ ᠦᠷᠦᠭᠡ ᠲᠦᠪᠯᠡᠷᠡᠵᠤ᠌᠂ ᠦᠪᠡᠷ ᠦᠪᠡᠷ ᠤ᠋ᠨ ᠠᠭᠤᠯᠭ᠎ᠠ ᠬᠡᠯᠪᠡᠷᠢ ᠤᠨᠴᠠᠯᠢᠭ ᠵᠢᠡᠷ ᠵᠢᠡᠨ ᠦᠩᠭᠡ ᠢᠯᠭᠠᠷᠠᠨ᠎ᠠ᠃ ᠪᠢ ᠰᠤᠷᠪᠤᠯᠵᠢᠯᠠᠭ᠍ᠴᠢ ᠵᠢᠨ ᠠᠵᠢᠯ ᠵᠢᠡᠷ ᠪᠦᠬᠦ᠌ ᠤᠷᠤᠨ ᠤ᠋ ᠠᠷᠪᠢᠨ ᠭᠠᠵᠠᠷ ᠵᠢᠡᠷ ᠶᠠᠪᠤᠵᠤ ᠪᠠᠢᠬᠤ᠎ᠳᠠᠭᠠᠨ ᠭᠠᠴᠠᠭᠠᠨ ᠤ᠋ ᠲᠡᠰ ᠤ᠋ᠨ ᠡᠢᠮᠤ ᠲᠤᠮᠤ ᠰᠤᠶᠤᠯ ᠤ᠋ᠨ ᠲᠦᠪᠯᠡᠷᠡᠭ᠌ᠰᠡᠨ ᠦᠢᠯᠡᠴᠢᠯᠡᠭᠡᠨ ᠤ᠋ ᠭᠠᠵᠠᠷ ᠢ᠋ ᠤᠯᠵᠤ ᠦᠵᠡᠭᠡ ᠦᠭᠡᠢ᠃ ᠠᠵᠠᠲᠠᠢ ᠨᠡᠢᠬᠡᠮ ᠲᠤᠭᠤᠷᠢᠭ ᠨᠢ ᠨᠠᠮ ᠵᠠᠰᠠᠭ ᠤ᠋ᠨ ᠵᠢᠡᠨ ᠲᠡᠮᠵᠢᠯᠭᠡ ᠪᠠᠷ ᠪᠦᠬᠦ᠌ ᠬᠤᠲᠠ ᠲᠠᠷᠡᠴᠢᠯᠡᠨ ᠪᠦᠬᠦ᠌ ᠤᠷᠤᠨ ᠳ᠋ᠠᠭᠠᠨ ᠠᠯᠳᠠᠷ ᠨᠡᠷ᠎ᠡ ᠲᠠᠢ ᠶᠠᠪᠤᠭ᠎ᠠ ᠨᠢ ᠦᠨᠡᠭᠡᠷ ᠠᠵᠠ᠎ᠲᠠᠢ᠃ ᠠᠵᠠᠲᠠᠢ ᠨᠡᠢᠬᠡᠮ ᠲᠤᠭᠤᠷᠢᠭ ᠲᠦ᠍ ᠠᠮᠢᠳᠤᠷᠠᠭ᠎ᠠ ᠬᠦᠮᠦᠰ ᠤ᠋ᠨ ᠦᠪᠡᠷ ᠤ᠋ᠨ ᠤᠷᠤᠱᠢᠨ ᠠᠮᠢᠳᠤᠷᠠᠭ᠎ᠠ ᠤᠷᠴᠢᠨ ᠲᠤᠭᠤᠷᠢᠨ ᠵᠢᠡᠨ ᠪᠦᠲᠦᠭᠡᠨ ᠪᠠᠢᠭᠤᠯᠬᠤ ᠤᠷᠭᠢᠯᠤᠮ᠎ᠠ ᠬᠠᠯᠠᠭᠤᠨ ᠵᠤᠷᠢᠭ᠂ ᠥᠭ᠌ᠭᠢᠶᠡᠮᠦᠷ ᠰᠠᠢᠬᠠᠨ ᠰᠡᠳᠭᠢᠯ ᠨᠡᠩ ᠴᠤ᠌ ᠪᠠᠭ᠍ᠠᠷᠬᠠᠯ᠎ᠲᠠᠢ᠃ ᠡᠨᠡ ᠤᠴᠢᠷ ᠢ᠋ ᠤᠯᠠᠨ ᠨᠡᠢᠲᠡ ᠳ᠋ᠤ ᠰᠤᠷᠲᠠᠯᠴᠢᠯᠠᠬᠤ ᠵᠣᠷᠢᠯᠭ᠎ᠠ ᠪᠠᠷ ᠪᠢ ᠠᠵᠠᠲᠠᠢ ᠨᠡᠢᠬᠡᠮ ᠲᠤᠭᠤᠷᠢᠭ ᠤ᠋ᠨ ᠡᠭᠦᠳᠡ ᠵᠢ ᠠᠯᠬᠤᠭ᠍ᠰᠠᠨ ᠶᠤᠮ᠃

ᠨᠢᠭᠡ᠂ ᠤᠬᠠᠭᠠᠨᠲᠠᠨ ᠮᠡᠷᠭᠡᠳ ᠤᠯᠠᠮ ᠮᠡᠷᠭᠡᠵᠢᠬᠦ᠌ ᠵᠢᠨ ᠲᠤᠯᠠ ᠨᠣᠮ ᠰᠤᠳᠤᠷ ᠢ᠋ ᠴᠤᠭ᠍ᠯᠠᠭᠤᠯᠬᠤ

2024 ᠣᠨ ᠤ᠋ 5 ᠰᠠᠷ᠎ᠠ ᠵᠢᠨ 26  ᠤ᠋ ᠡᠳᠦᠷ᠂ ᠦᠤᠱᠢᠨ ᠬᠤᠱᠢᠭᠤᠨ ᠤ᠋ ᠲᠤᠭ ᠪᠠᠯᠭᠠᠰᠣ ᠵᠢᠨ ᠠᠵᠠᠲᠠᠢ ᠨᠡᠢᠬᠡᠮ ᠲᠤᠭᠤᠷᠢᠭ ᠲᠦ᠍ ᠱᠠᠨᠰᠢ ᠮᠤᠵᠢ ᠵᠢᠨ ᠲᠡᠮᠡᠭᠡᠲᠦ ᠬᠤᠲᠠ ᠵᠢᠨ ᠰᠠᠢᠨᠲᠤᠷ᠎ᠠ᠂ ᠹᠦ᠋ ᠭᠦ᠋ ᠪᠤᠯᠤᠨ ᠨᠢᠩᠱᠢᠶᠠ ᠵᠢᠨ ᠴᠠᠭᠠᠨ ᠬᠡᠷᠡᠮ ᠤ᠋ᠨ ᠰᠤᠶᠤᠯ ᠤ᠋ᠨ ᠰᠤᠳᠤᠯᠭᠠᠨ ᠤ᠋ ᠨᠡᠢᠬᠡᠮᠯᠢᠭ ᠡᠴᠡ ᠢᠷᠡᠭ᠌ᠰᠡᠨ ᠵᠤᠬᠢᠶᠠᠯᠴᠢ᠂ ᠤᠷᠤᠨ ᠨᠤᠲᠤᠭ ᠤ᠋ᠨ ᠲᠡᠤᠬᠡ ᠰᠤᠶᠤᠯ ᠵᠠᠩ ᠦᠢᠯᠡ ᠰᠤᠳᠤᠯᠤᠭ᠍ᠴᠢᠳ᠂ ᠠᠶᠠᠯᠠᠯ ᠵᠢᠭᠤᠯᠴᠢᠯᠠᠯ ᠬᠢᠭ᠌ᠴᠢᠳ ᠬᠤᠷᠠᠨ ᠴᠤᠭ᠍ᠯᠠᠷᠠᠵᠤ᠌᠂ ᠦᠪᠦᠷ ᠮᠤᠩᠭᠤᠯ᠂ ᠱᠠᠨᠰᠢ ᠪᠤᠯᠤᠨ ᠨᠢᠩᠱᠢᠶᠠ ᠵᠡᠷᠭᠡ ᠭᠤᠷᠪᠠᠨ ᠤᠷᠤᠨ ᠤ᠋ ᠰᠤᠶᠤᠯ ᠤ᠋ᠨ ᠰᠤᠯᠢᠯᠴᠠᠭᠠᠨ ᠤ᠋ ᠡᠭᠡᠯᠵᠢᠲᠦ ᠬᠤᠷᠠᠯ ᠵᠢᠡᠨ ᠬᠢᠵᠤ ᠪᠠᠢᠯ᠎ᠠ᠃ ᠲᠡᠳᠡᠨ ᠤ᠋ ᠶᠠᠷᠢᠭ᠍ᠰᠠᠨ ᠵᠦᠢᠯ ᠲᠤᠲᠤᠷ᠎ᠠ ᠰᠤᠶᠤᠯ ᠤ᠋ᠨ ᠲᠠᠯ᠎ᠠ ᠵᠢᠨ ᠮᠠᠰᠢ ᠤᠯᠠᠨ ᠮᠡᠳᠡᠭᠡ ᠴᠢᠮᠡᠭᠡ ᠠᠭᠤᠯᠤᠭ᠍ᠳᠠᠵᠤ ᠪᠠᠢᠭ᠎ᠠ ᠵᠢ ᠪᠢ ᠰᠡᠷᠡᠨ ᠮᠡᠳᠡᠵᠤ᠂ ᠮᠠᠯᠵᠢᠬᠤ ᠲᠠᠷᠢᠶᠠᠯᠠᠬᠤ ᠬᠤᠶᠠᠷ ᠰᠤᠶᠤᠯ ᠤ᠋ᠨ ᠨᠦᠯᠦᠭᠡᠨ ᠳᠤᠤᠷ᠎ᠠ ᠬᠤᠶᠠᠷ ᠣᠷᠣᠨ ᠤ᠋ ᠠᠷᠠᠳ ᠲᠦᠮᠡᠨ ᠤ᠋ ᠠᠵᠤ ᠠᠮᠢᠳᠤᠷᠠᠯ ᠴᠤ᠌ ᠳᠠᠭᠠᠯᠳᠤᠨ ᠬᠤᠪᠢᠷᠠᠭ᠍ᠰᠠᠭᠠᠷ ᠢᠷᠡᠭ᠌ᠰᠡᠨ ᠢ᠋ ᠤᠢᠯᠠᠭᠠᠭ᠍ᠰᠠᠨ ᠶᠤᠮ᠃ ᠡᠨᠡ ᠲᠤᠬᠠᠢ ᠦᠪᠦᠷ ᠮᠤᠩᠭᠤᠯ ᠤᠷᠤᠨ ᠤ᠋ ᠵᠠᠭᠤᠴᠢᠯᠠᠭᠤᠷ ᠤ᠋ᠨ ᠪᠠᠢᠭᠤᠯᠤᠮᠵᠢ ᠴᠤ᠌ ᠠᠩᠬᠠᠷᠤᠯ ᠳ᠋ᠠᠭᠠᠨ ᠠᠪᠤᠭ᠍ᠰᠠᠭᠠᠷ ᠢᠷᠡᠭ᠌ᠰᠡᠨ ᠢ᠋ ᠲᠡᠳᠡᠨ ᠳ᠋ᠤ ᠤᠢᠯᠠᠭᠠᠭᠤᠯᠬᠤ ᠭᠡᠵᠤ᠂ ᠬᠡᠳᠦᠨ ᠵᠢᠯ ᠤ᠋ᠨ ᠡᠮᠦᠨ᠎ᠡ ᠪᠢ ᠦᠪᠦᠷ ᠮᠤᠩᠭᠤᠯ ᠤ᠋ᠨ ᠲᠧᠯᠸᠢᠰ ᠬᠤᠷᠢᠶᠠᠨ ᠤ᠋ 《ᠰᠤᠶᠤᠯ ᠡᠷᠳᠡᠨᠢ》ᠳᠡᠯᠭᠡᠴᠡ ᠵᠢᠨ᠎ᠬᠢᠨ ᠢ᠋ ᠳᠠᠭᠠᠭᠤᠯᠤᠭᠠᠳ ᠱᠠᠨᠰᠢ᠂ ᠱᠠᠨ ᠰᠢ ᠪᠤᠯᠤᠨ ᠦᠪᠦᠷ ᠮᠤᠩᠭᠤᠯ ᠤ᠋ᠨ ᠵᠡᠭᠦᠨᠭᠠᠷ ᠬᠤᠱᠢᠭᠤᠨ ᠤ᠋ ᠡᠮᠦᠨ᠎ᠡ ᠭᠡᠰᠡᠭ ᠤ᠋ᠨ ᠠᠭᠤᠯᠵᠠᠷ᠂ ᠬᠠᠲᠤᠨ ᠭᠤᠣᠯ ᠤ᠋ᠨ ᠪᠠᠷᠠᠭᠤᠨ ᠡᠷᠭᠢ ᠡᠴᠡ ᠡᠬᠢᠯᠡᠬᠦ᠌ ᠨᠤᠮᠤᠨ ᠤ᠋ ᠬᠦᠪᠴᠢ ᠵᠢᠨ ᠬᠡᠯᠪᠡᠷᠢ ᠲᠠᠢ ᠮᠢᠩ ᠤ᠋ᠨ ᠴᠠᠭᠠᠨ ᠬᠡᠷᠡᠮ ᠢ᠋ ᠳᠠᠭᠠᠵᠤ᠂ ᠨᠢᠩᠱᠢᠶᠠ ᠵᠢᠨ ᠬᠢᠵᠠᠭᠠᠷ ᠲᠡᠬᠢ ᠢᠯᠲᠦᠷᠬᠡᠢ ᠬᠤᠲᠠᠨ ᠳ᠋ᠤ ᠬᠦᠷᠲᠡᠯ᠎ᠡ ᠠᠶᠠᠯᠠᠨ᠂ ᠴᠠᠭᠠᠨ ᠬᠡᠷᠡᠮ ᠳᠠᠭᠠᠤ ᠪᠠᠢᠭ᠎ᠠ 30 ᠭᠠᠷᠤᠢ ᠡᠷᠲᠡᠨ ᠤ᠋ ᠴᠠᠢᠵᠠ ᠬᠤᠲᠠ ᠵᠢ ᠰᠡᠭᠦᠳᠡᠷᠯᠡᠵᠤ ᠶᠠᠪᠤᠭ᠍ᠰᠠᠨ ᠦᠩᠭᠡᠷᠡᠯᠲᠡ ᠪᠠᠨ ᠶᠠᠷᠢᠪᠠ᠃ ᠴᠠᠭᠠᠨ ᠬᠡᠷᠡᠮ ᠢ᠋ ᠳᠠᠭᠠᠵᠤ ᠰᠡᠭᠦᠳᠡᠷᠯᠡᠬᠦ᠌ ᠳᠤᠮᠳᠠ ᠡᠨᠡ ᠤᠳᠠᠭ᠎ᠠ ᠵᠢᠨ ᠬᠤᠷᠠᠯ ᠳ᠋ᠤ ᠤᠷᠤᠯᠴᠠᠵᠤ ᠪᠠᠢᠭ᠎ᠠ ᠪᠠᠶᠠᠨᠵᠢᠷᠭᠠᠯ᠂ ᠮᠠᠱᠢᠪᠢᠯᠢᠭ᠌ ᠵᠡᠷᠭᠡ ᠬᠦᠮᠦᠰ ᠭᠠᠵᠠᠷ ᠤ᠋ᠨ ᠨᠡᠷ᠎ᠡ ᠤᠰᠣ ᠵᠢ ᠵᠦᠪ ᠡᠷᠢᠵᠤ ᠣᠯᠬᠤ ᠲᠠᠯ᠎ᠠ ᠪᠠᠷ ᠮᠠᠰᠢ ᠶᠡᠭᠡ ᠳᠡᠮᠵᠢᠯᠭᠡ ᠦᠵᠡᠭᠦᠯᠦᠭ᠌ᠰᠡᠨ ᠪᠣᠯ᠂ ᠡᠷᠲᠡᠨ ᠤ᠋ ᠨᠣᠮ ᠰᠤᠳᠤᠷ ᠪᠤᠯᠤᠨ ᠲᠣᠯᠢ ᠪᠢᠴᠢᠭ ᠴᠤᠭ᠍ᠯᠠᠭᠤᠯᠤᠭ᠍ᠴᠢ ᠮᠦᠩᠬᠡᠳᠠᠯᠠᠢ ᠭᠤᠸᠠᠢ ᠵᠠᠷᠢᠮ ᠨᠢᠭᠡᠨ ᠭᠠᠵᠠᠷ ᠤᠰᠤᠨ ᠤ᠋ ᠳᠠᠭᠤᠳᠠᠯᠭ᠎ᠠ ᠵᠢᠨ ᠬᠤᠪᠢᠯᠪᠤᠷᠢ ᠵᠢ ᠭᠡᠷᠡᠴᠢᠯᠡᠬᠦ᠌ ᠡᠰᠢ ᠪᠠᠷᠢᠮᠲᠠ ᠵᠢ ᠨᠣᠮ ᠰᠤᠳᠣᠷ ᠤ᠋ᠨ ᠬᠠᠳᠠᠭᠠᠯᠠᠮᠵᠢ ᠡᠴᠡ ᠪᠠᠨ ᠬᠠᠩᠭᠠᠨ ᠥᠭ᠌ᠭᠦᠭ᠌ᠰᠡᠨ ᠪᠢᠯᠡ᠃

ᠬᠡᠳᠦᠨ ᠵᠢᠯ ᠤ᠋ᠨ ᠡᠮᠦᠨ᠎ᠡ ᠪᠢ ᠲᠤᠭ ᠪᠠᠯᠭᠠᠰᠣᠨ ᠳ᠋ᠤ ᠰᠤᠷᠪᠤᠯᠵᠢᠯᠠᠭ᠎ᠠ ᠪᠠᠷ ᠢᠷᠡᠵᠤ ᠮᠦᠩᠬᠡᠳᠠᠯᠠᠢ ᠲᠠᠢ ᠤᠴᠠᠷᠠᠬᠤ ᠳ᠋ᠤ᠂ ᠲᠡᠷᠡ ᠬᠦᠬᠡᠬᠤᠲᠠ ᠡᠴᠡ ᠰᠤᠳᠤᠷ ᠨᠣᠮ ᠵᠢᠡᠨ  ᠵᠦᠭᠡᠭᠡᠵᠤ᠂ ᠠᠵᠠᠲᠠᠢ ᠨᠡᠢᠬᠡᠮ ᠲᠤᠭᠤᠷᠢᠭ ᠲᠦ᠍ ᠢᠷᠡᠭᠡᠳ ᠤᠳᠠᠭᠠᠳᠤᠢ᠂ ᠰᠤᠳᠤᠷ ᠨᠣᠮ ᠵᠢᠡᠨ ᠲᠢᠭ᠌ᠯᠡᠬᠦ᠌ ᠵᠡᠷᠭᠡ ᠶᠡᠭᠡ ᠠᠵᠢᠯ ᠳ᠋ᠤ ᠳᠠᠷᠤᠭ᠍ᠳᠠᠵᠤ ᠪᠠᠢᠭ᠍ᠰᠠᠨ ᠶᠤᠮ᠃ ᠭᠡᠲᠡᠯ᠎ᠡ 2024 ᠣᠨ ᠤ᠋ 2 ᠰᠠᠷ᠎ᠠ ᠵᠢᠨ 26  ᠤ᠋ ᠡᠳᠦᠷ᠂ ᠮᠦᠩᠬᠡᠳᠠᠯᠠᠢ ᠭᠤᠸᠠᠢ ᠨᠣᠮ ᠤ᠋ᠨ ᠤᠴᠢᠷ ᠵᠢᠡᠷ ᠬᠡᠲᠦᠷᠬᠡᠢ ᠶᠠᠳᠠᠷᠠᠨ ᠴᠢᠰᠦᠨ ᠳᠠᠷᠤᠯᠲᠠ ᠦᠨᠳᠦᠷᠵᠢᠭ᠌ᠰᠡᠨ ᠡᠴᠡ ᠪᠤᠯᠤᠭᠠᠳ ᠲᠠᠷᠢᠬᠢᠨ ᠤ᠋ ᠭᠤᠣᠯ ᠰᠤᠳᠠᠰᠣ ᠳᠡᠯᠪᠡᠷᠡᠵᠤ᠌᠂ ᠵᠢᠯ ᠭᠠᠷᠤᠢ ᠡᠪᠡᠳᠴᠢᠨ ᠡᠮᠬᠡᠭ ᠲᠠᠢ ᠲᠡᠮᠡᠴᠡᠯᠳᠦᠭ᠌ᠰᠡᠨ ᠤᠴᠢᠷ ᠡᠭᠦᠰᠴᠠᠢ᠃

2025 ᠣᠨ ᠤ᠋ 6 ᠰᠠᠷ᠎ᠠ ᠵᠢᠨ 9  ᠤ᠋ ᠦᠷᠯᠦᠭᠡ᠂ ᠪᠢ ᠪᠠᠰᠠ ᠨᠢᠭᠡ ᠤᠳᠠᠭ᠎ᠠ ᠦᠤᠱᠢᠨ ᠬᠤᠱᠢᠭᠤᠨ ᠤ᠋ ᠲᠤᠭ ᠪᠠᠯᠭᠠᠰᠣ ᠵᠢᠨ ᠠᠵᠠᠲᠠᠢ ᠨᠡᠢᠬᠡᠮ ᠲᠤᠭᠤᠷᠢᠭ ᠤ᠋ᠨ ᠡᠭᠦᠳᠡ ᠪᠠᠷ ᠠᠯᠬᠤᠨ ᠤᠷᠤᠭᠠᠳ ᠮᠦᠩᠬᠡᠳᠠᠯᠠᠢ ᠭᠤᠸᠠᠢ ᠲᠠᠢ ᠠᠭᠤᠯᠵᠠᠨ ᠰᠤᠷᠪᠤᠯᠵᠢᠯᠠᠭ᠎ᠠ ᠪᠠᠨ ᠡᠬᠢᠯᠡᠭᠦᠯᠦᠭ᠌ᠰᠡᠨ ᠶᠤᠮ᠃ ᠮᠦᠩᠬᠡᠳᠠᠯᠠᠢ ᠭᠤᠸᠠᠢ᠄ 《2019 ᠣᠨ ᠳ᠋ᠤ ᠲᠤᠭ ᠪᠠᠯᠭᠠᠰᠣ ᠵᠢᠨ ᠠᠵᠠᠲᠠᠢ ᠨᠡᠢᠬᠡᠮ ᠲᠤᠭᠤᠷᠢᠭ ᠲᠦ᠍ ᠢᠷᠡᠵᠤ ᠨᠣᠮ ᠰᠤᠳᠤᠷ ᠵᠢᠡᠨ ᠦᠵᠡᠭᠦᠯᠭᠡ ᠵᠢᠨ ᠭᠡᠷ ᠲᠦ᠍ ᠳᠡᠯᠭᠡᠵᠤ ᠲᠤᠬᠢᠷᠠᠭᠤᠯᠬᠤ ᠠᠵᠢᠯ ᠵᠢᠡᠨ ᠡᠬᠢᠯᠡᠭᠦᠯᠦᠭ᠌ᠰᠡᠨ ᠶᠤᠮ ᠁》 ᠭᠡᠳ ᠨᠢᠭᠡᠨ ᠠᠮᠢᠰᠭᠤᠭ᠎ᠠ ᠪᠠᠷ ᠶᠠᠷᠢᠨ᠎ᠠ᠃ ᠮᠦᠩᠬᠡᠳᠠᠯᠠᠢ ᠭᠤᠸᠠᠢ ᠵᠣᠷᠢᠭ ᠲᠠᠢ ᠬᠦᠮᠦᠨ᠂ ᠡᠨᠡ ᠤᠳᠠᠭ᠎ᠠ ᠵᠢᠨ ᠡᠪᠡᠳᠴᠢᠨ ᠢ᠋ ᠴᠤ᠌ ᠡᠷ᠎ᠡ ᠵᠣᠷᠢᠭ ᠵᠢᠡᠷ ᠵᠢᠡᠨ ᠲᠤᠭᠤᠯᠤᠭ᠍ᠰᠠᠨ ᠪᠠᠢᠨ᠎ᠠ ᠭᠡᠵᠤ ᠪᠢ ᠪᠤᠳᠤᠪᠠ᠃

2013 ᠣᠨ ᠤ᠋ ᠡᠬᠢᠨ ᠳ᠋ᠤ ᠡᠬᠢᠯᠡᠭ᠌ᠰᠡᠨ 《ᠰᠤᠶᠤᠯ ᠡᠷᠳᠡᠨᠢ》 ᠳᠡᠯᠭᠡᠴᠡ ᠵᠢᠨ ᠮᠦᠩᠬᠡᠳᠠᠯᠠᠢ ᠭᠤᠸᠠᠢ ᠵᠢᠨ ᠡᠷᠲᠡᠨ ᠤ᠋ ᠨᠣᠮ ᠰᠤᠳᠤᠷ ᠴᠤᠭ᠍ᠯᠠᠭᠤᠯᠬᠤ ᠦᠢᠯᠡ ᠠᠵᠢᠯᠯᠠᠭ᠎ᠠ ᠵᠢ ᠮᠦᠷᠳᠡᠨ ᠰᠡᠭᠦᠳᠡᠷᠯᠡᠬᠦ᠌ ᠠᠶᠠᠯᠠᠯ ᠮᠠᠨᠢ ᠤᠷᠳᠣᠰ ᠬᠤᠲᠠ ᠵᠢᠨ ᠦᠣᠱᠢᠨ ᠬᠤᠱᠢᠭᠤ᠂ ᠤᠲᠤᠭ ᠬᠤᠱᠢᠭᠤ᠂ ᠤᠲᠤᠭ ᠤ᠋ᠨ ᠡᠮᠦᠨᠡᠲᠦ ᠬᠤᠱᠢᠭᠤ ᠪᠤᠯᠤᠨ ᠪᠤᠭᠤᠲᠤ ᠬᠤᠲᠠ ᠵᠡᠷᠭᠡ ᠭᠠᠵᠠᠷ ᠤᠷᠤᠭᠤ ᠵᠢᠯᠣᠭᠤ ᠪᠠᠨ ᠵᠠᠯᠠᠭ᠍ᠰᠠᠨ ᠶᠤᠮ᠃ ᠦᠨᠳᠦᠷ ᠳᠤᠮᠳᠠᠳᠤ ᠪᠠᠨ ᠲᠡᠭᠦᠰᠭᠡᠭ᠌ᠰᠡᠨ ᠤ᠋ ᠳᠠᠷᠠᠭ᠎ᠠ ᠮᠦᠩᠬᠡᠳᠠᠯᠠᠢ ᠭᠤᠸᠠᠢ ᠭᠡᠷ ᠡᠴᠡ ᠭᠠᠷᠴᠤ᠌ ᠭᠦᠴᠦᠨ ᠤ᠋ ᠠᠵᠢᠯ ᠬᠢᠬᠦ᠌ ᠵᠠᠮ ᠢ᠋ ᠰᠤᠩᠭᠤᠨ᠂ ᠬᠦᠬᠡᠬᠤᠲᠠ ᠳ᠋ᠤ ᠢᠷᠡᠭᠡᠳ ᠦᠪᠦᠷ ᠮᠤᠩᠭᠤᠯ ᠤ᠋ᠨ ᠠᠷᠠᠳ ᠤ᠋ᠨ ᠶᠠᠪᠤᠳᠠᠯ ᠤ᠋ᠨ ᠲᠢᠩᠬᠢᠮ ᠡᠴᠡ ᠡᠷᠬᠢᠯᠡᠵᠤ ᠪᠠᠢᠭ᠍ᠰᠠᠨ 《ᠤᠷᠤᠭ ᠭᠡᠷ ᠪᠦᠯᠢ》 ᠰᠡᠳᠭᠦᠯ ᠤ᠋ᠨ ᠡᠭᠦᠳᠡ ᠪᠠᠷ ᠠᠯᠬᠤᠨ ᠤᠷᠤᠵᠤ᠂ ᠰᠡᠳᠭᠦᠯ ᠲᠠᠷᠬᠠᠭᠠᠬᠤ ᠠᠵᠢᠯ ᠢ᠋ ᠳᠠᠭᠠᠭᠠᠨ ᠠᠪᠴᠤ᠌᠂ ᠤᠯᠤᠭ᠍ᠰᠠᠨ ᠵᠤᠭᠤᠰ ᠵᠢᠡᠷ ᠵᠢᠡᠨ ᠨᠣᠮ ᠠᠪᠬᠤ ᠪᠤᠶᠤ ᠨᠣᠮ ᠪᠤᠷᠤᠯᠠᠭᠤᠯᠬᠤ ᠠᠵᠢᠯ ᠢ᠋ ᠬᠢᠵᠠᠢ᠃ ᠡᠭᠦᠨ ᠤ᠋ ᠳᠠᠭᠠᠣ ᠬᠦᠬᠡᠬᠤᠲᠠ ᠵᠢᠨ ᠶᠡᠭᠡ ᠰᠤᠷᠭᠠᠭᠤᠯᠢ ᠵᠠᠮ ᠤ᠋ᠨ 《ᠠᠨᠴᠠᠯ》 ᠭᠡᠬᠦ᠌ ᠨᠣᠮ ᠤ᠋ᠨ ᠳᠡᠯᠭᠡᠭᠦᠷ ᠲᠦ᠍ ᠨᠣᠮ ᠬᠤᠳᠠᠯᠳᠤᠭ᠍ᠴᠢ ᠵᠢᠨ ᠠᠵᠢᠯ ᠢ᠋ ᠬᠢᠵᠣ᠂ ᠰᠡᠭᠦᠯᠡᠷ ᠨᠢ ᠦᠪᠦᠷ ᠮᠤᠩᠭᠤᠯ ᠤ᠋ᠨ ᠤᠳᠭ᠎ᠠ ᠤᠷᠠᠯᠢᠭ ᠤ᠋ᠨ ᠬᠢᠨ ᠤ᠋ ᠬᠤᠯᠪᠤᠭ᠎ᠠ ᠵᠢᠨ 《ᠳᠡᠯᠡᠬᠡᠢ ᠵᠢᠨ ᠤᠳᠭ᠎ᠠ ᠵᠤᠬᠢᠶᠠᠯ》 ᠰᠡᠳᠭᠦᠯ ᠳ᠋ᠤ ᠰᠡᠳᠭᠦᠯ ᠲᠠᠷᠬᠠᠭᠠᠭ᠍ᠴᠢ᠂ ᠰᠡᠳᠭᠦᠯ ᠨᠠᠢᠷᠠᠭᠤᠯᠤᠭ᠍ᠴᠢ ᠵᠢᠨ ᠠᠵᠢᠯ ᠢ᠋ ᠲᠠᠪᠬᠤᠷᠯᠠᠨ ᠬᠢᠵᠠᠢ᠃ ᠠᠶᠠᠯᠠᠯ ᠳᠤᠮᠳᠠ ᠮᠦᠩᠬᠡᠳᠠᠯᠠᠢ ᠭᠤᠸᠠᠢ ᠨᠢᠭᠡᠨᠲᠡ ᠦᠪᠦᠷ ᠮᠤᠩᠭᠤᠯ ᠤᠷᠣᠨ ᠤ᠋ ᠠᠩᠬᠠᠳᠠᠭ᠍ᠴᠢ 《ᠠᠷᠪᠠᠨ ᠶᠡᠭᠡ ᠨᠣᠮ ᠰᠤᠳᠤᠷ ᠴᠤᠭ᠍ᠯᠠᠭᠤᠯᠤᠭ᠍ᠴᠢ》 ᠵᠢᠨ ᠨᠢᠭᠡ ᠭᠡᠬᠦ᠌ ᠢᠷᠠᠭᠤ ᠠᠯᠳᠠᠷ ᠢ᠋ ᠬᠦᠷᠲᠡᠵᠣ᠂ ᠡᠷᠲᠡᠨ ᠤ᠋ ᠨᠣᠮ ᠪᠢᠴᠢᠭ ᠪᠤᠯᠤᠨ ᠮᠠᠲ᠋ᠧᠷᠢᠶᠠᠯ ᠰᠠᠯᠳᠠ ᠴᠤᠭ᠍ᠯᠠᠭᠤᠯᠤᠭ᠍ᠰᠠᠨ ᠤ᠋ ᠰᠠᠭᠤᠷᠢᠨ ᠳᠡᠭᠡᠷ᠎ᠡ ᠦᠪᠡᠷ ᠵᠢᠡᠨ ᠭᠤᠤᠯᠯᠠᠬᠤ ᠪᠤᠶᠤ ᠪᠤᠰᠤᠳ ᠲᠠᠢ ᠬᠠᠮᠲᠤᠷᠠᠨ 《ᠬᠤᠨᠵᠢᠨ ᠲᠡᠪᠲᠡᠷ ᠤᠷᠤᠱᠢᠪᠠᠢ》᠂《ᠬᠤᠲᠤᠭ᠍ᠲᠠᠢ ᠰᠡᠴᠡᠨ ᠰᠤᠳᠤᠯᠤᠯ ᠤ᠋ᠨ ᠱᠢᠯᠢᠮᠡᠯ ᠥᠭᠦᠯᠡᠯ》᠂ 《ᠰᠠᠭᠠᠩ ᠰᠡᠴᠡᠨ ᠰᠤᠳᠤᠯᠤᠯ ᠤ᠋ᠨ ᠱᠢᠯᠢᠮᠡᠯ ᠥᠭᠦᠯᠡᠯ》᠂ 《ᠬᠤᠲᠤᠭ᠍ᠲᠠᠢ ᠰᠡᠴᠡᠨ ᠬᠤᠩ ᠲᠠᠢᠵᠢ ᠵᠢᠨ ᠨᠡᠢᠲᠡᠯᠡᠭ᠌ᠰᠡᠨ〈ᠠᠷᠪᠠᠨ ᠪᠤᠶᠠᠨᠲᠤ ᠨᠣᠮ ᠤ᠋ᠨ ᠴᠠᠭᠠᠵᠠ〉》᠂ 《ᠤᠷᠳᠣᠰ ᠤ᠋ᠨ ᠮᠤᠩᠭᠤᠯ ᠳᠠᠩᠰᠠ ᠡᠪᠬᠡᠮᠡᠯ ᠤ᠋ᠨ ᠡᠮᠬᠢᠳᠭᠡᠯ》᠂ 《ᠬᠤᠲᠤᠭ᠍ᠲᠠᠢ ᠰᠡᠴᠡᠨ ᠬᠤᠩ ᠨᠤᠶᠠᠨ ᠤ᠋ ᠦᠨᠳᠦᠰᠦᠯᠡᠯ ᠤ᠋ᠨ ᠴᠠᠳᠢᠭ ᠭᠡᠭᠡᠨ ᠲᠣᠯᠢ ᠬᠡᠮᠡᠬᠦ᠌ ᠰᠤᠳᠤᠷ ᠤᠷᠤᠱᠢᠪᠠᠢ》᠂ 《ᠲᠡᠤᠬᠡᠨ ᠰᠤᠷᠪᠤᠯᠵᠢ ᠳ᠋ᠠᠬᠢ ᠬᠤᠲᠤᠭ᠍ᠲᠠᠢ ᠰᠡᠴᠡᠨ ᠬᠤᠩ ᠲᠠᠢᠵᠢ ᠵᠢᠨ ᠲᠤᠬᠠᠢ ᠲᠡᠮᠲᠡᠭ᠌ᠯᠡᠯ ᠤ᠋ᠳ》 ᠵᠡᠷᠭᠡ ᠣᠯᠳᠠᠪᠤᠷᠢ ᠵᠢ ᠬᠠᠷᠢᠯᠴᠠᠨ ᠲᠤᠯᠭᠠᠨ ᠬᠢᠨᠠᠵᠤ ᠪᠠᠢᠭᠠᠳ ᠨᠣᠮ ᠪᠣᠯᠭᠠᠨ ᠬᠡᠪᠯᠡᠭᠦᠯᠦᠭ᠌ᠰᠡᠨ ᠪᠠᠢᠪᠠ᠃

ᠠᠷᠪᠠᠭᠠᠳ ᠵᠢᠯ ᠤ᠋ᠨ ᠡᠮᠦᠨ᠎ᠡ ᠬᠦᠬᠡᠬᠤᠲᠠ ᠳ᠋ᠤ ᠮᠦᠩᠬᠡᠳᠠᠯᠠᠢ ᠭᠤᠸᠠᠢ ᠲᠠᠢ ᠠᠩᠬ᠎ᠠ ᠵᠣᠯᠭᠠᠵᠤ᠂ ᠪᠠᠷᠢᠮᠲᠠᠲᠤ ᠹᠢᠯᠢᠮ ᠦᠢᠯᠡᠳᠴᠤ᠌ ᠡᠬᠢᠯᠡᠬᠦ᠌ ᠵᠢᠨ ᠦᠶᠡᠰ ᠵᠢᠡᠷ ᠲᠡᠳᠡᠨ ᠤ᠋ ᠭᠡᠷ ᠵᠢᠡᠷ ᠭᠦᠷᠴᠤ᠌ ᠪᠠᠢᠬᠤ ᠳ᠋ᠤ᠂ ᠲᠦᠷᠢᠶᠡᠰᠦᠨ ᠭᠡᠷ ᠤ᠋ᠨ ᠵᠢᠡᠨ ᠨᠢᠭᠡ ᠳᠠᠰᠤᠯᠭ᠎ᠠ ᠳ᠋ᠤ ᠨᠣᠮ ᠤᠪᠤᠭᠠᠯᠠᠭᠠᠳ ᠳᠦᠭᠦᠷᠭᠡᠵᠤ᠂ ᠡᠭᠦᠨ ᠡᠴᠡ ᠭᠠᠳᠠᠨ᠎ᠠ ᠪᠠᠰᠠ ᠨᠢᠭᠡᠨ ᠮᠠᠱᠢᠨ ᠲᠡᠷᠭᠡ ᠵᠤᠭ᠍ᠰᠤᠭᠠᠬᠤ ᠭᠠᠵᠠᠷ ᠢ᠋ ᠡᠳ᠋ ᠪᠤᠳᠠᠰ ᠬᠤᠷᠢᠶᠠᠬᠤ ᠪᠠᠷ ᠦᠭᠡᠷᠡᠴᠢᠯᠡᠨ ᠵᠠᠰᠠᠭ᠍ᠰᠠᠨ ᠳᠠᠰᠤᠯᠭ᠎ᠠ ᠵᠢ ᠲᠦᠷᠢᠶᠡᠰᠦᠯᠡᠨ ᠠᠪᠤᠭᠠᠳ ᠳᠦᠪ ᠳᠦᠭᠦᠷᠡᠩ ᠨᠣᠮ ᠬᠠᠳᠠᠭᠠᠯᠠᠭᠠᠳ ᠪᠠᠢᠭ᠍ᠰᠠᠨ ᠢ᠋ ᠪᠤᠳᠤᠵᠤ ᠣᠯᠪᠠ᠃ ᠬᠦᠬᠡᠬᠤᠲᠠ ᠳ᠋ᠤ ᠲᠡᠷᠡ ᠡᠳᠡᠭᠡᠷ ᠨᠣᠮ ᠵᠢᠡᠨ ᠳᠡᠯᠭᠡᠨ ᠲᠠᠯᠪᠢᠬᠤ ᠨᠦᠬᠦᠴᠡᠯ ᠪᠣᠯᠣᠮᠵᠢ ᠪᠠᠢᠭ᠎ᠠ ᠦᠭᠡᠢ᠂ ᠬᠡᠷᠪᠡ ᠡᠢᠮᠦ᠍ ᠨᠢᠭᠡᠨ ᠭᠠᠵᠠᠷ ᠣᠯᠵᠤ ᠪᠦᠬᠦᠢᠯᠡ ᠨᠣᠮ ᠵᠢᠡᠨ ᠳᠡᠯᠭᠡᠶ᠎ᠡ ᠭᠡᠬᠦ᠌ ᠳ᠋ᠤ ᠬᠦᠷᠪᠡᠯ᠂ ᠬᠡᠳᠦᠢ ᠶᠡᠭᠡ ᠭᠡᠷ ᠬᠦᠯᠦᠰᠦᠯᠡᠨ ᠠᠪᠴᠤ᠌᠂ ᠬᠡᠳᠦᠢ ᠭᠡᠭ᠌ᠴᠢ ᠮᠦᠩᠭᠦ᠌ ᠳᠤᠱᠢᠶᠠᠬᠤ ᠵᠢ ᠳᠦᠰᠦᠭᠡᠯᠡᠬᠦ᠌ ᠵᠢᠨ ᠠᠷᠭ᠎ᠠ ᠦᠭᠡᠢ ᠪᠠᠢᠪᠠ᠃ ᠬᠠᠷᠢᠨ ᠡᠨᠡ ᠪᠣᠯᠣᠮᠵᠢ ᠵᠢ ᠲᠡᠭᠦᠨ ᠤ᠋ ᠲᠦᠷᠦᠭ᠌ᠰᠡᠨ ᠨᠣᠲᠤᠭ ᠤ᠋ᠨ ᠨᠠᠮ ᠵᠠᠰᠠᠭ ᠤ᠋ᠨ ᠤᠳᠤᠷᠢᠳᠤᠯᠭ᠎ᠠ ᠡᠴᠡ ᠪᠦᠷᠢᠯᠳᠦᠭᠦᠯᠦᠨ ᠥᠭ᠌ᠴᠡᠢ᠃

ᠮᠦᠩᠬᠡᠳᠠᠯᠠᠢ ᠭᠤᠸᠠᠢ ᠵᠢᠨ ᠶᠠᠷᠢᠬᠤ ᠪᠠᠷ᠂ 2019 ᠣᠨ ᠤ᠋ 4 ᠰᠠᠷ᠎ᠠ ᠡᠴᠡ ᠬᠦᠬᠡᠬᠤᠲᠠ ᠳ᠋ᠤ ᠪᠠᠢᠭ᠎ᠠ ᠨᠣᠮ ᠰᠤᠳᠤᠷ ᠵᠢᠡᠨ ᠲᠤᠭ ᠪᠠᠯᠭᠠᠰᠤ ᠤᠷᠤᠭᠤ ᠵᠦᠭᠡᠭᠡᠵᠤ ᠡᠬᠢᠯᠡᠭᠡᠳ ᠪᠠᠷᠤᠭ 36 ᠲᠤᠨ ᠪᠤᠶᠤ 5 ᠲᠦᠮᠡ ᠭᠠᠷᠤᠢ ᠨᠣᠮ ᠰᠤᠳᠤᠷ ᠢ᠋ ᠲᠡᠭᠡᠭᠡᠵᠤ ᠠᠪᠴᠢᠷᠠᠭ᠍ᠰᠠᠨ ᠭᠡᠨ᠎ᠡ᠃ ᠡᠢᠮᠦ᠍ ᠠᠷᠪᠢᠨ ᠨᠣᠮ ᠢ᠋ ᠠᠵᠠᠲᠠᠢ ᠨᠡᠢᠬᠡᠮ ᠲᠤᠭᠤᠷᠢᠭ ᠤ᠋ᠨ ᠠᠯᠪᠠᠨ ᠠᠰᠠᠷ ᠲᠦ᠍ ᠶᠠᠭᠠᠬᠢᠵᠤ ᠲᠦᠷᠥᠯ ᠬᠤᠪᠢᠶᠠᠨ ᠡᠪᠯᠢᠭ ᠰᠠᠢᠬᠠᠨ ᠳᠡᠯᠭᠡᠨ ᠦᠵᠡᠭᠦᠯᠬᠦ᠌ ᠪᠤᠢ? ᠡᠬᠢᠯᠡᠭᠡᠳ ᠠᠵᠠᠲᠠᠢ ᠨᠡᠢᠬᠡᠮ ᠲᠤᠭᠤᠷᠢᠭ ᠤ᠋ᠨ ᠬᠢᠨ ᠠᠯᠪᠠᠨ ᠠᠰᠠᠷ ᠤ᠋ᠨ ᠵᠢᠡᠨ ᠬᠤᠶᠠᠳᠤᠭᠠᠷ ᠲᠠᠪᠬᠤᠷᠯᠢᠭ ᠲᠦ᠍ 138 ᠲᠡᠭ᠌ᠰᠢ ᠳᠦᠷᠪᠡᠯᠵᠢᠨ ᠮᠧᠲᠷ ᠤ᠋ᠨ ᠲᠠᠯᠠᠪᠠᠢ ᠪᠦᠬᠦᠢ ᠭᠠᠵᠠᠷ ᠢ᠋ ᠰᠤᠯᠠᠯᠠᠨ ᠥᠭ᠌ᠴᠦ᠂ ᠨᠣᠮ ᠤ᠋ᠨ ᠲᠠᠯᠪᠢᠭᠤᠷ᠂ ᠬᠤᠷᠭᠤ ᠵᠡᠷᠭᠡ ᠵᠢ ᠪᠡᠯᠡᠳᠭᠡᠨ ᠥᠭ᠌ᠭᠦᠭᠡᠳ ᠲᠣᠯᠢ ᠪᠢᠴᠢᠭ ᠤ᠋ᠨ ᠳᠡᠯᠭᠡᠨ ᠦᠵᠡᠭᠦᠯᠭᠡ ᠵᠢᠨ ᠦᠷᠭᠦᠭᠡ ᠪᠣᠯᠭᠠᠵᠠᠢ᠃ ᠮᠦᠩᠬᠡᠳᠠᠯᠠᠢ ᠭᠤᠸᠠᠢ ᠠᠳᠡ ᠳᠤᠰᠤᠨ ᠳᠠᠷᠤᠮᠠᠯ᠂ ᠭᠠᠷ ᠪᠢᠴᠢᠮᠡᠯ᠂ ᠮᠣᠳᠣᠨ᠎ᠪᠠᠷ᠂ ᠲᠤᠭᠤᠯᠭᠠᠨ᠎ᠪᠠᠷ ᠁ ᠵᠡᠷᠭᠡ ᠪᠠᠷ ᠪᠢᠴᠢᠭ᠌ᠳᠡᠭ᠌ᠰᠡᠨ 4000 ᠭᠠᠷᠤᠢ ᠲᠣᠯᠢ ᠪᠢᠴᠢᠭ ᠢ᠋ ᠨᠢᠭᠡ ᠦᠷᠦᠭᠡᠨ ᠳ᠋ᠤ ᠪᠠᠭ᠍ᠲᠠᠯ ᠦᠭᠡᠢ ᠵᠢ ᠬᠤᠶᠠᠷ ᠦᠷᠭᠦᠭᠡ ᠪᠣᠯᠭᠠᠵᠤ ᠲᠦᠷᠥᠯ ᠬᠤᠪᠢᠶᠠᠨ ᠳᠡᠯᠭᠡᠨ ᠦᠵᠡᠭᠦᠯᠬᠦ᠌ ᠳ᠋ᠤ ᠪᠡᠯᠡᠳᠭᠡᠵᠠᠢ᠃ ᠡᠳᠡᠭᠡᠷ ᠲᠣᠯᠢ ᠪᠢᠴᠢᠭ ᠲᠤᠲᠤᠷ᠎ᠠ ᠣᠷᠣᠰ᠂ ᠮᠤᠩᠭᠤᠯ᠂ ᠶᠠᠫᠤᠨ᠂ ᠭᠧᠷᠮᠠᠨ᠂ ᠠᠮᠧᠷᠢᠺᠠ ᠵᠡᠷᠭᠡ ᠣᠯᠣᠰ ᠤᠷᠤᠨ ᠡᠴᠡ ᠴᠤᠭ᠍ᠯᠠᠭᠤᠯᠤᠭ᠍ᠰᠠᠨ 22 ᠣᠯᠣᠰ ᠪᠠ ᠭᠠᠵᠠᠷ ᠤᠷᠤᠨ ᠤ᠋ 44 ᠬᠡᠯᠡᠨ ᠤ᠋ ᠲᠣᠯᠢ ᠪᠢᠴᠢᠭ ᠪᠠᠭ᠍ᠲᠠᠵᠤ ᠪᠤᠢ᠃ ᠵᠠᠯᠭᠠᠭᠠᠳ ᠨᠡᠢᠬᠡᠮ ᠲᠤᠭᠤᠷᠢᠭ ᠤ᠋ᠨ ᠠᠯᠪᠠᠨ ᠠᠰᠠᠷ ᠤ᠋ᠨ ᠬᠤᠶᠠᠳᠤᠭᠠᠷ ᠭᠤᠷᠪᠠᠳᠤᠭᠠᠷ ᠲᠠᠪᠬᠤᠷᠯᠢᠭ ᠲᠦ᠍ ᠪᠠᠰᠠ 600 ᠭᠠᠷᠤᠢ ᠲᠡᠭ᠌ᠰᠢ ᠳᠦᠷᠪᠡᠯᠵᠢᠨ ᠮᠧᠲᠷ ᠤ᠋ᠨ ᠲᠠᠯᠠᠪᠠᠢ ᠪᠦᠬᠦᠢ ᠭᠡᠷ ᠢ᠋ ᠣᠯᠵᠤ᠂ ᠦᠤᠱᠢᠨ ᠬᠤᠱᠢᠭᠤᠨ ᠤ᠋ ᠨᠠᠮ ᠵᠠᠰᠠᠭ ᠡᠴᠡ ᠠᠵᠠᠲᠠᠢ ᠨᠡᠢᠬᠡᠮ ᠲᠤᠭᠤᠷᠢᠭ ᠤ᠋ᠨ ᠰᠤᠶᠤᠯ ᠤ᠋ᠨ ᠦᠢᠯᠡᠰ ᠢ᠋ ᠲᠡᠳᠭᠦᠬᠦ᠌ ᠦᠢᠯᠡᠰ ᠲᠦ᠍ ᠳᠤᠰᠠᠯᠠᠭ᠍ᠰᠠᠨ 150 ᠭᠠᠷᠤᠢ ᠲᠦᠮᠡᠨ ᠲᠦᠭᠦᠷᠢᠭ ᠤ᠋ᠨ ᠪᠡᠯᠡ ᠮᠦᠩᠭᠦᠨ ᠤ᠋ ᠳᠤᠰᠠᠯᠠᠮᠵᠢ ᠳᠤᠤᠷ᠎ᠠ᠂ ᠭᠡᠷ ᠤ᠋ᠨ ᠲᠤᠲᠤᠷᠠᠬᠢ ᠨᠣᠮ ᠤ᠋ᠨ ᠲᠠᠯᠪᠢᠭᠤᠷ᠂ ᠮᠠᠰᠢᠨ ᠲᠣᠨᠣᠬᠯᠠᠯ ᠵᠡᠷᠭᠡ ᠵᠢ ᠢᠵᠢ ᠪᠦᠷᠢᠳᠦᠭᠦᠯᠦᠭᠡᠳ᠂ ᠡᠭᠦᠨ ᠤ᠋ ᠰᠠᠭᠤᠷᠢᠨ ᠳᠡᠭᠡᠷ᠎ᠡ ᠦᠨᠳᠦᠰᠦᠲᠡᠨ ᠤ᠋ ᠲᠤᠯᠭᠤᠷ ᠪᠢᠴᠢᠭ ᠤ᠋ᠨ ᠦᠵᠡᠭᠦᠯᠭᠡ ᠵᠢᠨ ᠲᠢᠩᠬᠢᠮ᠂ ᠮᠤᠩᠭᠤᠯ ᠠᠳᠤᠭᠤᠨ ᠰᠤᠶᠤᠯ  ᠤ᠋ᠨ ᠦᠵᠡᠭᠦᠯᠭᠡ ᠵᠢᠨ ᠲᠢᠩᠬᠢᠮ᠂ ᠤᠷᠳᠣᠰ ᠬᠤᠷᠢᠮ ᠤ᠋ᠨ ᠦᠵᠡᠭᠦᠯᠭᠡ ᠵᠢᠨ ᠲᠢᠩᠬᠢᠮ᠂ ᠮᠤᠩᠭᠤᠯ ᠡᠮ ᠡᠮᠨᠡᠯᠭᠡ ᠵᠢᠨ ᠦᠵᠡᠭᠦᠯᠭᠡ ᠵᠢᠨ ᠲᠢᠩᠬᠢᠮ ᠵᠡᠷᠭᠡ ᠵᠢ ᠪᠠᠢᠭᠤᠯᠵᠤ ᠬᠠᠳᠠᠭᠠᠯᠠᠮᠵᠢ ᠵᠢᠨ ᠨᠣᠮ  ᠶ᠋ᠢᠡᠨ ᠲᠦ᠋ᠷᠥᠯ ᠬᠤᠪᠢᠶᠠᠨ ᠲᠤᠰ ᠲᠤᠰ  ᠤ᠋ᠨ ᠭᠠᠵᠠᠷ ᠲᠤᠨᠢ ᠪᠠᠢᠷᠢᠯᠠᠭᠤᠯᠤᠭᠠᠳ ᠲᠦ᠋ᠩᠭᠡᠵᠤ 10000 ᠭᠠᠷᠤᠢᠬᠠᠨ ᠨᠣᠮ ᠢ᠋ ᠳᠡᠯᠭᠡᠨ ᠦᠵᠡᠭᠦᠯᠭᠡ ᠵᠢᠨ ᠲᠠᠯᠪᠢᠭᠤᠷ ᠳᠡᠭᠡᠷ᠎ᠡ ᠭᠠᠷᠭᠠᠵᠤ ᠴᠢᠳᠠᠭ᠍ᠰᠠᠨ ᠪᠣᠯ ᠪᠠᠰᠠ 40000 ᠭᠠᠷᠤᠢ ᠨᠣᠮ ᠬᠠᠢᠷᠴᠠᠭ ᠲᠠᠢ ᠪᠠᠨ ᠬᠠᠳᠠᠭᠠᠯᠠᠮᠵᠢ ᠵᠢᠨ ᠭᠠᠵᠠᠷ ᠲᠦ᠍ ᠪᠠᠢᠨ᠎ᠠ ᠭᠡᠵᠤ ᠪᠠᠢᠪᠠ᠃

ᠮᠦᠩᠬᠡᠳᠠᠯᠠᠢ ᠭᠤᠸᠠᠢ ᠶᠠᠷᠢᠶᠠᠨ ᠳ᠋ᠠᠭᠠᠨ᠂ ᠴᠢᠩ ᠤᠯᠤᠰ ᠤ᠋ᠨ ᠦᠶᠡᠰ ᠤ᠋ᠨ ᠡᠯ᠎ᠡ ᠬᠤᠱᠢᠭᠤᠨ ᠤ᠋ ᠨᠤᠶᠠᠳ ᠤ᠋ᠨ ᠳᠤᠱᠢᠶᠠᠯ ᠳ᠋ᠤ ᠲᠤᠮᠢᠯᠠᠭ᠍ᠰᠠᠨ ᠪᠢᠴᠢᠭ ᠵᠡᠷᠭᠡ ᠬᠤᠶᠠᠷ ᠭᠤᠷᠪᠠᠭ᠍ᠠᠨ ᠨᠢᠭᠤᠷ᠎ᠲᠠᠢ ᠨᠣᠮ ᠢ᠋ 2 — 3 ᠲᠦᠮᠡᠨ ᠲᠦᠭᠦᠷᠢᠭ ᠵᠢᠡᠷ ᠬᠠᠭᠤᠴᠢᠨ ᠨᠣᠮ ᠤ᠋ᠨ ᠵᠠᠬ᠎ᠠ ᠡᠴᠡ ᠬᠤᠳᠠᠯᠳᠤᠨ ᠠᠪᠳᠠᠭ᠃ ᠲᠠᠬᠢᠪᠠᠯ ᠲᠣᠯᠢ ᠪᠢᠴᠢᠭ ᠢ᠋ ᠦᠨ᠎ᠡ ᠲᠠᠢ ᠪᠠᠷ ᠬᠤᠳᠠᠯᠳᠤᠨ ᠠᠪᠳᠠᠭ᠂ ᠤᠷᠤᠰ ᠮᠤᠩᠭᠤᠯ ᠲᠣᠯᠢ ᠨᠢᠭᠡ ᠲᠡᠪᠲᠡᠷ ᠨᠢ ᠲᠦᠮᠡ ᠭᠠᠷᠤᠢ ᠲᠦᠭᠦᠷᠢᠭ ᠲᠦ᠍ ᠬᠦᠷᠳᠡᠭ᠃ ᠭᠡᠲᠡᠯ᠎ᠡ ᠪᠠᠨ ᠮᠢᠨᠦ᠍ ᠠᠳᠡ ᠲᠣᠯᠢ ᠪᠢᠴᠢᠭ ᠢ᠋ ᠠᠱᠢᠭ᠍ᠯᠠᠬᠤ ᠪᠠᠷ ᠢᠷᠡᠳᠡᠭ ᠬᠦᠮᠦᠨ ᠤᠯᠠᠨ ᠪᠠᠢᠳᠠᠭ᠂ ᠦᠪᠦᠷ ᠮᠤᠩᠭᠤᠯ ᠤ᠋ᠨ ᠨᠡᠢᠬᠡᠮ ᠤ᠋ᠨ ᠱᠢᠨᠵᠢᠯᠡᠬᠦ᠌ ᠤᠬᠠᠭᠠᠨ ᠤ᠋ ᠬᠦᠷᠢᠶᠡᠯᠡᠩ ᠤ᠋ᠨ ᠲᠣᠯᠢ ᠪᠢᠴᠢᠭ ᠨᠠᠢᠷᠠᠭᠤᠯᠬᠤ ᠠᠯᠪᠠᠨ ᠭᠡᠷ ᠤ᠋ᠨ ᠲᠣᠯᠢ ᠪᠢᠴᠢᠭ ᠤ᠋ᠨ ᠬᠠᠳᠠᠭᠠᠯᠠᠮᠵᠢ ᠲᠡᠭᠦᠨ ᠤ᠋ ᠬᠢᠷᠢ ᠪᠦᠷᠢᠨ ᠦᠭᠡᠢ ᠪᠣᠯᠬᠤᠷ ᠵᠢᠡᠨ ᠲᠡᠳᠡᠨ ᠢᠷᠡᠵᠤ ᠮᠢᠨᠦ᠍ ᠲᠣᠯᠢ ᠪᠢᠴᠢᠭ ᠢ᠋ ᠠᠱᠢᠭ᠍ᠯᠠᠳᠠᠭ ᠭᠡᠪᠡ᠃

ᠴᠢᠨᠠᠷᠲᠠᠢ ᠶᠠᠭᠤᠮ᠎ᠠ ᠵᠢ ᠬᠢᠬᠦ᠌ ᠳ᠋ᠤ ᠴᠠᠭ ᠬᠤᠭᠤᠴᠠᠭ᠎ᠠ ᠬᠡᠷᠡᠭ᠌ᠳᠡᠢ᠂ ᠶᠠᠭ ᠯᠠ ᠮᠦᠩᠬᠡᠳᠠᠯᠠᠢ ᠭᠤᠸᠠᠢ ᠨᠣᠮ ᠡᠭᠦᠷᠦᠭᠡᠳ ᠬᠠᠱᠢᠷᠠᠭ᠍ᠰᠠᠨ ᠴᠤ᠌ ᠳᠠᠷᠠᠭ᠎ᠠ ᠤᠳᠠᠭ᠎ᠠ᠎ᠪᠠᠨ ᠲᠠᠬᠢᠭᠠᠳ ᠯᠠ ᠡᠭᠦᠷᠳᠡᠭ ᠱᠢᠭ ᠵᠢᠡᠷ᠂ ᠨᠢᠭᠡ ᠶᠠᠭᠤᠮ᠎ᠠ ᠵᠢ ᠬᠢᠬᠦ᠌ ᠳ᠋ᠤ ᠴᠠᠭ ᠬᠤᠭᠤᠴᠠᠭ᠎ᠠ᠂ ᠵᠣᠷᠢᠭ ᠲᠡᠪᠴᠢᠶᠡᠷᠢ ᠬᠡᠷᠡᠭ᠌ᠲᠡᠢ ᠪᠣᠯᠳᠠᠭ᠃ ᠠᠮᠧᠷᠢᠺᠠ ᠵᠢᠨ ᠠᠯᠳᠠᠷᠲᠤ ᠰᠡᠳᠭᠢᠴᠡ ᠵᠦᠢ ᠵᠢᠨ ᠡᠷᠳᠡᠮᠲᠡᠨ᠂ ᠨᠡᠷᠡᠲᠦ ᠡᠮᠴᠢ ᠸᠧᠺᠳᠦᠸ·ᠹᠯᠠᠨᠺᠧᠷ 《ᠠᠮᠢ ᠨᠠᠰᠤᠨ ᠤ᠋ ᠤᠳᠭ᠎ᠠ ᠠᠭᠤᠯᠭ᠎ᠠ ᠵᠢ ᠮᠡᠳᠡᠷᠡᠨ ᠠᠮᠢᠳᠤᠷᠠᠬᠤᠢ》 ᠭᠡᠬᠦ᠌ ᠠᠯᠳᠠᠷᠲᠦ ᠪᠦᠲᠦᠭᠡᠯ ᠲᠤᠲᠤᠷ᠎ᠠ ᠪᠠᠨ《ᠠᠮᠢᠳᠦ ᠶᠠᠪᠤᠬᠤ᠎ᠨᠢ ᠠᠮᠢᠳᠤᠷᠠᠯ ᠤ᠋ᠨ ᠤᠳᠭ᠎ᠠ ᠠᠭᠤᠯᠭ᠎ᠠ ᠵᠢ ᠡᠷᠢᠬᠦ᠌ ᠵᠢᠨ ᠲᠦᠯᠦᠭᠡ ᠶᠤᠮ᠃ ᠠᠮᠢᠳᠤᠷᠠᠯ ᠤ᠋ᠨ ᠤᠳᠭ᠎ᠠ ᠠᠭᠤᠯᠭ᠎ᠠ ᠭᠡᠳᠡᠭ ᠶᠠᠭᠤ ᠵᠢ ᠬᠡᠯᠡᠳᠡᠭ ᠶᠤᠮ?ᠬᠦᠮᠦᠨ ᠪᠣᠯᠭᠠᠨ ᠳ᠋ᠤ ᠲᠤᠲᠤᠭᠠᠳᠤ ᠭᠦᠴᠦ᠍ ᠭᠡᠵᠤ ᠪᠠᠢᠳᠠᠭ᠃ ᠲᠡᠭᠦᠨ ᠵᠢᠡᠷ ᠵᠢᠡᠨ ᠭᠡᠷᠡᠯ ᠭᠡᠭᠡ ᠲᠠᠢ ᠠᠮᠢᠳᠤᠷᠠᠯ ᠵᠢᠡᠨ ᠡᠷᠢᠵᠤ ᠶᠠᠪᠤᠳᠠᠭ》 ᠭᠡᠵᠤ ᠲᠡᠮᠲᠡᠭ᠌ᠯᠡᠭ᠌ᠰᠡᠨ ᠠᠳᠠᠯᠢ᠂ ᠮᠦᠩᠬᠡᠳᠠᠯᠠᠢ ᠭᠤᠸᠠᠢ ᠵᠢᠨ ᠰᠡᠳᠭᠢᠯ ᠵᠢᠷᠦᠬᠡᠨ ᠳ᠋ᠤ ᠴᠤ᠌ ᠲᠤᠲᠤᠭᠠᠳᠤ ᠬᠦᠴᠦᠨ ᠨᠢᠭᠤᠭ᠍ᠳᠠᠵᠤ ᠪᠠᠢᠨ᠎ᠠ᠃ ᠲᠡᠭᠦᠨ ᠤ᠋ ᠳᠡᠭᠡᠷ᠎ᠡ ᠨᠣᠮ ᠰᠤᠳᠤᠷ ᠪᠣᠯᠭᠠᠨ ᠳ᠋ᠤ ᠦᠪᠡᠷ ᠦᠪᠡᠷ ᠤ᠋ᠨ ᠬᠢᠨᠢ ᠬᠤᠪᠢ ᠵᠠᠶᠠᠭ᠎ᠠ ᠭᠡᠵᠤ ᠪᠠᠢᠳᠠᠭ᠃ ᠡᠨᠡ ᠬᠡᠳᠦᠨ ᠭᠦᠴᠦᠨ ᠨᠡᠢᠯᠡᠭ᠌ᠰᠡᠨ ᠤ᠋ ᠬᠤᠢᠨ᠎ᠠ᠂ ᠮᠦᠩᠬᠡᠳᠠᠯᠠᠢ ᠯᠠᠪᠲᠠᠢᠶ᠎ᠠ ᠡᠪᠡᠳᠴᠢᠨ ᠡᠮᠬᠡᠭ ᠢ᠋ ᠢᠯᠡᠨ ᠳᠠᠪᠠᠵᠤ᠂ ᠦᠪᠡᠷ ᠤ᠋ᠨ ᠲᠤᠲᠠᠭᠤ ᠤᠷᠬᠢᠭ᠍ᠰᠠᠨ ᠨᠣᠮ ᠤ᠋ᠨ ᠦᠢᠯᠡᠰ ᠵᠢᠡᠨ ᠵᠠᠯᠭᠠᠨ ᠠᠪᠴᠤ᠌ ᠴᠢᠳᠠᠨ᠎ᠠ ᠭᠡᠵᠤ ᠲᠡᠭᠦᠨ ᠤ᠋ ᠨᠢᠳᠦᠨ ᠤ᠋ ᠬᠠᠷᠠᠴᠠ ᠵᠢ ᠱᠢᠨᠵᠢᠬᠦ᠌ ᠵᠢᠨ ᠬᠤᠷᠤᠮ ᠳ᠋ᠤ ᠪᠢ ᠤᠢᠯᠠᠭᠠᠨ ᠮᠡᠳᠡᠷᠡᠭ᠌ᠰᠡᠨ ᠪᠢᠯᠡ᠃

ᠬᠤᠶᠠᠷ᠂ ᠱᠢᠯᠭᠠᠳᠠᠭ ᠨᠢᠭᠡᠨ ᠪᠣᠳᠣᠯᠭ᠎ᠠ ᠤᠬᠠᠭᠠᠨᠲᠤ ᠬᠤᠶᠠᠷ ᠬᠦᠮᠦᠨ ᠡᠴᠡ ᠭᠠᠷᠬᠤ

ᠦᠤᠱᠢᠨ ᠬᠤᠱᠢᠭᠤᠨ ᠤ᠋ ᠲᠤᠭ ᠪᠠᠯᠭᠠᠰᠤ ᠵᠢᠨ ᠠᠵᠠᠲᠠᠢ ᠨᠡᠢᠬᠡᠮ ᠲᠤᠭᠤᠷᠢᠭ ᠤ᠋ᠨ ᠠᠯᠪᠠᠨ ᠠᠰᠠᠷ ᠲᠦ᠍ ᠮᠦᠩᠬᠡᠳᠠᠯᠠᠢ ᠵᠢᠨ ᠨᠣᠮ ᠤ᠋ᠨ ᠦᠷᠭᠦᠭᠡ ᠨᠤᠭᠦᠳ ᠪᠠᠢᠬᠤ ᠡᠴᠡ ᠭᠠᠳᠠᠨ᠎ᠠ᠂ ᠤᠷᠤᠨ ᠨᠤᠲᠤᠭ ᠤ᠋ᠨ ᠤᠢᠯᠠᠯᠭ᠎ᠠ ᠵᠢᠨ ᠨᠣᠮ ᠤ᠋ᠨ ᠦᠵᠡᠭᠦᠯᠭᠡ ᠵᠢᠨ ᠲᠢᠩᠬᠢᠮ᠂ ᠦᠪᠦᠷ ᠮᠤᠩᠭᠤᠯ ᠤ᠋ᠨ ᠨᠣᠮ ᠤ᠋ᠨ ᠰᠠᠩ ᠤ᠋ᠨ ᠬᠤᠪᠢᠶᠠᠷᠢ ᠨᠣᠮ ᠤ᠋ᠨ ᠰᠠᠩ᠂ ᠤᠮᠠᠷᠠᠲᠤ ᠬᠢᠯᠢ ᠵᠢᠨ ᠰᠤᠶᠤᠯ ᠤ᠋ᠨ ᠠᠶ᠎ᠠ ᠳᠠᠭᠤᠤ ᠺᠢᠨᠤ᠋ ᠲᠧᠯᠸᠢᠰ ᠤ᠋ᠨ ᠦᠷᠦᠭᠡ ᠪᠤᠯᠤᠨ ᠤᠮᠠᠷᠠᠲᠤ ᠬᠢᠯᠢ ᠵᠢᠨ ᠰᠤᠶᠤᠯ ᠤ᠋ᠨ ᠵᠤᠬᠢᠶᠠᠨ ᠪᠦᠲᠦᠭᠡᠬᠦ᠌ ᠦᠷᠦᠭᠡ ᠵᠡᠷᠭᠡ ᠵᠢ ᠪᠠᠢᠭᠤᠯᠤᠭ᠍ᠰᠠᠨ ᠪᠠᠢᠳᠠᠭ ᠶᠤᠮ᠃ ᠡᠳᠡᠭᠡᠷ ᠦᠵᠡᠭᠦᠯᠭᠡ ᠵᠢᠨ ᠲᠢᠩᠬᠢᠮ ᠤ᠋ᠳ ᠬᠡᠵᠢᠶ᠎ᠡ ᠪᠠᠢᠭᠤᠯᠤᠭ᠍ᠳᠠᠵᠤ ᠠᠱᠢᠭ᠍ᠯᠠᠯᠲᠠ ᠳ᠋ᠤ ᠤᠷᠤᠭ᠍ᠰᠠᠨ ᠪᠣᠯ?ᠡᠭᠦᠨ ᠤ᠋ ᠤᠴᠢᠷ ᠢ᠋ ᠣᠯᠬᠤ ᠭᠡᠵᠤ ᠪᠢ ᠵᠠᠯᠭᠠᠭᠠᠳ ᠠᠵᠠᠲᠠᠢ ᠨᠡᠢᠬᠡᠮ ᠲᠤᠭᠤᠷᠢᠭ ᠤ᠋ᠨ ᠳᠡᠳ᠋ ᠳᠠᠷᠤᠭ᠎ᠠ ᠮᠠᠱᠢᠪᠢᠯᠢᠭ᠌ ᠭᠤᠸᠠᠢ ᠵᠢ ᠰᠤᠷᠪᠤᠯᠵᠢᠯᠠᠭ᠍ᠰᠠᠨ ᠪᠢᠯᠡ᠃

ᠮᠠᠱᠢᠪᠢᠯᠢᠭ᠌ ᠭᠤᠸᠠᠢ ᠪᠣᠯ ᠦᠤᠱᠢᠨ ᠬᠤᠱᠢᠭᠤᠨ ᠤ᠋ ᠲᠤᠭ ᠪᠠᠯᠭᠠᠰᠣ ᠵᠢᠨ ᠮᠠᠢᠷᠠᠨᠰᠦ᠋ᠮ᠎ᠠ ᠭᠠᠴᠠᠭᠠᠨ ᠤ᠋ ᠠᠷᠴᠠᠲᠤ ᠮᠠᠯᠵᠢᠯ ᠤ᠋ᠨ ᠬᠤᠷᠱᠢᠶᠠᠨ ᠤ᠋ ᠮᠠᠯᠴᠢᠨ ᠪᠤᠯᠤᠨ᠎ᠠ᠃ ᠬᠠᠷᠬᠠᠲᠠᠨ ᠬᠠᠷᠢᠶᠠᠨ ᠤ᠋ ᠵᠤᠯᠵᠠᠭᠠᠨ ᠰᠤᠮᠤᠨ ᠤ᠋ ᠠᠳᠤᠬᠠᠢ ᠣᠪᠤᠭ᠍ᠲᠠᠨ ᠪᠣᠯᠬᠤ ᠲᠡᠷᠡ ᠪᠠᠷ 1981 ᠣᠨ ᠳ᠋ᠤ ᠦᠤᠱᠢᠨ ᠬᠤᠱᠢᠭᠤᠨ ᠤ᠋ ᠮᠤᠩᠭᠤᠯ ᠳᠤᠮᠳᠠᠳᠤ ᠰᠤᠷᠭᠠᠭᠤᠯᠢ ᠵᠢᠨ ᠠᠩᠬ᠎ᠠ ᠳᠤᠮᠳᠠᠳᠤ ᠵᠢᠨ ᠠᠩᠭᠢ ᠳ᠋ᠤ ᠰᠤᠷᠤᠯᠴᠠᠵᠤ ᠪᠠᠢᠭ᠍ᠰᠠᠨ ᠵᠢᠡᠨ᠂ ᠮᠠᠯ ᠪᠡᠯᠴᠢᠭᠡᠷ ᠢ᠋ ᠡᠷᠦᠬᠡ ᠳ᠋ᠤ ᠳᠠᠭᠠᠭᠠᠴᠢᠯᠠᠭᠤᠯᠬᠤ ᠠᠵᠢᠯ ᠡᠬᠢᠯᠡᠭ᠌ᠰᠡᠨ ᠵᠢᠡᠷ ᠬᠦᠳᠡᠭᠡ ᠭᠡᠷ ᠲᠡᠭᠡᠨ ᠢᠷᠡᠵᠤ ᠳᠠᠭᠠᠭᠠᠴᠢᠯᠠᠨ ᠠᠪᠤᠭ᠍ᠰᠠᠨ ᠬᠤᠨᠢᠨ ᠰᠦᠷᠦᠭ ᠵᠢᠡᠨ ᠬᠠᠷᠠᠵᠤ ᠮᠠᠯᠴᠢᠨ ᠪᠣᠯᠵᠠᠢ᠃ ᠢᠩᠬᠢᠵᠤ ᠨᠢᠭᠡ ᠬᠤᠭᠤᠴᠠᠭ᠎ᠠ ᠮᠠᠯ ᠲᠠᠷᠢᠶᠠᠨ ᠤ᠋ ᠠᠵᠢᠯ ᠬᠢᠵᠣ ᠰᠡᠭᠦᠯᠡᠷ ᠠᠢᠯ ᠭᠡᠷ ᠪᠣᠯᠵᠤ᠂ ᠠᠵᠤ ᠠᠮᠢᠳᠤᠷᠠᠯ ᠵᠢᠡᠨ ᠦᠨᠢᠷ ᠥᠳᠭᠡᠨ ᠪᠣᠯᠭᠠᠬᠤ ᠵᠢᠨ ᠬᠡᠷᠡᠭ᠌ᠴᠡᠭᠡᠨ ᠡᠴᠡ ᠪᠤᠯᠤᠭᠠᠳ᠂ 2014 ᠣᠨ ᠳ᠋ᠤ ᠮᠠᠱᠢᠪᠢᠯᠢᠭ᠌ ᠭᠤᠸᠠᠢ ᠤᠷᠳᠣᠰ ᠬᠤᠲᠠ ᠵᠢᠨ ᠠᠯᠲᠠᠨ ᠱᠢᠷᠤᠢ ᠪᠠᠷᠢᠯᠭ᠎ᠠ ᠵᠢᠨ ᠦᠢᠯᠡᠴᠢᠯᠡᠭᠡᠨ ᠤ᠋ ᠬᠢᠵᠠᠭᠠᠷᠲᠤ ᠺᠤᠮᠫᠠᠨᠢ ᠵᠢ ᠪᠠᠢᠭᠤᠯᠤᠨ᠂ ᠨᠢᠭᠡ ᠵᠢᠯ ᠪᠤᠯᠤᠭᠠᠳ ᠺᠤᠮᠫᠠᠨᠢ ᠵᠢᠨ ᠨᠡᠷ᠎ᠡ ᠪᠠᠨ ᠤᠷᠳᠣᠰ ᠬᠤᠲᠠ ᠵᠢᠨ ᠮᠤᠩᠭᠤᠯ ᠤᠢᠯᠠᠯᠭ᠎ᠠ ᠵᠢᠨ ᠰᠤᠶᠤᠯ ᠵᠠᠭᠤᠴᠢ ᠵᠢᠨ ᠬᠢᠵᠠᠭᠠᠷᠲᠤ ᠺᠤᠮᠫᠠᠨᠢ ᠪᠣᠯᠭᠠᠨ ᠬᠤᠪᠢᠷᠠᠭᠤᠯᠵᠤ᠂ 2018 ᠣᠨ ᠪᠣᠯᠲᠠᠯ᠎ᠠ ᠪᠠᠨ ᠠᠵᠢᠯᠯᠠᠭᠤᠯᠵᠠᠢ᠃ ᠮᠦᠨ ᠡᠨᠡ ᠵᠢᠯ ᠮᠠᠱᠢᠪᠢᠯᠢᠭ᠌ ᠭᠤᠸᠠᠢ 《ᠬᠤᠶᠠᠷ ᠵᠦᠪᠯᠡᠯ》 ᠤ᠋ᠨ ᠰᠤᠩᠭᠤᠭᠤᠯᠢ ᠪᠠᠷ ᠳᠠᠮᠵᠢᠨ ᠲᠤᠭ ᠪᠠᠯᠭᠠᠰᠣ ᠵᠢᠨ ᠠᠵᠠᠲᠠᠢ ᠨᠡᠢᠬᠡᠮ ᠲᠤᠭᠤᠷᠢᠭ ᠤ᠋ᠨ ᠮᠠᠢᠷᠠᠨᠰᠦ᠋ᠮ᠎ᠡ ᠰᠠᠭᠤᠭᠠᠯᠢ ᠠᠷᠠᠳ ᠤ᠋ᠨ ᠲᠤᠭᠤᠷᠢᠭ ᠤ᠋ᠨ ᠳᠡᠳ᠋ ᠡᠷᠬᠢᠯᠡᠭ᠌ᠴᠢ ᠪᠠᠷ ᠰᠤᠩᠭᠤᠭ᠍ᠳᠠᠵᠠᠢ᠃

ᠮᠠᠱᠢᠪᠢᠯᠢᠭ᠌ ᠭᠤᠸᠠᠢ ᠵᠢᠨ ᠬᠡᠯᠡᠬᠦ᠌ ᠪᠠᠷ᠂ ᠲᠡᠷᠡ ᠬᠡᠳᠦᠨ ᠵᠢᠯ ᠤ᠋ᠨ ᠡᠮᠦᠨ᠎ᠡ ᠡᠴᠡ ᠡᠬᠢᠯᠡᠨ ᠺᠤᠮᠫᠠᠨᠢ ᠪᠠᠢᠭᠤᠯᠵᠤ ᠠᠵᠤ ᠠᠬᠤᠢ ᠵᠢᠨ ᠰᠠᠭᠤᠷᠢ ᠪᠠᠨ ᠵᠤᠵᠠᠭᠠᠳᠭᠠᠭ᠍ᠰᠠᠨ ᠨᠢ ᠰᠤᠶᠤᠯ ᠤ᠋ᠨ ᠦᠢᠯᠡᠰ ᠬᠢᠵᠣ ᠦᠪᠡᠷ ᠤ᠋ᠨ ᠮᠡᠳᠡᠯᠭᠡ ᠴᠢᠳᠠᠪᠤᠷᠢ ᠪᠠᠨ ᠳᠡᠭᠡᠭ᠌ᠰᠢᠯᠡᠭᠦᠯᠬᠦ᠌ ᠵᠢᠨ ᠳᠠᠭᠠᠤ ᠨᠡᠢᠬᠡᠮ ᠤ᠋ᠨ ᠦᠢᠯᠡᠴᠢᠯᠡᠭᠡᠨ ᠬᠢᠬᠦ᠌ ᠵᠣᠷᠢᠯᠭ᠎ᠠ ᠲᠠᠢ ᠪᠠᠢᠭ᠍ᠰᠠᠨ ᠪᠣᠯ᠂ ᠠᠵᠠᠲᠠᠢ ᠨᠡᠢᠬᠡᠮ ᠲᠤᠭᠤᠷᠢᠭ ᠤ᠋ᠨ ᠰᠤᠶᠤᠯ ᠵᠢᠡᠷ ᠲᠤᠭᠤᠷᠢᠭ ᠵᠢᠡᠨ ᠮᠠᠨᠳᠤᠭᠤᠯᠬᠤ ᠬᠠᠷᠠᠯᠲᠠ ᠲᠠᠢ ᠠᠯᠬᠤᠮ ᠨᠢᠭᠡᠳᠴᠡᠢ᠃

ᠠᠩᠬ᠎ᠠ ᠮᠠᠱᠢᠪᠢᠯᠢᠭ᠌ ᠭᠤᠸᠠᠢ ᠲᠠᠢ ᠲᠠᠨᠢᠯᠴᠠᠬᠤ ᠳ᠋ᠤ᠂ ᠲᠡᠷᠡ ᠨᠦᠬᠦᠷ ᠬᠠᠮᠢᠭ᠎ᠠ ᠶᠠᠪᠤᠭ᠍ᠰᠠᠨ ᠴᠤ᠌ ᠦᠨᠳᠦᠷ ᠲᠤᠮᠤ ᠪᠡᠶ᠎ᠡ ᠪᠠᠨ ᠬᠠᠵᠠᠢᠯᠭᠠᠰᠭᠢᠵᠤ ᠰᠡᠭᠦᠳᠡᠷᠯᠡᠬᠦ᠌ ᠮᠠᠱᠢᠨ ᠵᠢᠡᠨ ᠮᠦᠷᠦᠯᠡᠭᠡᠳ᠂ ᠭᠠᠷ ᠲᠠᠭᠠᠨ ᠪᠠᠰᠠ ᠨᠢᠭᠡᠨ ᠰᠡᠭᠦᠳᠡᠷᠯᠡᠬᠦ᠌ ᠮᠠᠱᠢᠨ ᠪᠠᠷᠢᠴᠢᠬᠠᠭ᠍ᠰᠠᠨ᠂ ᠵᠦᠭ ᠲᠡᠢᠰᠢ ᠪᠠᠨ ᠨᠢᠳᠦᠨ ᠬᠠᠷᠠᠴᠠ ᠨᠢ ᠭᠦᠶᠦᠭ᠌ᠰᠡᠨ ᠬᠦᠮᠦᠨ ᠪᠠᠢᠭ᠍ᠰᠠᠨ ᠢ᠋ ᠪᠢ ᠬᠡᠵᠢᠶᠡᠳᠡ ᠮᠠᠷᠳᠠᠳᠠᠭ ᠦᠭᠡᠢ ᠶᠤᠮ᠃ ᠲᠡᠭᠦᠨ ᠤ᠋ ᠡᠯᠦᠨᠴᠡ ᠡᠪᠦᠭᠡ ᠦᠨᠢᠷ ᠭᠡᠭ᠌ᠴᠢ ᠬᠦᠮᠦᠨ ᠨᠡᠷᠡᠲᠡᠢ ᠮᠦᠩᠭᠦᠨ ᠲᠠᠷᠬᠠᠨ ᠪᠠᠢᠵᠠᠢ᠃ ᠣᠳᠣ ᠵᠢᠨ ᠱᠠᠨᠰᠢ ᠮᠤᠵᠢ ᠵᠢᠨ ᠲᠡᠮᠡᠭᠡᠳᠦ ᠬᠤᠲᠠ ᠵᠢᠨ ᠢᠦᠢ ᠶᠠᠩ ᠲᠤᠭᠤᠷᠢᠭ ᠤ᠋ᠨ ᠪᠠᠭ᠎ᠠ ᠬᠤᠭᠤᠯᠠᠢᠲᠤ ᠱᠢᠶᠠᠩ ᠤ᠋ᠨ ᠬᠢᠵᠠᠭᠠᠷ ᠲᠦ᠍ ᠪᠠᠢᠭ᠎ᠠ ᠲᠠᠷᠬᠠᠨ ᠵᠠᠳᠠᠭᠠᠢ ᠭᠡᠬᠦ᠌ ᠭᠠᠵᠠᠷ ᠲᠦ᠍ ᠰᠠᠭᠤᠳᠠᠭ ᠪᠠᠢᠵᠤ᠂ ᠮᠦᠩᠭᠦᠨ ᠲᠠᠷᠬᠠᠨ ᠤ᠋ ᠨᠦᠯᠦᠭᠡ ᠪᠠᠷ ᠲᠡᠷᠡ ᠭᠠᠵᠠᠷ ᠨᠢ 《ᠲᠠᠷᠬᠠᠨ ᠵᠠᠳᠠᠭᠠᠢ》 ᠭᠡᠬᠦ᠌ ᠨᠡᠷ᠎ᠡ ᠪᠠᠷ ᠵᠢᠡᠨ ᠰᠤᠶᠤᠯ ᠪᠤᠶᠤ ᠭᠠᠵᠠᠷ ᠣᠰᠣᠨ ᠤ᠋ ᠲᠡᠮᠳᠡᠭ ᠪᠣᠯᠣᠨ ᠦᠯᠡᠳᠠᠵᠠᠢ᠃ ᠡᠭᠦᠨ ᠤ᠋ ᠨᠦᠯᠦᠭᠡ ᠪᠠᠷ ᠮᠠᠱᠢᠪᠢᠯᠢᠭ᠌ ᠭᠤᠸᠠᠢ 2013 ᠣᠨ ᠡᠴᠡ ᠡᠬᠢᠯᠡᠨ᠂ ᠱᠠᠨᠰᠢ ᠮᠤᠵᠢ ᠵᠢᠨ ᠲᠡᠮᠡᠭᠡᠲᠦ ᠬᠤᠲᠠ ᠵᠢᠨ ᠢᠦᠢ ᠶᠠᠩ ᠲᠤᠭᠤᠷᠢᠭ ᠤ᠋ᠨ ᠪᠤᠳᠤᠩ ᠪᠠᠯᠭᠠᠰᠤᠨ ᠳ᠋ᠤ ᠪᠠᠢᠭ᠎ᠠ ᠬᠤᠲᠤᠭ᠍ᠲᠠᠢ ᠰᠡᠴᠡᠨ ᠬᠤᠩ ᠲᠠᠢᠵᠢ ᠪᠤᠯᠤᠨ ᠰᠠᠭᠠᠩ ᠰᠡᠴᠡᠨ ᠤ᠋ ᠤᠩᠭᠤᠨ ᠲᠠᠬᠢᠯᠭ᠎ᠠ ᠵᠢᠨ ᠭᠠᠵᠠᠷ᠂ ᠪᠠᠨᠴᠢᠨ ᠰᠦᠮ᠎ᠡ ᠵᠡᠷᠭᠡ ᠭᠠᠵᠠᠷ ᠵᠢᠡᠷ ᠬᠦᠷᠴᠤ᠌᠂ ᠳᠡᠭᠡᠳᠦᠰ ᠤ᠋ᠨ ᠦᠯᠡᠳᠡᠭᠡᠭ᠌ᠰᠡᠨ ᠣᠪᠤᠭ᠎ᠠ ᠤᠷᠤᠳ ᠵᠢᠡᠷ ᠬᠦᠷᠴᠤ᠌ ᠲᠠᠬᠢᠯᠭ᠎ᠠ ᠵᠢᠨ ᠦᠢᠯᠡ ᠬᠡᠷᠡᠭ ᠲᠦ᠍ ᠤᠷᠤᠯᠴᠠᠳᠠᠭ ᠪᠠᠢᠭ᠍ᠰᠠᠨ ᠡᠴᠡ ᠪᠠᠨ ᠬᠡᠬᠡᠷ᠎ᠡ ᠵᠢᠨ ᠪᠠᠢᠴᠠᠭᠠᠯᠲᠠ ᠬᠢᠵᠤ ᠡᠬᠢᠯᠡᠵᠡᠢ᠃ 《ᠵᠢᠷᠠᠨ ᠬᠠᠢᠯᠠᠰᠤ》 ᠭᠡᠬᠦ᠌ ᠤᠷᠳᠣᠰ ᠠᠷᠠᠳ ᠤ᠋ᠨ ᠣᠷᠲᠣ ᠵᠢᠨ ᠳᠠᠭᠤᠤ ᠵᠢᠨ ᠲᠤᠬᠠᠢ ᠮᠦᠷᠳᠡᠯᠭᠡ ᠬᠢᠬᠦ᠌ ᠵᠢᠨ ᠳᠤᠮᠳᠠ᠂ ᠶᠡᠭᠡ ᠪᠠᠭ᠎ᠠ ᠪᠤᠳᠤᠩ ᠨᠤᠲᠤᠭ ᠲᠦ᠍ ᠦᠯᠡᠳᠡᠭ᠌ᠰᠡᠨ ᠠᠯᠢ ᠤᠯᠠᠨ ᠮᠤᠩᠭᠤᠯ ᠭᠠᠵᠠᠷ ᠤ᠋ᠨ ᠨᠡᠷ᠎ᠡ ᠪᠤᠯᠤᠨ ᠣᠪᠣᠭ᠎ᠠ ᠣᠷᠣᠳ ᠤ᠋ᠨ ᠲᠤᠬᠠᠢ ᠦᠪᠡᠷ ᠤ᠋ᠨ ᠤᠢᠯᠠᠭᠠᠯᠲᠠ ᠲᠠᠢ ᠪᠤᠯᠤᠭ᠍ᠰᠠᠨ ᠮᠦᠷᠲᠡᠭᠡᠨ ᠤᠷᠤᠨ ᠨᠤᠲᠤᠭ ᠤ᠋ᠨ ᠰᠤᠶᠤᠯ ᠤ᠋ᠨ ᠲᠤᠮᠤᠭᠠᠲᠠᠳ᠂ ᠡᠷᠳᠡᠮ ᠱᠢᠨᠵᠢᠯᠡᠭᠡᠨ ᠤ᠋ ᠠᠵᠢᠯᠲᠠᠳ ᠠᠳᠡ ᠪᠤᠯᠤᠭᠠᠳ ᠦᠩᠭᠡᠷᠡᠭ᠌ᠰᠡᠨ ᠵᠠᠷᠢᠮ ᠨᠢᠭᠡᠨ ᠲᠡᠤᠬᠡ ᠵᠢᠨ ᠦᠢᠯᠡ ᠬᠡᠷᠡᠭ ᠢ᠋ ᠨᠣᠮ ᠰᠤᠳᠤᠷ ᠳᠡᠭᠡᠷ᠎ᠡ ᠪᠤᠷᠤᠭᠤ ᠪᠠᠷ ᠲᠠᠢᠯᠵᠤ ᠲᠡᠮᠲᠡᠭ᠌ᠯᠡᠭ᠌ᠰᠡᠨ ᠪᠠᠢᠭ᠎ᠠ ᠦᠵᠡᠭ᠌ᠳᠡᠯ ᠢ᠋ ᠴᠤ᠌ ᠣᠯᠵᠤ ᠬᠠᠷᠠᠵᠠᠢ᠃ ᠰᠤᠶᠤᠯ ᠤ᠋ᠨ ᠲᠠᠯ᠎ᠠ ᠵᠢᠨ ᠬᠦᠮᠦᠰ ᠲᠠᠢ ᠶᠠᠪᠤᠯᠴᠠᠬᠤ ᠪᠠᠷ ᠳᠠᠮᠵᠢᠨ ᠲᠡᠭᠦᠨ ᠤ᠋ ᠨᠢᠳᠦᠨ ᠬᠠᠷᠠᠭ᠎ᠠ ᠴᠤ᠌ ᠦᠷᠭᠡᠵᠢᠨ᠂ ᠤᠷᠤᠨ ᠨᠤᠲᠤᠭ ᠤ᠋ᠨ ᠲᠡᠤᠬᠡ ᠰᠤᠶᠤᠯ ᠤ᠋ᠨ ᠲᠤᠬᠠᠢ ᠲᠠᠨᠢᠯᠲᠠ ᠨᠢ ᠴᠤ᠌ ᠳᠡᠭᠡᠭ᠌ᠰᠢᠯᠡᠵᠡᠢ᠃ ᠲᠡᠤᠬᠡᠨ ᠳ᠋ᠤ ᠪᠤᠯᠤᠭ᠍ᠰᠠᠨ ᠦᠢᠯᠡ ᠬᠡᠷᠡᠭ᠂ ᠲᠦᠷᠥ᠍ ᠭᠦᠷᠦᠨ ᠤ᠋ ᠤᠴᠢᠷ ᠡᠴᠡ ᠪᠤᠯᠤᠭᠠᠳ ᠲᠡᠳᠡᠨ ᠤ᠋ ᠳᠡᠭᠡᠳᠦᠰ ᠠᠯᠲᠠᠢ ᠠᠭᠤᠯᠠᠨ ᠤ᠋ ᠠᠳᠤᠬᠠᠢ ᠭᠡᠬᠦ᠌ ᠭᠠᠵᠠᠷ ᠡᠴᠡ ᠤᠷᠳᠣᠰ ᠨᠣᠲᠤᠭ ᠤ᠋ᠨ ᠡᠮᠦᠨ᠎ᠡ ᠵᠠᠬ᠎ᠠ ᠵᠢᠨ ᠶᠡᠭᠡ ᠪᠠᠭ᠎ᠠ ᠪᠤᠳᠤᠩ ᠨᠤᠲᠤᠭ᠂ ᠲᠡᠨᠳᠡ ᠡᠴᠡ ᠪᠠᠨ ᠦᠤᠱᠢᠨ ᠬᠤᠱᠢᠭᠤᠨ ᠤ᠋ ᠲᠤᠭ ᠭᠡᠬᠦ᠌ ᠭᠠᠵᠠᠷ ᠤ᠋ᠨ ᠮᠠᠢᠷᠠᠨᠰᠦ᠋ᠮ᠎ᠡ ᠭᠡᠬᠦ᠌ ᠨᠤᠲᠤᠭ ᠲᠦ᠍᠂ ᠲᠡᠨᠳᠡ ᠡᠴᠡ ᠪᠠᠨ ᠲᠤᠭ ᠪᠠᠯᠭᠠᠰᠤ ᠵᠢᠨ ᠠᠵᠠᠲᠠᠢ ᠨᠡᠢᠬᠡᠮ ᠲᠤᠭᠤᠷᠢᠭ ᠤ᠋ᠨ ᠮᠠᠢᠷᠠᠠᠰᠦ᠋ᠮ᠎ᠡ ᠰᠠᠭᠤᠭᠠᠯᠢ ᠠᠷᠠᠳ ᠤ᠋ᠨ ᠲᠤᠭᠤᠷᠢᠭ ᠲᠦ᠍ ᠨᠡᠭᠦᠵᠤ ᠢᠷᠡᠵᠠᠢ᠃ 2013 ᠣᠨ ᠡᠴᠡ ᠡᠬᠢᠯᠡᠨ ᠲᠡᠷᠡ ᠶᠡᠭᠡ ᠬᠡᠪᠴᠢᠶ᠎ᠡ ᠪᠠᠷ ᠨᠣᠮ ᠰᠤᠳᠤᠷ ᠴᠤᠭ᠍ᠯᠠᠭᠤᠯᠵᠤ᠂ 2015 ᠣᠨ ᠳ᠋ᠤ ᠮᠠᠢᠷᠠᠠᠰᠦ᠋ᠮ᠎ᠡ ᠰᠠᠭᠤᠭᠠᠯᠢ ᠠᠷᠠᠳ ᠤ᠋ᠨ ᠲᠤᠭᠤᠷᠢᠭ ᠤ᠋ᠨ ᠠᠯᠪᠠᠨ ᠠᠰᠠᠷ ᠲᠤᠲᠤᠷ᠎ᠠ ᠡᠴᠡ ᠨᠣᠮ ᠤ᠋ᠨ ᠭᠡᠷ ᠪᠠᠢᠭᠤᠯᠬᠤ ᠭᠠᠵᠠᠷ ᠣᠯᠵᠤ᠂ ᠡᠨᠡ ᠬᠤᠭᠤᠷᠤᠨᠳᠣ ᠦᠪᠡᠷ ᠵᠢᠡᠨ ᠤᠷᠢᠳ ᠬᠤᠵᠢᠳ 200 ᠭᠠᠷᠤᠢ ᠲᠦᠮᠡᠨ ᠲᠦᠭᠦᠷᠢᠭ ᠤ᠋ᠨ ᠪᠡᠯᠡ ᠵᠠᠷᠤᠴᠠᠭᠤᠯᠤᠨ᠂ ᠤᠢᠯᠠᠯᠭ᠎ᠠ ᠵᠢᠨ ᠨᠣᠮ ᠴᠤᠭ᠍ᠯᠠᠭᠤᠯᠤᠨ ᠲᠡᠤᠬᠡ ᠵᠢᠨ ᠮᠠᠲ᠋ᠧᠷᠢᠶᠠᠯ ᠢ᠋ ᠪᠦᠷᠢᠳᠦᠭᠦᠯᠬᠦ᠌ ᠬᠠᠷᠠᠯᠲᠠ ᠵᠢᠨ ᠳᠤᠤᠷ᠎ᠠ᠂ ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠣᠷᠣᠨ ᠤ᠋ 12 ᠠᠢᠮᠠᠭ ᠬᠤᠲᠠ ᠵᠢᠨ 101 ᠬᠤᠱᠢᠭᠤ ᠱᠢᠶᠡᠨ ᠤ᠋ ᠤᠢᠯᠠᠯᠭ᠎ᠠ ᠵᠢ ᠪᠦᠷᠢᠨ ᠴᠤᠭ᠍ᠯᠠᠭᠤᠯᠵᠤ᠂ ᠣᠷᠳᠣᠰ ᠬᠤᠲᠠ ᠵᠢᠨ ᠡᠯ᠎ᠡ ᠬᠤᠱᠢᠭᠤ ᠱᠢᠶᠡᠨ ᠵᠢᠴᠢ ᠰᠤᠮᠤ ᠪᠠᠯᠭᠠᠰᠤ ᠭᠠᠴᠠᠭ᠎ᠠ ᠳᠤᠰᠭᠤᠨ ᠤ᠋ ᠨᠢᠭᠡᠨᠲᠡ ᠬᠡᠪᠯᠡᠭ᠌ᠳᠡᠭᠡᠳ ᠪᠠᠢᠭ᠎ᠠ ᠤᠢᠯᠠᠯᠭ᠎ᠠ ᠵᠢᠨ ᠨᠣᠮ ᠢ᠋ ᠪᠠᠷᠤᠭ ᠪᠦᠬᠦᠨ ᠢ᠋ ᠴᠤᠭ᠍ᠯᠠᠭᠤᠯᠵᠤ᠂ ᠱᠠᠨᠰᠢ ᠮᠤᠵᠢ ᠵᠢᠨ ᠲᠡᠮᠡᠭᠡᠳᠦ ᠤᠷᠤᠨ ᠤ᠋ ᠰᠠᠢᠨᠳᠤᠷ᠎ᠠ᠂ ᠹᠦ᠋ ᠭᠦ᠂ ᠾᠧᠩᠱᠠᠨ᠂ ᠵᠢᠩᠪᠢᠶᠡᠨ᠂ ᠳ᠋ᠢᠩᠪᠢᠶᠡᠨ ᠵᠡᠷᠭᠡ ᠦᠪᠦᠷ ᠮᠤᠩᠭᠤᠯ ᠲᠠᠢ ᠵᠠᠬ᠎ᠠ ᠠᠭᠤᠯᠵᠠᠷ ᠭᠠᠵᠠᠷ ᠣᠷᠤᠨ ᠤ᠋ ᠤᠢᠯᠠᠯᠭ᠎ᠠ ᠵᠢᠨ ᠨᠣᠮ ᠢ᠋ ᠴᠤ᠌ ᠤᠯᠳᠠᠬᠤ ᠵᠢᠨ ᠬᠢᠷᠢ ᠪᠠᠷ ᠴᠤᠭ᠍ᠯᠠᠭᠤᠯᠵᠠᠢ᠃ ᠦᠨᠥ᠍ ᠮᠠᠱᠢᠪᠢᠯᠢᠭ᠌ ᠭᠤᠸᠠᠢ ᠵᠢᠨ ᠠᠵᠠᠲᠠᠢ ᠨᠠᠢᠬᠡᠮ ᠲᠤᠭᠤᠷᠢᠭ ᠤ᠋ᠨ ᠠᠯᠪᠠᠨ ᠠᠰᠠᠷ ᠤ᠋ᠨ ᠬᠤᠶᠠᠳᠤᠭᠠᠷ ᠲᠠᠪᠬᠤᠷᠯᠢᠭ ᠲᠦ᠍ ᠪᠠᠢᠷᠢᠯᠠᠵᠤ ᠪᠠᠢᠭ᠎ᠠ ᠤᠢᠯᠠᠯᠭ᠎ᠠ ᠵᠢᠨ ᠨᠣᠮ ᠤ᠋ᠨ ᠦᠵᠡᠭᠦᠯᠭᠡ ᠵᠢᠨ ᠲᠢᠩᠬᠢᠮ ᠳ᠋ᠤ ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ 12 ᠠᠢᠮᠠᠭ ᠬᠤᠲᠠ ᠵᠢᠨ ᠭᠠᠵᠠᠷ ᠤ᠋ᠨ ᠨᠡᠷ᠎ᠡ ᠵᠢᠨ ᠤᠢᠯᠠᠯᠭ᠎ᠠ᠂ ᠦᠪᠦᠷ ᠮᠤᠩᠭᠤᠯ ᠤ᠋ᠨ ᠡᠯ᠎ᠡ ᠲᠢᠩᠬᠢᠮ ᠲᠤᠪᠴᠢᠶ᠎ᠠ ᠵᠢᠨ ᠤᠢᠯᠠᠯᠭ᠎ᠠ᠂ ᠤᠷᠤᠨ ᠤ᠋ ᠵᠠᠷᠢᠮ ᠶᠡᠭᠡ ᠰᠤᠷᠭᠠᠭᠤᠯᠢ ᠵᠢᠨ ᠤᠢᠯᠠᠯᠭ᠎ᠠ᠂ ᠨᠠᠢ᠍ᠮᠠᠨ ᠮᠤᠵᠢ ᠤᠷᠤᠨ ᠤ᠋ ᠴᠦᠭᠡᠨ ᠲᠤᠭᠠᠲᠤ ᠦᠨᠳᠦᠰᠦᠲᠡᠨ ᠤ᠋ ᠭᠠᠵᠠᠷ ᠤᠷᠤᠨ ᠤ᠋ ᠤᠢᠯᠠᠯᠭ᠎ᠠ ᠵᠡᠷᠭᠡ ᠨᠡᠢᠲᠡ 1000 ᠭᠠᠷᠤᠢ ᠲᠡᠪᠲᠡᠷ ᠮᠤᠩᠭᠤᠯ ᠬᠢᠲᠠᠳ ᠵᠢᠡᠷ ᠬᠡᠪᠯᠡᠭ᠌ᠳᠡᠭ᠌ᠰᠡᠨ ᠤᠢᠯᠠᠯᠭ᠎ᠠ ᠵᠢᠨ ᠨᠣᠮ ᠲᠠᠢ ᠪᠣᠯᠵᠤ᠂ ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠲᠤᠲᠤᠷ᠎ᠠ ᠬᠠᠮᠤᠭ ᠤ᠋ᠨ ᠠᠩᠬᠠᠨ ᠤ᠋ ᠤᠢᠯᠠᠯᠭ᠎ᠠ ᠵᠢᠨ ᠲᠤᠮᠤᠬᠠᠨ ᠨᠣᠮ ᠤ᠋ᠨ ᠰᠠᠩ ᠪᠤᠯᠤᠭ᠍ᠰᠠᠨ ᠪᠠᠢᠨ᠎ᠠ᠃ ᠮᠠᠱᠢᠪᠢᠯᠢᠭ᠌ ᠭᠤᠸᠠᠢ ᠵᠢᠨ ᠰᠠᠨᠠᠭᠠᠴᠢᠯᠠᠭ᠎ᠠ ᠪᠠᠷ ᠲᠤᠭ ᠪᠠᠯᠭᠠᠰᠣ ᠵᠢᠨ ᠮᠠᠢᠷᠠᠠᠰᠦ᠋ᠮ᠎ᠡ ᠠᠵᠠᠲᠠᠢ ᠨᠡᠢᠬᠡᠮ ᠲᠤᠭᠤᠷᠢᠭ ᠤ᠋ᠨ ᠠᠯᠪᠠᠨ ᠠᠰᠠᠷ ᠲᠦ᠍ 2018 ᠣᠨ ᠳ᠋ᠤ ᠦᠪᠦᠷ ᠮᠤᠩᠭᠤᠯ ᠤ᠋ᠨ ᠨᠣᠮ ᠤ᠋ᠨ ᠰᠠᠩ ᠤ᠋ᠨ ᠬᠤᠪᠢᠶᠠᠷᠢ ᠨᠣᠮ ᠤ᠋ᠨ ᠰᠠᠩ ᠢ᠋ ᠪᠠᠢᠭᠤᠯᠤᠨ᠂ 2000 ᠭᠠᠷᠤᠢ ᠬᠤᠪᠢ ᠡᠯ᠎ᠡ ᠲᠦᠷᠥᠯ ᠤ᠋ᠨ ᠮᠤᠩᠭᠤᠯ ᠨᠣᠮ᠂ 4000 ᠭᠠᠷᠤᠢ ᠬᠤᠪᠢ ᠡᠯ᠎ᠡ ᠲᠦᠷᠥᠯ ᠤ᠋ᠨ ᠬᠢᠲᠡᠳ ᠨᠣᠮ ᠢ᠋ ᠬᠤᠷᠢᠶᠠᠨ ᠬᠠᠳᠠᠭᠠᠯᠠᠵᠤ ᠠᠱᠢᠭ᠍ᠯᠠᠯᠲᠠ ᠳ᠋ᠤ ᠤᠷᠤᠭᠤᠯᠵᠠᠢ᠃

ᠪᠢ ᠠᠵᠠᠲᠠᠢ ᠨᠡᠢᠬᠡᠮ ᠲᠤᠭᠤᠷᠢᠭ ᠵᠢᠡᠷ ᠰᠤᠷᠪᠤᠯᠵᠢᠯᠠᠵᠤ ᠪᠠᠢᠬᠤ ᠦᠶ᠎ᠡ ᠠᠳᠡ ᠪᠠᠰᠠ ᠨᠢᠭᠡ ᠱᠢᠨ᠎ᠡ ᠰᠤᠨᠢᠨ ᠭᠠᠵᠠᠷ 《ᠤᠮᠠᠷᠠᠲᠤ ᠬᠢᠵᠠᠭᠠᠷ ᠤ᠋ᠨ ᠰᠤᠶᠤᠯ ᠤ᠋ᠨ ᠠᠶ᠎ᠠ ᠳᠠᠭᠤᠤ ᠺᠢᠨᠤ᠋ ᠲᠧᠯᠸᠢᠰ ᠤ᠋ᠨ ᠦᠷᠦᠭᠡ ᠪᠤᠯᠤᠨ ᠤᠮᠠᠷᠠᠲᠤ ᠬᠢᠵᠠᠭᠠᠷ ᠤ᠋ᠨ ᠰᠤᠶᠤᠯ ᠤ᠋ᠨ ᠵᠤᠬᠢᠶᠠᠨ ᠪᠦᠲᠦᠭᠡᠬᠦ᠌ ᠦᠷᠦᠭᠡ》 ᠠᠵᠢᠯ ᠵᠢᠡᠨ ᠡᠬᠢᠯᠡᠭᠦᠯᠵᠤ ᠪᠠᠢᠯ᠎ᠠ᠃ ᠡᠨᠡ ᠦᠷᠦᠭᠡ ᠵᠢ ᠦᠪᠦᠷ ᠮᠤᠩᠭᠤᠯ ᠤ᠋ᠨ ᠷᠠᠳᠢᠤ᠋ ᠲᠧᠯᠸᠢᠰ ᠬᠤᠷᠢᠶᠠᠨ ᠤ᠋ ᠠᠵᠢᠯ ᠡᠴᠡ ᠪᠠᠨ ᠠᠮᠠᠷᠠᠭ᠍ᠰᠠᠨ ᠺᠠᠳ᠋ᠷ᠂ ᠠᠯᠳᠠᠷᠲᠤ ᠲᠧᠯᠸᠢᠰ ᠤᠷᠠᠯᠢᠭ᠍ᠴᠢᠨ᠂ ᠲᠠᠭᠤᠤ ᠵᠢᠨ ᠦᠭᠡ ᠵᠢᠨ ᠱᠢᠯᠦᠭ᠌ᠴᠢ ᠴᠤᠭ᠍ᠵᠢᠯᠲᠤ ᠭᠤᠸᠠᠢ ᠰᠡᠳᠤᠨ ᠪᠠᠢᠭᠤᠯᠵᠠᠢ᠃ ᠴᠤᠭ᠍ᠵᠢᠯᠲᠤ ᠭᠤᠸᠠᠢ ᠪᠤᠯ ᠲᠤᠭ ᠪᠠᠯᠭᠠᠰᠤᠨ ᠤ᠋ ᠮᠠᠢᠷᠠᠨᠰᠦᠢ᠍ᠮ᠎ᠡ ᠭᠠᠴᠠᠭᠠᠨ ᠤ᠋ ᠤᠤᠭᠠᠯ ᠶᠤᠮ᠃ ᠲᠡᠷᠡ ᠠᠵᠢᠯ ᠡᠴᠡ ᠪᠠᠨ ᠠᠮᠠᠷᠠᠭ᠍ᠰᠠᠨ ᠤ᠋ ᠲᠠᠷᠠᠭ᠎ᠠ ᠬᠡᠳᠤᠨ ᠠᠷᠪᠠᠨ ᠵᠢᠯ ᠤ᠋ᠨ ᠲᠤᠷᠰᠢ ᠦᠪᠡᠷ ᠤ᠋ᠨ ᠵᠤᠭᠤᠰ ᠮᠦᠩᠭᠦ᠎ᠪᠠᠷ ᠵᠢᠡᠨ ᠬᠤᠷᠠᠮᠳᠣᠭᠤᠯᠤᠨ ᠴᠤᠭ᠍ᠯᠠᠭᠤᠯᠤᠭ᠍ᠰᠠᠨ ᠪᠦᠭᠦᠳᠡ ᠬᠢᠲᠠᠳ ᠮᠤᠩᠭᠤᠯ ᠨᠤᠮ ᠪᠣᠯᠤᠨ ᠦᠪᠡᠷ ᠤ᠋ᠨ ᠵᠤᠬᠢᠶᠠᠯ ᠪᠦᠲᠦᠭᠡᠯ ᠵᠢᠡᠨ ᠦᠰᠴᠤ᠌ ᠲᠦᠷᠦᠭ᠌ᠰᠡᠨ ᠨᠤᠲᠤᠭ ᠲᠠᠭᠠᠨ ᠶᠠᠮᠠᠷ ᠴᠤ᠌ ᠦᠨ᠎ᠡ ᠲᠦᠯᠦᠪᠦᠷᠢ ᠦᠭᠡᠢ ᠪᠠᠷ ᠬᠠᠨᠳᠢᠪᠯᠠᠨ ᠡᠷᠭᠦᠵᠤ᠂ ᠲᠡᠷᠡᠴᠢᠯᠡᠨ ᠬᠤᠱᠢᠭᠤ ᠪᠠᠯᠭᠠᠰᠤ ᠬᠤᠶᠠᠷ ᠱᠠᠲᠤᠨ ᠤ᠋ ᠲᠡᠮᠵᠢᠯᠭᠡ ᠲᠤᠤᠷ᠎ᠠ 《ᠤᠮᠠᠷᠠᠲᠤ ᠬᠢᠵᠠᠭᠠᠷ ᠤ᠋ᠨ ᠰᠤᠶᠤᠯ ᠤ᠋ᠨ ᠠᠶ᠎ᠠ ᠳᠠᠭᠤᠤ ᠺᠢᠨᠤ᠋ ᠲᠧᠯᠸᠢᠰ ᠤ᠋ᠨ ᠦᠷᠦᠭᠡ ᠪᠤᠯᠤᠨ ᠤᠮᠠᠷᠠᠲᠤ ᠬᠢᠵᠠᠭᠠᠷ ᠤ᠋ᠨ ᠰᠤᠶᠤᠯ ᠤ᠋ᠨ ᠵᠤᠬᠢᠶᠠᠨ ᠪᠦᠲᠦᠭᠡᠬᠦ᠌ ᠦᠷᠦᠭᠡ》 ᠵᠢ ᠪᠠᠢᠭᠤᠯᠵᠠᠢ᠃

ᠪᠢ ᠠᠯᠲᠠᠨᠲᠤᠪᠴᠢ ᠮᠠᠱᠢᠪᠢᠯᠢᠭ᠌ ᠤ᠋ᠨ ᠲᠠᠭᠠᠭᠤᠯᠭ᠎ᠠ ᠪᠠᠷ ᠱᠢᠨ᠎ᠡ ᠪᠠᠷ ᠨᠡᠭᠡᠭᠡᠭ᠌ᠰᠡᠨ《ᠤᠮᠠᠷᠠᠲᠤ ᠬᠢᠵᠠᠭᠠᠷ ᠤ᠋ᠨ ᠰᠤᠶᠤᠯ ᠤ᠋ᠨ ᠠᠶ᠎ᠠ ᠳᠠᠭᠤᠤ ᠺᠢᠨᠤ᠋ ᠲᠧᠯᠸᠢᠰ ᠤ᠋ᠨ ᠦᠷᠦᠭᠡ ᠪᠤᠯᠤᠨ ᠤᠮᠠᠷᠠᠲᠤ ᠬᠢᠵᠠᠭᠠᠷ ᠤ᠋ᠨ ᠰᠤᠶᠤᠯ ᠤ᠋ᠨ ᠵᠤᠬᠢᠶᠠᠨ ᠪᠦᠲᠦᠭᠡᠬᠦ᠌ ᠦᠷᠦᠭᠡ》ᠵᠢ ᠲᠤᠭᠤᠷᠢᠨ ᠦᠵᠡᠪᠡ᠃ ᠡᠨᠡ ᠭᠠᠵᠠᠷ ᠨᠢ ᠳᠡᠯᠭᠡᠨ ᠦᠵᠡᠭᠦᠯᠬᠦ᠌ ᠦᠷᠦᠭᠡ ᠪᠤᠯᠤᠨ ᠠᠳᠡ ᠢᠷᠡᠵᠤ ᠠᠵᠢᠯᠯᠠᠬᠤ ᠬᠦᠮᠦᠰ ᠤ᠋ᠨ ᠠᠮᠠᠷᠠᠬᠤ ᠦᠷᠦᠭᠡ ᠵᠡᠷᠭᠡ ᠬᠤᠶᠠᠷ ᠭᠡᠰᠡᠭ ᠵᠢᠡᠷ ᠪᠦᠷᠢᠯᠳᠦᠵᠠᠢ ᠃ ᠳᠡᠯᠭᠡᠨ ᠦᠵᠡᠭᠦᠯᠬᠦ᠌ ᠦᠷᠦᠭᠡᠨ ᠳ᠋ᠤ ᠤᠷᠤᠪᠠᠯ᠂ ᠬᠠᠨ᠎ᠠ ᠬᠡᠷᠡᠮ ᠵᠢᠡᠷ ᠨᠢ ᠭᠠᠷᠭᠠᠭ᠍ᠰᠠᠨ ᠠᠪᠳᠠᠷ᠎ᠠ ᠬᠤᠷᠭᠤ ᠪᠤᠯᠤᠨ ᠨᠣᠮ ᠤ᠋ᠨ ᠲᠠᠯᠪᠢᠭᠤᠷ ᠵᠢᠡᠷ ᠨᠢ ᠳᠤᠮᠳᠠᠳᠤ ᠵᠢᠨ ᠲᠡᠤᠬᠡ ᠰᠤᠶᠤᠯ ᠤᠷᠠᠨ ᠵᠤᠬᠢᠶᠠᠯ ᠤ᠋ᠨ ᠰᠤᠩᠭᠤᠳᠠᠭ ᠨᠤᠮ ᠤ᠋ᠨ ᠪᠦᠷᠢᠨ ᠢᠵᠢ ᠪᠤᠯᠤᠨ ᠦᠪᠦᠷ ᠮᠤᠩᠭᠤᠯ ᠤ᠋ᠨ ᠲᠠᠭᠤᠤ ᠤᠷᠠᠯᠢᠭ ᠤ᠋ᠨ ᠨᠤᠮ ᠰᠤᠳᠤᠷ ᠱᠢᠩᠭᠡᠭᠡᠯᠲᠡ ᠵᠢᠨ ᠪᠦᠰᠡ᠂ ᠺᠢᠨᠤ᠋ ᠲᠧᠯᠸᠢᠰ ᠤ᠋ᠨ ᠤᠷᠠᠨ ᠪᠦᠲᠦᠭᠡᠯ ᠤ᠋ᠨ ᠲᠤᠬᠠᠢ ᠲᠠᠢ ᠨᠣᠮ ᠰᠤᠳᠤᠷ᠂ ᠷᠠᠳᠢᠤ᠋ ᠲᠧᠯᠸᠢᠰ ᠬᠤᠷᠢᠶ᠎ᠠ ᠵᠢᠨ ᠡᠯ᠎ᠡ ᠴᠠᠭ ᠦᠶ᠎ᠡ ᠳ᠋ᠤ ᠵᠠᠷᠤᠵᠤ ᠪᠠᠢᠭ᠍ᠰᠠᠨ ᠠᠳᠠᠯᠢ ᠪᠤᠰᠤ ᠰᠡᠭᠦᠳᠡᠷᠯᠡᠬᠦ᠌ ᠮᠠᠱᠢᠨ᠂ ᠱᠢᠩᠭᠡᠭᠡᠯᠲᠡ ᠵᠢᠨ ᠮᠠᠱᠢᠨ᠂ ᠵᠢᠷᠤᠭ ᠤ᠋ᠨ ᠮᠠᠱᠢᠨ᠂ ᠠᠳᠠᠯᠢ ᠪᠤᠰᠣ ᠴᠠᠭ ᠬᠤᠭᠤᠴᠠᠭᠠᠨ ᠳ᠋ᠤ ᠵᠠᠷᠤᠵᠤ ᠪᠠᠢᠭ᠍ᠰᠠᠨ ᠡᠯᠳᠡᠪ ᠶᠠᠩᠵᠤ ᠬᠡᠯᠪᠡᠷᠢ ᠲᠠᠢ ᠷᠡᠳᠢᠤ᠋ ᠪᠤᠯᠤᠨ ᠲᠧᠯᠸᠢᠰ᠂ ᠡᠯ᠎ᠡ ᠴᠠᠭ ᠦᠶ᠎ᠡ ᠵᠢᠨ ᠬᠡᠷᠡᠭ᠌ᠯᠡᠵᠦ᠍ ᠦᠩᠭᠡᠷᠡᠭ᠌ᠰᠡᠨ ᠱᠢᠩᠭᠡᠭᠡᠯᠲᠡ ᠵᠢᠨ ᠪᠦᠰᠡ ᠵᠡᠷᠭᠡ ᠵᠢ ᠲᠦᠭᠦᠷᠲᠡᠯ᠎ᠡ ᠪᠠᠨ ᠲᠠᠯᠪᠢᠵᠤ᠂ ᠨᠢᠭᠡᠨ ᠬᠠᠨᠠᠨ ᠳ᠋ᠤᠨᠢ ᠺᠢᠨᠤ᠋ ᠲᠧᠯᠸᠢᠰ ᠤ᠋ᠨ ᠪᠦᠲᠦᠭᠡᠯ ᠢ᠋ ᠲᠠᠯᠪᠢᠵᠤ ᠦᠵᠡᠭᠦᠯᠬᠦ᠌ ᠲᠤᠮᠤ ᠳᠡᠯᠭᠡᠴᠡ᠂ ᠨᠠᠭᠠᠨ᠎ᠠ ᠨᠢ ᠪᠦᠲᠦᠭᠡᠯ ᠢ᠋ ᠲᠠᠯᠪᠢᠵᠤ ᠦᠵᠡᠭᠦᠯᠬᠦ᠌ ᠮᠠᠱᠢᠨ ᠲᠤᠨᠤᠭ᠍ᠯᠠᠯ ᠢ᠋ ᠤᠭ᠍ᠰᠠᠷᠠᠭᠠᠳ᠂ ᠳᠤᠮᠳᠠ ᠨᠢ ᠺᠢᠨᠣ᠋ ᠦᠵᠡᠬᠦ᠂ ᠴᠢᠯᠤᠭᠡᠲᠤ ᠶᠠᠷᠢᠯᠴᠠᠭ᠎ᠠ ᠰᠤᠳᠤᠯᠭ᠎ᠠ ᠬᠢᠬᠦ᠌ ᠲᠤᠬᠢᠯᠢᠭ ᠰᠠᠢᠬᠠᠨ ᠱᠢᠷᠡᠭᠡ ᠰᠠᠨᠳᠠᠯᠢ ᠪᠡᠯᠡᠳᠭᠡᠵᠠᠢ᠃ ᠨᠢᠳᠦᠨ ᠳ᠋ᠤ ᠦᠷᠲᠦᠭ᠌ᠰᠡᠨ ᠪᠣᠯᠭᠠᠨ ᠦᠨ᠎ᠡ ᠭᠦᠷᠬᠦ᠌ ᠵᠦᠢᠯ᠂ ᠴᠤᠭ᠍ᠵᠢᠯᠲᠤ ᠭᠤᠸᠠᠢ ᠡᠳᠡᠭᠡᠷ ᠵᠦᠢᠯ ᠤ᠋ᠨ ᠤᠯᠠᠩᠬᠢ ᠵᠢ ᠨᠢ ᠬᠠᠭᠤᠴᠢᠨ ᠤ᠋ ᠵᠠᠬ᠎ᠠ ᠵᠡᠭᠡᠯᠢ ᠡᠴᠡ ᠦᠪᠡᠷ ᠵᠢᠡᠨ ᠮᠥᠩᠭᠦ᠌ ᠭᠠᠷᠭᠠᠵᠤ ᠪᠠᠢᠭᠠᠳ ᠬᠤᠳᠠᠯᠳᠤᠵᠤ ᠠᠪᠴᠢᠷᠠᠵᠠᠢ᠃

ᠭᠤᠷᠪᠠ᠂ ᠤᠬᠠᠭᠠᠨᠲᠠᠢ ᠴᠢᠳᠠᠯᠲᠤ ᠬᠦᠮᠦᠨ ᠱᠢᠨ᠎ᠡ ᠵᠢᠨ ᠰᠠᠷᠠᠨ ᠮᠡᠲᠥ᠍ ᠪᠠᠰᠠ ᠬᠦ᠌ ᠳᠡᠭᠡᠭ᠌ᠰᠢᠯᠡᠶᠦ᠍

2025 ᠣᠨ ᠤ᠋ 6 ᠰᠠᠷ᠎ᠠ ᠵᠢᠨ10  ᠤ᠋ ᠦᠷᠯᠦᠭᠡ ᠪᠢ ᠡᠷᠲᠡᠯᠡᠨ ᠪᠣᠰᠴᠣ ᠲᠤᠭ ᠪᠠᠯᠭᠠᠰᠤ ᠵᠢᠨ ᠠᠵᠠᠲᠠᠢ ᠨᠡᠢᠬᠡᠮ ᠲᠤᠭᠤᠷᠢᠭ ᠲᠦ᠍ ᠰᠠᠭᠤᠵᠤ ᠪᠠᠢᠭ᠎ᠠ ᠡᠷᠳᠡᠨᠢᠬᠤᠷᠯᠤ ᠠᠪᠠᠭ᠍ᠠᠢ ᠲᠠᠢ ᠠᠭᠤᠯᠵᠠᠨ ᠠᠵᠠᠲᠠᠢ ᠨᠡᠢᠬᠡᠮ ᠲᠤᠭᠤᠷᠢᠭ ᠤ᠋ᠨ ᠡᠮᠡᠭ᠌ᠲᠡᠢᠴᠦᠦᠯ ᠤ᠋ᠨ ᠭᠠᠷ ᠤᠷᠠᠯᠠᠯ᠂ ᠬᠠᠳᠭᠤᠮᠠᠯ ᠵᠢᠴᠢ ᠥᠭᠡᠷ᠎ᠡ ᠪᠤᠰᠤᠳ ᠲᠠᠯ᠎ᠠ ᠪᠠᠷ ᠤᠯᠤᠭ᠍ᠰᠠᠨ ᠠᠮᠵᠢᠯᠲᠠ ᠪᠦᠲᠦᠮᠵᠢ ᠵᠢ ᠤᠢᠯᠠᠭᠠᠬᠤ ᠭᠡᠵᠤ ᠲᠡᠳᠡᠨ ᠤ᠋ ᠬᠢ ᠤᠷᠣᠭᠤ ᠠᠯᠬᠤᠭ᠍ᠰᠠᠨ ᠶᠤᠮ᠃ ᠠᠵᠠᠲᠠᠢ ᠨᠡᠢᠬᠡᠮ ᠲᠤᠭᠤᠷᠢᠭ ᠤ᠋ᠨ ᠬᠦᠷᠢᠶᠡᠨ ᠳ᠋ᠤ ᠶᠠᠪᠤᠵᠤ ᠪᠠᠢᠲᠠᠯ᠎ᠠ ᠪᠠᠨ ᠴᠢᠯᠠᠭᠤ ᠨᠠᠰᠤᠲᠠᠨ ᠲᠠᠢ ᠤᠴᠠᠷᠠᠵᠤ ᠬᠡᠷᠡᠭ ᠵᠣᠷᠢᠭ ᠢ᠋ ᠮᠢᠨᠢ ᠮᠡᠳᠡᠭᠡᠳ᠄ 《ᠡᠷᠳᠡᠨᠢᠬᠤᠷᠯᠤ ᠬᠡᠤᠬᠡᠨ ᠬᠦᠬᠡᠬᠤᠲᠠ ᠳ᠋ᠤ ᠶᠠᠪᠤᠴᠢᠬᠠᠭ᠍ᠰᠠᠨ ᠪᠠᠢᠬᠤ᠂ ᠦᠴᠦᠭᠡᠳᠦᠷ ᠬᠡᠤᠬᠡᠨ ᠤᠶᠠᠩᠭ᠎ᠠ ᠨᠢ ᠬᠤᠶᠠᠳᠤᠭᠠᠷ ᠬᠡᠤᠬᠡᠳ ᠵᠢᠡᠨ ᠲᠦᠷᠦᠭᠦᠯᠦᠭ᠌ᠰᠡᠨ ᠭᠡᠵᠤ ᠪᠠᠢᠨ᠎ᠠ ᠯᠠᠢ! ᠨᠠᠭᠠᠴᠤ᠌ ᠡᠮᠧ ᠪᠤᠯᠤᠭ᠍ᠰᠠᠨ ᠬᠦᠮᠦᠨ ᠬᠥᠯ ᠨᠢ ᠭᠠᠵᠠᠷ ᠬᠦᠷᠬᠦ᠌ ᠦᠭᠡᠢ ᠳᠡᠷᠪᠡᠵᠤ ᠪᠠᠢᠯᠭᠦᠢ᠂ ᠬᠡᠤᠬᠡᠨ ᠲᠠᠢ ᠭᠦᠬᠡᠬᠤᠲᠠ ᠳ᠋ᠤ ᠤᠴᠢᠭᠠᠳ ᠵᠤᠯᠭ᠎ᠠ!》 ᠭᠡᠰᠡᠨ ᠪᠢᠯᠡ᠃ ᠪᠢ ᠴᠢᠯᠠᠭᠤ ᠨᠠᠰᠤᠲᠠᠨ ᠢ᠋ ᠤᠯᠠᠨ ᠵᠢᠯ ᠤ᠋ᠨ ᠡᠮᠦᠨ᠎ᠡ ᠰᠤᠷᠪᠤᠯᠵᠢᠯᠠᠵᠤ ᠪᠠᠢᠭ᠍ᠰᠠᠨ ᠵᠢᠡᠷ ᠰᠠᠢᠨ ᠲᠠᠨᠢᠳᠠᠭ᠂ ᠡᠷᠳᠡᠨᠢᠬᠤᠷᠯᠤ ᠭᠡᠰᠡᠨ ᠬᠡᠤᠬᠡᠨ ᠲᠠᠢ ᠪᠠᠢᠭ᠍ᠰᠠᠨ ᠡᠰᠡᠬᠦ᠌ ᠵᠢ ᠬᠠᠷᠢᠨ ᠮᠡᠳᠡᠳᠡᠭ ᠦᠭᠡᠢ ᠪᠠᠢᠭ᠍ᠰᠠᠨ ᠶᠤᠮ᠃ ᠭᠡᠲᠡᠯ᠎ᠡ ᠰᠡᠭᠦᠯᠡᠷ ᠨᠢ ᠪᠢ ᠰᠠᠭᠤᠭᠠᠯᠢ ᠲᠤᠭᠤᠷᠢᠭ ᠤ᠋ᠨ ᠨᠠᠰᠤᠲᠠᠢᠴᠤᠤᠯ ᠪᠥᠭᠦᠳᠡ ᠡᠷᠳᠡᠨᠢᠬᠤᠷᠯᠤ ᠵᠢ 《ᠮᠢᠨᠦ᠍ ᠬᠡᠤᠬᠡᠨ!》 ᠭᠡᠳ ᠪᠡᠶ᠎ᠡ ᠤᠷᠤᠭᠤ ᠪᠠᠨ ᠤᠢᠷᠠᠲᠣᠭᠤᠯᠬᠤ ᠳᠤᠷᠠᠲᠠᠢ ᠪᠠᠢᠳᠠᠭ ᠢ᠋ ᠮᠡᠳᠡᠭ᠌ᠰᠡᠨ ᠶᠤᠮ᠃ ᠴᠢᠯᠠᠭᠤ ᠨᠠᠰᠤᠲᠠᠨ ᠤ᠋ ᠦᠭᠡ ᠪᠠᠷ ᠬᠡᠳᠦᠨ ᠡᠳᠦᠷ ᠤ᠋ᠨ ᠳᠠᠷᠠᠭ᠎ᠠ ᠪᠢ ᠬᠦᠬᠡᠬᠤᠲᠠ ᠳ᠋ᠤ ᠡᠷᠳᠡᠨᠢᠬᠤᠷᠯᠤ ᠠᠪᠠᠭ᠍ᠠᠢ ᠲᠠᠢ ᠠᠭᠤᠯᠵᠠᠵᠤ᠂ ᠠᠵᠠᠲᠠᠢ ᠲᠤᠭᠤᠷᠢᠭ ᠲᠦ᠍ ᠠᠳᠠᠯ ᠦᠢᠯᠡᠰ ᠪᠤᠰᠭᠠᠵᠤ ᠶᠠᠪᠤᠭ᠍ᠰᠠᠨ ᠲᠠᠯ᠎ᠠ ᠪᠠᠷ ᠪᠠᠰᠠ ᠨᠢᠭᠡᠨ ᠠᠯᠬᠤᠮ ᠤ᠋ᠨ ᠱᠢᠨ᠎ᠡ ᠤᠯᠤᠯᠲᠠ ᠲᠠᠢ ᠪᠤᠯᠤᠭ᠍ᠰᠠᠨ ᠶᠤᠮ᠃

1995 ᠣᠨ ᠤ᠋ ᠦᠶᠡᠰ ᠡᠴᠡ ᠡᠬᠢᠯᠡᠨ ᠮᠠᠢᠷᠠᠠᠰᠦ᠋ᠮ᠎ᠡ ᠭᠠᠴᠠᠭᠠᠨ ᠤ᠋ ᠪᠠᠨ ᠡᠮᠡᠭ᠌ᠲᠡᠢᠴᠦᠳ ᠤ᠋ᠨ ᠬᠤᠯᠪᠤᠭᠠᠲᠤ ᠬᠤᠷᠠᠯ ᠤ᠋ᠨ ᠡᠷᠬᠢᠯᠡᠭ᠌ᠴᠢ ᠵᠢᠨ ᠠᠵᠢᠯ ᠢ᠋ ᠬᠢᠵᠣ ᠢᠷᠡᠭ᠌ᠰᠡᠨ ᠡᠷᠳᠡᠨᠢᠬᠤᠷᠯᠤ ᠠᠪᠠᠭ᠍ᠠᠢ ᠮᠠᠢᠷᠠᠠᠰᠦ᠋ᠮ᠎ᠡ ᠨᠤᠲᠤᠭ ᠳᠡᠭᠡᠷ᠎ᠡ ᠪᠠᠨ ᠦᠰᠴᠤ᠌ ᠦᠨᠳᠡᠢᠵᠤ ᠠᠢᠯ ᠭᠡᠷ ᠵᠢᠡᠨ ᠪᠠᠢᠭᠤᠯᠵᠤ᠂ ᠠᠴᠢᠷ ᠬᠡᠤᠬᠡᠳ ᠵᠢᠡᠨ ᠦᠰᠭᠡᠨ ᠬᠦᠮᠦᠵᠢᠭᠦᠯᠵᠤ᠂ ᠭᠠᠴᠠᠭᠠᠨ ᠤ᠋ ᠡᠮᠡᠭ᠌ᠲᠡᠢᠴᠦᠳ ᠤ᠋ᠨ ᠠᠵᠢᠯ ᠢ᠋ ᠦᠪᠡᠷ ᠤ᠋ᠨ ᠭᠡᠷ ᠤ᠋ᠨ ᠬᠢᠲᠡᠯ ᠮᠡᠲᠥ᠍ ᠦᠵᠡᠭ᠌ᠰᠡᠭᠡᠷ ᠢᠷᠡᠵᠠᠢ᠃ ᠨᠡᠭᠦᠷᠡᠰᠦᠨ ᠠᠭᠤᠷᠬᠠᠢ ᠭᠠᠷᠭᠠᠬᠤ ᠵᠡᠷᠭᠡ ᠠᠵᠤ ᠦᠢᠯᠡᠳᠪᠦᠷᠢ ᠵᠢᠨ ᠬᠦᠭ᠌ᠵᠢᠯᠲᠡ ᠵᠢᠨ ᠱᠠᠭᠠᠷᠳᠠᠯᠠᠭ᠎ᠠ ᠪᠠᠷ᠂ 2009 ᠣᠨ ᠤ᠋ ᠦᠶᠡᠰ ᠡᠴᠡ ᠡᠬᠢᠯᠡᠨ ᠲᠤᠭ ᠪᠠᠯᠭᠠᠰᠣᠨ ᠤ᠋ ᠮᠠᠢᠷᠠᠠᠰᠦ᠋ᠮ᠎ᠡ ᠭᠠᠴᠠᠭᠠᠨ ᠤ᠋ ᠵᠠᠭᠤᠨ ᠤ᠋ ᠳᠠᠯᠠ ᠨᠠᠶᠠ ᠵᠢᠨ ᠡᠷᠦᠬᠡ ᠵᠢ ᠲᠤᠭ ᠪᠠᠯᠭᠠᠰᠣᠨ ᠤ᠋ ᠮᠠᠢᠷᠠᠠᠰᠦ᠋ᠮ᠎ᠡ ᠰᠠᠭᠤᠭᠠᠯᠢ ᠠᠷᠠᠳ ᠤ᠋ᠨ ᠲᠤᠭᠤᠷᠢᠭ ᠲᠦ᠍ ᠲᠦᠪᠯᠡᠷᠡᠭᠦᠯᠦᠨ ᠰᠠᠭᠤᠯᠭᠠᠬᠤ ᠤᠴᠢᠷ ᠭᠠᠷᠴᠤ᠌ ᠢᠷᠡᠵᠠᠢ᠃《ᠬᠤᠲᠠ ᠵᠡᠭᠡᠯᠢ ᠭᠠᠵᠠᠷ ᠲᠦ᠍ ᠢᠷᠡᠵᠤ ᠠᠮᠢᠳᠤᠷᠠᠭ᠍ᠰᠠᠨ ᠤ᠋ ᠬᠤᠢᠨ᠎ᠠ ᠵᠦᠭᠡᠷ ᠱᠢᠭ ᠲᠦᠷᠦᠭ᠌ᠰᠡᠨ ᠵᠠᠯᠠᠭᠤ ᠪᠦᠰᠡᠭᠦᠢᠴᠤᠤᠯ ᠨᠢ ᠵᠤᠭᠤᠰ ᠲᠠᠢ ᠬᠦᠮᠦᠨ ᠢ᠋ ᠳᠠᠭᠠᠵᠤ ᠠᠷᠢᠯᠤᠭᠠᠳ᠂ ᠭᠤᠣᠨᠢ ᠡᠷᠡᠴᠤᠤᠯ ᠤᠯᠠᠨ ᠪᠣᠯᠵᠤ ᠡᠬᠢᠯᠡᠬᠦ᠌ ᠪᠤᠢ!》 ᠭᠡᠰᠡᠨ ᠮᠠᠭᠤ ᠦᠭᠡ ᠴᠤ᠌ ᠬᠤᠲᠠ ᠵᠡᠭᠡᠯᠢ ᠪᠤᠯᠤᠨ ᠨᠡᠢᠬᠡᠮ ᠨᠡᠢᠲᠡ ᠵᠢᠨ ᠳᠤᠮᠳᠠ ᠲᠠᠷᠬᠠᠵᠤ ᠮᠠᠯᠴᠢᠳ ᠤ᠋ᠨ ᠰᠡᠳᠭᠢᠯ ᠰᠠᠨᠠᠭᠠᠨ ᠤ᠋ ᠳᠠᠷᠤᠭᠠᠰᠤ ᠵᠢ ᠤᠯᠠᠮ ᠢᠯᠡᠭᠦᠦ ᠨᠡᠮᠡᠭ᠌ᠳᠡᠭᠦᠯᠵᠡᠢ᠃ ᠡᠨᠡ ᠪᠠᠢᠳᠠᠯ ᠢ᠋ ᠶᠠᠭᠠᠬᠢᠵᠤ ᠲᠦᠷᠭᠡᠨ ᠬᠤᠪᠢᠷᠠᠭᠤᠯᠤᠨ᠂ ᠰᠡᠳᠭᠢᠯ ᠰᠠᠨᠠᠭᠠᠨ ᠤ᠋ ᠭᠡᠮ ᠠᠷᠬᠠᠭ ᠢ᠋ ᠨᠢ ᠵᠠᠰᠠᠨ᠎ᠠ ᠤᠤ?ᠡᠨᠡ ᠪᠣᠯ ᠮᠠᠯᠴᠢᠳ ᠢ᠋ ᠱᠢᠨ᠎ᠡ ᠤᠷᠴᠢᠨ ᠳ᠋ᠤ ᠠᠪᠴᠢᠷᠠᠭ᠍ᠰᠠᠨ ᠤ᠋ ᠬᠤᠢᠨ᠎ᠠ ᠡᠮᠡᠭ᠌ᠲᠡᠢᠴᠦᠦᠯ ᠤ᠋ᠨ ᠠᠵᠢᠯ ᠢ᠋ ᠬᠢᠵᠤ ᠪᠠᠢᠭ᠎ᠠ ᠡᠷᠳᠡᠨᠢᠬᠤᠷᠯᠤ ᠵᠢᠨ ᠡᠮᠦᠨ᠎ᠡ ᠲᠤᠯᠭᠠᠷᠠᠭ᠍ᠰᠠᠨ ᠱᠢᠨ᠎ᠡ ᠠᠰᠠᠭᠤᠯᠲᠠ ᠪᠠᠢᠯ᠎ᠠ᠃ ᠡᠨᠡ ᠠᠰᠠᠭᠤᠳᠠᠯ ᠢ᠋ ᠰᠢᠢᠳᠪᠦᠷᠢᠯᠡᠬᠦ᠌ ᠵᠢᠨ ᠲᠦᠯᠦᠭᠡ ᠲᠡᠷᠡ ᠮᠠᠯᠴᠢᠳ ᠤ᠋ᠨ ᠭᠠᠷ ᠢ᠋ ᠨᠢ ᠬᠦᠳᠡᠯᠭᠡᠨ ᠰᠡᠳᠭᠢᠯ ᠰᠠᠨᠠᠭ᠎ᠠ ᠵᠢ ᠨᠢ ᠵᠠᠰᠠᠵᠤ ᠪᠠᠢᠬᠤ ᠵᠢᠨ ᠲᠤᠯᠠ 2010 ᠣᠨ ᠤ᠋ ᠡᠬᠢᠨ ᠳ᠋ᠤ ᠮᠠᠢᠷᠠᠠᠰᠦ᠋ᠮ᠎ᠡ ᠭᠠᠴᠠᠭᠠᠨ ᠤ᠋ ᠠᠩᠬᠠᠳᠠᠭ᠍ᠴᠢ ᠮᠠᠯᠴᠢᠳ ᠤ᠋ᠨ ᠤᠷᠠᠯᠢᠭ ᠤ᠋ᠨ ᠪᠦᠯᠬᠦᠮ ᠢ᠋ ᠪᠠᠢᠭᠤᠯᠵᠠᠢ᠃ ᠨᠡᠢᠬᠡᠮ ᠲᠤᠭᠤᠷᠢᠭ ᠲᠦ᠍ ᠢᠷᠡᠭᠡᠳ ᠰᠤᠯᠠ ᠰᠠᠭᠤᠵᠤ ᠪᠠᠢᠭ᠎ᠠ ᠡᠮᠡᠭ᠌ᠲᠡᠢᠴᠦᠳ ᠪᠤᠯᠤᠨ ᠬᠦᠳᠡᠭᠡ ᠵᠢᠨ ᠠᠵᠢᠯ ᠵᠢᠡᠨ ᠵᠤᠬᠢᠴᠠᠭᠤᠯᠤᠨ ᠴᠠᠭ ᠭᠠᠷᠭᠠᠭ᠍ᠰᠠᠨ ᠭᠠᠴᠠᠭᠠᠨ ᠤ᠋ ᠮᠠᠯᠴᠢᠳ ᠢ᠋ ᠵᠤᠬᠢᠶᠠᠨ ᠪᠠᠢᠭᠤᠯᠤᠨ 《ᠤᠷᠳᠤᠰ ᠬᠤᠷᠢᠮ》᠂ 《ᠰᠠᠪᠬᠠᠨ ᠪᠦᠵᠢᠭ》 ᠂ 《ᠲᠠᠯ᠎ᠠ ᠨᠤᠲᠤᠭ ᠤ᠋ᠨ ᠢᠷᠦᠭᠡᠯ ᠵᠦᠩᠨᠡᠯ》 ᠵᠡᠷᠭᠡ ᠮᠠᠯᠴᠢᠳ ᠤ᠋ᠨ ᠰᠡᠳᠭᠢᠯ ᠰᠠᠨᠠᠭ᠎ᠠ ᠵᠢ ᠲᠡᠨᠢᠢᠯᠭᠡᠭ᠌ᠰᠡᠨ 20 ᠭᠠᠷᠤᠢ ᠲᠤᠭ᠍ᠯᠠᠯᠲᠠ ᠵᠢ ᠪᠣᠯᠪᠠᠰᠤᠷᠠᠨ᠂ ᠲᠠᠢᠰᠠᠨ ᠳ᠋ᠤ ᠭᠠᠷᠴᠤ᠌ ᠲᠤᠭ᠍ᠯᠠᠬᠤ ᠪᠡᠯᠡᠳᠭᠡᠯ ᠵᠢᠡᠨ ᠬᠢᠵᠠᠢ᠃ ᠪᠦᠵᠢᠭ ᠪᠣᠯᠪᠠᠰᠤᠷᠠᠬᠤ ᠭᠠᠵᠠᠷ ᠤᠯᠳᠠᠬᠤ ᠦᠭᠡᠢ ᠪᠣᠯᠬᠤᠷ ᠰᠠᠭᠤᠭᠠᠯᠢ ᠲᠤᠭᠤᠷᠢᠭ ᠤ᠋ᠨ ᠠᠢᠯ ᠤ᠋ᠨ ᠭᠡᠷ ᠤ᠋ᠳ ᠵᠢᠡᠷ ᠡᠭᠡᠯᠵᠢᠯᠡᠨ ᠪᠣᠯᠪᠠᠰᠤᠷᠠᠳᠠᠭ ᠃ ᠪᠦᠵᠢᠭ ᠤ᠋ᠨ ᠬᠤᠪᠴᠠᠰᠣ ᠪᠠᠢᠬᠤ ᠦᠭᠡᠢ ᠪᠣᠯᠬᠤᠷ ᠤᠷᠢᠳ ᠵᠢᠡᠷ ᠦᠪᠡᠷᠰᠡᠳ ᠵᠢᠡᠨ ᠵᠤᠭᠤᠰ ᠴᠤᠭ᠍ᠯᠠᠭᠤᠯᠵᠤ ᠬᠤᠪᠴᠠᠰᠤ ᠠᠪᠳᠠᠭ᠃ ᠶᠠᠭᠤ ᠴᠤ᠌ ᠦᠭᠡᠢ ᠵᠢᠨ ᠰᠠᠭᠤᠷᠢᠨ ᠳᠡᠭᠡᠷ᠎ᠡ ᠪᠤᠢ ᠪᠣᠯᠤᠭ᠍ᠰᠠᠨ ᠡᠨᠡ ᠬᠦ᠌ ᠮᠠᠯᠴᠢᠳ ᠤ᠋ᠨ ᠤᠷᠠᠯᠢᠭ ᠤ᠋ᠨ ᠪᠦᠯᠬᠦᠮ᠂ ᠡᠷᠳᠡᠨᠢᠬᠤᠷᠯᠤ ᠠᠪᠠᠭ᠍ᠠᠢ ᠵᠢᠨ ᠳᠠᠭᠠᠭᠤᠯᠭ᠎ᠠ ᠪᠠᠷ ᠬᠦᠴᠢᠷ ᠪᠦᠬᠦᠨ ᠢ᠋ ᠳᠠᠪᠠᠨ ᠭᠠᠷᠴᠤ᠌᠂ ᠬᠤᠱᠢᠭᠤᠨ ᠤ᠋ ᠲᠤᠲᠤᠷ᠎ᠠ ᠪᠠᠨ ᠱᠢᠯᠭᠠᠷᠠᠨ ᠭᠠᠷᠴᠤ᠌ ᠠᠯᠢ ᠤᠯᠠᠨ ᠱᠠᠩᠨᠠᠯ ᠬᠥᠬᠢᠭᠦᠯᠦᠯ ᠢ᠋ ᠤᠯᠤᠭ᠍ᠰᠠᠨ ᠵᠢᠡᠷ ᠪᠠᠷᠠᠬᠤ ᠦᠭᠡᠢ᠂ 2016 ᠣᠨ ᠳ᠋ᠤ ᠱᠢᠶᠠᠩᠭᠠᠩ ᠤ᠋ᠨ ᠤᠯᠠᠨ ᠤᠯᠤᠰ ᠤ᠋ᠨ ᠨᠠᠰᠤᠲᠠᠢᠴᠤᠳ ᠤ᠋ᠨ ᠤᠷᠠᠯᠢᠭ ᠤ᠋ᠨ ᠡᠲᠦᠷᠯᠢᠭ ᠲᠦ᠍ ᠤᠷᠤᠯᠴᠠᠨ᠂《ᠲᠠᠯ᠎ᠠ ᠨᠤᠲᠤᠭ ᠤ᠋ᠨ ᠢᠷᠦᠭᠡᠯ ᠵᠦᠩᠨᠡᠯ》 ᠭᠡᠬᠦ᠌ ᠲᠤᠭ᠍ᠯᠠᠯᠲᠠ ᠪᠠᠷ ᠵᠢᠡᠨ ᠠᠯᠲᠠᠨ ᠬᠤᠨᠳᠠᠭ᠎ᠠ ᠵᠢᠨ ᠱᠠᠩᠨᠠᠯ ᠢ᠋ ᠨᠢ ᠳᠤᠰᠤᠨ ᠠᠪᠴᠠᠢ᠃ 2012 ᠣᠨ ᠳ᠋ᠤ ᠡᠷᠳᠡᠨᠢᠬᠤᠷᠯᠤ ᠠᠪᠠᠭ᠍ᠠᠢ 《ᠮᠠᠢᠷᠠᠠᠰᠦ᠋ᠮ᠎ᠡ ᠭᠠᠴᠠᠭᠠᠨ ᠤ᠋ ᠬᠠᠳᠭᠤᠮᠠᠯ ᠤᠷᠠᠯᠠᠯ ᠤ᠋ᠨ ᠨᠡᠢᠬᠡᠮᠯᠢᠭ》 ᠢ᠋ ᠪᠠᠢᠭᠤᠯᠵᠤ᠂ ᠤᠷᠠᠨ ᠭᠠᠷ ᠲᠠᠢ ᠪᠦᠰᠡᠭᠦᠢᠴᠤᠤᠯ ᠵᠢᠡᠷ ᠤᠯᠠᠮᠵᠢᠯᠠᠯᠲᠤ ᠬᠠᠳᠭᠤᠮᠠᠯ ᠤᠷᠠᠯᠠᠯ ᠢ᠋ ᠬᠢᠯᠭᠡᠪᠡ᠃ ᠡᠨᠡ ᠲᠤᠲᠤᠷ᠎ᠠ ᠡᠴᠡ ᠭᠦᠭᠦᠷ ᠳᠠᠯᠢᠩ ᠤ᠋ᠨ ᠬᠠᠳᠭᠤᠮᠠᠯ᠂ ᠤᠷᠳᠤᠰ ᠲᠤᠯᠤᠭᠠᠢ ᠵᠢᠨ ᠵᠠᠰᠠᠯ᠂ ᠳᠠᠷᠤᠭᠤᠯᠭ᠎ᠠ ᠵᠡᠷᠭᠡ ᠪᠦᠲᠥᠭᠡᠯ ᠤ᠋ᠳ ᠤᠯᠠᠨ ᠤ᠋ ᠠᠩᠬᠠᠷᠤᠯ ᠳ᠋ᠤ ᠬᠦᠷᠴᠤ᠌ ᠡᠬᠢᠯᠡᠨ᠂ ᠰᠠᠢᠬᠠᠨ ᠤᠷᠠᠯᠠᠵᠤ ᠬᠢᠭ᠌ᠰᠡᠨ ᠭᠦᠬᠦᠷ ᠳᠠᠯᠢᠩ 3000 ᠲᠦᠭᠦᠷᠢᠭ ᠲᠦ᠍ ᠬᠦᠷᠬᠦ᠌ ᠪᠣᠯᠪᠠ᠃ ᠡᠷᠳᠡᠨᠢᠬᠤᠷᠯᠣ ᠠᠪᠠᠭ᠍ᠠᠢ ᠦᠤᠱᠢᠨ ᠬᠤᠱᠢᠭᠤᠨ ᠤ᠋ ᠠᠨᠳᠠ ᠠᠵᠢᠯ ᠮᠡᠷᠭᠡᠵᠢᠯ ᠤ᠋ᠨ ᠰᠤᠷᠭᠠᠭᠤᠯᠢ ᠵᠡᠷᠭᠡ ᠪᠠᠢᠭᠤᠯᠭ᠎ᠠ ᠲᠠᠢ ᠬᠠᠮᠵᠢᠯᠴᠠᠨ᠂ ᠬᠠᠳᠭᠤᠮᠠᠯ ᠤᠷᠠᠯᠠᠯ᠂ ᠲᠤᠯᠤᠭᠠᠢ ᠵᠢᠨ ᠵᠠᠰᠠᠯ ᠴᠢᠮᠡᠭ᠌ᠯᠡᠯ᠂ ᠬᠤᠪᠴᠠᠰᠤ ᠵᠠᠰᠠᠯ ᠢ᠋ ᠤᠷᠠᠯᠠᠨ ᠤᠶᠤᠬᠤ ᠲᠠᠯ᠎ᠠ ᠵᠢᠨ ᠦᠨ᠎ᠡ ᠲᠦᠯᠦᠪᠦᠷᠢ ᠦᠭᠡᠢ ᠪᠣᠯᠪᠠᠰᠤᠷᠠᠯ ᠢ᠋ ᠤᠯᠠᠨ ᠤᠳᠠᠭ᠎ᠠ ᠡᠷᠬᠢᠯᠡᠨ᠂ ᠬᠡᠳᠦᠨ ᠵᠠᠭᠤᠨ ᠨᠡᠷ᠎ᠡ ᠪᠦᠰᠡᠭᠦᠢᠴᠤᠤᠯ ᠳ᠋ᠤ ᠪᠣᠯᠪᠠᠰᠤᠷᠠᠯ ᠬᠦᠷᠲᠡᠭᠡᠵᠠᠢ᠃ 2016 ᠣᠨ ᠳ᠋ᠤ ᠲᠡᠷᠡ ᠮᠠᠯᠴᠢᠳ ᠤ᠋ᠨ ᠤᠷᠠᠯᠢᠭ ᠤ᠋ᠨ ᠠᠩᠭᠢ ᠪᠤᠯᠤᠨ ᠤᠷᠠᠨ ᠬᠠᠳᠭᠤᠮᠠᠯ ᠤ᠋ᠨ ᠨᠡᠢᠬᠡᠮᠯᠢᠭ ᠵᠢᠡᠨ ᠨᠢᠭᠡᠳᠭᠡᠭᠡᠳ 《ᠮᠠᠢᠷᠠᠨᠰᠦ᠋ᠮ᠎ᠡ ᠭᠠᠴᠠᠭᠠᠨ ᠤ᠋ ᠰᠤᠶᠤᠯ ᠤ᠋ᠨ ᠦᠢᠯᠡᠴᠢᠯᠡᠭᠡᠨ ᠤ᠋ ᠨᠡᠢᠬᠡᠮᠯᠢᠭ》ᠢ᠋ ᠪᠠᠢᠭᠤᠯᠤᠭ᠍ᠰᠠᠨ ᠤ᠋ ᠬᠠᠮᠲᠤ᠌᠂ ᠮᠠᠢᠷᠠᠠᠰᠦ᠋ᠮ᠎ᠡ ᠰᠠᠭᠤᠭᠠᠯᠢ ᠠᠷᠠᠳ ᠤ᠋ᠨ ᠲᠤᠭᠤᠷᠢᠭ ᠤ᠋ᠨ ᠠᠯᠪᠠᠨ ᠠᠰᠠᠷ ᠤ᠋ᠨ ᠨᠢᠭᠡᠳᠦᠭᠡᠷ ᠲᠠᠪᠬᠤᠷᠯᠢᠭ ᠲᠦ᠍ ᠤᠷᠠᠨ ᠬᠠᠳᠭᠤᠮᠠᠯ ᠤ᠋ᠨ ᠳᠡᠯᠭᠡᠨ ᠦᠵᠡᠭᠦᠯᠭᠡ ᠵᠢᠨ ᠦᠷᠦᠭᠡ ᠵᠢ ᠭᠠᠷᠭᠠᠵᠤ᠂ 140 ᠭᠠᠷᠤᠢ ᠲᠦᠷᠥᠯ ᠤ᠋ᠨ ᠮᠠᠯᠴᠢᠳ ᠤ᠋ᠨ ᠬᠢᠭ᠌ᠰᠡᠨ ᠡᠳᠦᠷ ᠲᠤᠲᠤᠮ ᠤ᠋ᠨ ᠬᠡᠷᠡᠭ᠌ᠯᠡᠭᠡᠨ ᠤ᠋ ᠪᠦᠲᠦᠭᠡᠭ᠌ᠳᠡᠭᠦᠨ᠂ 50 ᠭᠠᠷᠤᠢ ᠲᠦᠷᠥᠯ ᠤ᠋ᠨ ᠮᠠᠯᠴᠢᠳ ᠤ᠋ᠨ ᠬᠢᠭ᠌ᠰᠡᠨ ᠤᠷᠠᠨ ᠬᠠᠳᠭᠤᠮᠠᠯ᠂ ᠤᠷᠠᠨ ᠭᠦᠷᠦᠮᠡᠯ ᠤ᠋ᠨ ᠡᠳᠦᠷ ᠲᠤᠳᠤᠮ ᠤ᠋ᠨ ᠬᠡᠷᠡᠭ᠌ᠯᠡᠭᠡᠨ ᠤ᠋ ᠪᠦᠲᠦᠭᠡᠭ᠌ᠳᠡᠭᠦᠨ ᠢ᠋ ᠳᠡᠯᠭᠡᠨ ᠦᠵᠡᠭᠦᠯᠵᠤ᠂ ᠲᠤᠭᠤᠷᠢᠵᠤ ᠢᠷᠡᠭ᠌ᠰᠡᠨ ᠠᠶᠠᠯᠠᠯ ᠵᠢᠭᠤᠯᠴᠢᠯᠠᠯ ᠤ᠋ᠨ ᠬᠦᠮᠦᠰ ᠲᠦ᠍ 《ᠬᠡᠨ ᠤ᠋ ᠬᠢᠭ᠌ᠰᠡᠨ ᠪᠦᠲᠦᠭᠡᠭ᠌ᠳᠡᠭᠦᠨ ᠲᠤᠭᠤᠭ᠍ᠳᠠᠭᠠᠳ ᠬᠤᠳᠠᠯᠳᠤᠭ᠍ᠳᠠᠵᠤ ᠭᠠᠷᠪᠠᠯ ᠤᠷᠤᠯᠭ᠎ᠠ ᠨᠢ ᠲᠡᠭᠦᠨ ᠤ᠋ ᠪᠣᠯᠬᠤ》 ᠭᠡᠰᠡᠨ ᠵᠢᠡᠷ᠂ ᠦᠪᠡᠷ ᠤ᠋ᠨ ᠪᠦᠲᠦᠭᠡᠯ ᠵᠢᠡᠨ ᠠᠳᠡ ᠠᠪᠴᠢᠷᠠᠭᠠᠳ ᠳᠡᠯᠭᠡᠨ ᠦᠵᠡᠭᠦᠯᠬᠦ᠌ ᠬᠦᠮᠦᠰ ᠤ᠋ᠨ ᠲᠤᠭ᠎ᠠ ᠦᠳᠲᠡᠷ ᠲᠦᠷᠭᠡᠨ ᠨᠡᠮᠡᠭ᠌ᠳᠡᠨ᠂ ᠮᠠᠯᠴᠢᠳ ᠤ᠋ᠨ ᠤᠷᠤᠯᠭ᠎ᠠ ᠠᠱᠢᠭ ᠴᠤ᠌ ᠳᠡᠭᠡᠭ᠌ᠰᠢᠯᠡᠵᠦ᠍᠂ ᠤᠷᠮ᠎ᠠ ᠵᠣᠷᠢᠭ ᠢ᠋ ᠨᠢ ᠴᠤ᠌ ᠤᠯᠠᠮ ᠢᠯᠡᠭᠦᠦ ᠳᠠᠢᠴᠢᠯᠠᠵᠤ ᠴᠢᠳᠠᠵᠠᠢ᠃ 2020 ᠣᠨ ᠳ᠋ᠤ ᠡᠷᠳᠡᠨᠢᠬᠤᠷᠯᠤ ᠠᠪᠠᠭ᠍ᠠᠢ ᠤᠷᠠᠨ ᠬᠠᠳᠭᠤᠮᠠᠯ ᠤ᠋ᠨ ᠨᠡᠢᠬᠡᠮᠯᠢᠭ ᠤ᠋ᠨ ᠬᠦᠮᠦᠰ ᠵᠢᠡᠨ ᠳᠠᠭᠠᠭᠤᠯᠵᠤ ᠦᠪᠦᠷ ᠮᠤᠩᠭᠤᠯ ᠤ᠋ᠨ《ᠪᠦᠰᠡᠭᠦᠢ》 ᠨᠡᠷᠡᠮᠵᠢᠲᠦ ᠦᠨᠳᠦᠰᠦᠲᠡᠨ ᠤ᠋ ᠬᠤᠪᠴᠠᠰᠤ ᠵᠠᠰᠠᠯ ᠢ᠋ ᠱᠢᠨᠡᠳᠭᠡᠨ ᠦᠢᠯᠡᠰ ᠪᠣᠰᠬᠠᠬᠣ ᠤᠷᠤᠯᠳᠤᠭᠠᠨ ᠳ᠋ᠤ ᠤᠷᠤᠯᠴᠠᠭᠠᠳ ᠱᠢᠯᠢᠳᠡᠭ ᠱᠠᠩᠨᠠᠯ ᠢ᠋ ᠲᠠᠬᠢᠨᠲᠠ ᠳᠤᠰᠴᠠᠢ᠃ ᠡᠷᠳᠡᠨᠢᠬᠤᠷᠯᠤ ᠠᠪᠠᠭ᠍ᠠᠢ ᠡᠷᠡᠭ᠌ᠲᠡᠢᠴᠦᠳ ᠲᠦ᠍ ᠴᠢᠭ᠌ᠯᠡᠭᠦᠯᠦᠭ᠌ᠰᠡᠨ ᠴᠠᠬᠢᠯᠭᠠᠨ ᠵᠢᠡᠷ ᠭᠠᠩᠨᠠᠬᠤ ᠪᠣᠯᠪᠠᠰᠤᠷᠠᠯ ᠤ᠋ᠨ ᠠᠩᠭᠢ ᠵᠢ ᠦᠨ᠎ᠡ ᠲᠦᠯᠦᠪᠦᠷᠢ ᠦᠭᠡᠢ ᠪᠠᠷ ᠡᠷᠬᠢᠯᠡᠵᠤ᠂ ᠮᠠᠯᠴᠢᠳ ᠤ᠋ᠨ ᠭᠠᠷ ᠤᠷᠤᠯᠴᠠᠵᠤ ᠬᠢᠬᠦ᠌ ᠦᠢᠯᠡᠴᠢᠯᠡᠭᠡᠨ ᠤ᠋ ᠬᠦᠷᠢᠶ᠎ᠡ ᠬᠡᠪᠴᠢᠶ᠎ᠡ ᠵᠢ ᠦᠷᠭᠡᠳᠭᠡᠨ᠂ ᠤᠷᠤᠯᠭ᠎ᠠ ᠠᠱᠢᠭ ᠣᠯᠵᠤ ᠪᠣᠯᠬᠤ ᠪᠣᠯᠣᠮᠵᠢ ᠵᠢ ᠠᠯᠢ ᠪᠣᠯᠬᠤ ᠪᠠᠷ ᠨᠡᠮᠡᠭ᠌ᠳᠡᠭᠦᠯᠦᠭ᠌ᠰᠡᠨ ᠪᠠᠢᠯ᠎ᠠ᠃

ᠠᠵᠠᠲᠠᠢ ᠨᠡᠢᠬᠡᠮ ᠲᠤᠭᠤᠷᠢᠭ ᠤ᠋ᠨ ᠠᠯᠪᠠᠨ ᠠᠰᠠᠷ ᠤ᠋ᠨ ᠬᠤᠶᠠᠳᠤᠭᠠᠷ ᠲᠠᠪᠬᠤᠷᠯᠢᠭ ᠲᠦ᠍ ᠪᠠᠢᠭ᠎ᠠ ᠠᠮᠢᠳᠤᠷᠠᠯ ᠤ᠋ᠨ ᠬᠡᠷᠡᠭ᠌ᠰᠡᠯ ᠵᠠᠩ ᠦᠢᠯᠡ ᠵᠢᠨ ᠦᠵᠡᠭᠦᠯᠭᠡ ᠵᠢᠨ ᠲᠢᠩᠬᠢᠮ ᠳ᠋ᠤ ᠵᠡᠷᠭᠡᠯᠡᠭᠦᠯᠦᠨ ᠲᠠᠯᠪᠢᠭ᠍ᠰᠠᠨ ᠠᠢᠷᠠᠭ ᠤ᠋ᠨ ᠭᠠᠩ᠂ ᠪᠦᠯᠢᠭᠦᠷ᠂ ᠬᠠᠳᠠᠨ ᠤᠭᠤᠷ᠂ ᠮᠠᠨᠴᠤ᠌᠂ ᠡᠷᠭᠢᠨᠡᠭ᠂ ᠠᠨᠵᠢᠰᠦ᠂ ᠡᠪᠡᠰᠦ ᠬᠡᠷᠴᠢᠬᠦ᠌ ᠮᠠᠱᠢᠨ᠂ ᠠᠷᠠᠰᠤᠨ ᠬᠦᠷᠮ᠎ᠡ᠂ ᠦᠬᠡᠷ ᠬᠠᠰᠠᠭ ᠭᠡᠳ ᠁ ᠪᠦᠷ ᠯᠠ ᠦᠵᠡᠭᠡᠳ ᠦᠩᠭᠡᠷᠡᠭᠦᠯᠦᠭ᠌ᠰᠡᠨ ᠪᠤᠶᠤ ᠡᠳ᠋ᠯᠡᠭᠡᠳ ᠦᠩᠭᠡᠷᠡᠭᠦᠯᠦᠭ᠌ᠰᠡᠨ ᠵᠦᠢᠯᠡᠰ ᠪᠠᠢᠵᠤ ᠪᠢᠯᠡ᠃ ᠲᠤᠭ ᠪᠠᠯᠭᠠᠰᠣ ᠵᠢᠨ ᠠᠵᠠᠲᠠᠢ ᠨᠡᠢᠬᠡᠮ ᠲᠤᠭᠤᠷᠢᠭ ᠤ᠋ᠨ ᠠᠯᠪᠠᠨ ᠠᠰᠠᠷ ᠤ᠋ᠨ ᠬᠤᠶᠠᠷ ᠬᠠᠭᠠᠰ ᠲᠠᠪᠬᠤᠷᠯᠢᠭ ᠲᠠᠢ ᠵᠢᠵᠢᠭ᠌ᠬᠡᠨ ᠠᠰᠠᠷ ᠲᠦ᠍ ᠰᠤᠳᠤᠷ ᠨᠣᠮ ᠡᠴᠡ ᠡᠬᠢᠯᠡᠭᠡᠳ᠂ ᠦᠢᠯᠡ ᠤᠶᠤᠳᠠᠯ᠂ ᠵᠠᠷᠤᠳᠠᠯ ᠬᠡᠷᠡᠭ᠌ᠰᠡᠯ ᠤ᠋ᠨ ᠦᠵᠡᠭᠦᠯᠭᠡ ᠵᠢᠨ ᠲᠢᠩᠬᠢᠮ ᠪᠦᠭᠦᠳᠡ ᠪᠦᠷᠢᠳᠴᠠᠢ᠃ ᠡᠷᠳᠡᠨᠢᠬᠤᠷᠯᠤ ᠠᠪᠠᠭ᠍ᠠᠢ ᠬᠡᠳᠦᠨ ᠵᠢᠯ ᠤ᠋ᠨ ᠡᠮᠦᠨ᠎ᠡ ᠡᠨᠡ ᠬᠦ᠌ ᠵᠠᠩ ᠦᠢᠯᠡ ᠵᠢᠨ ᠦᠵᠡᠭᠦᠯᠭᠡ ᠵᠢᠨ ᠲᠢᠩᠬᠢᠮ ᠢ᠋ ᠪᠠᠢᠭᠤᠯᠬᠤ ᠳ᠋ᠤ᠂ ᠭᠡᠷ ᠢ᠋ ᠨᠢ ᠭᠦᠶᠦᠵᠤ ᠪᠠᠢᠭᠠᠳ ᠤᠯᠤᠭ᠍ᠰᠠᠨ ᠴᠤ᠌᠂ ᠭᠡᠷ ᠲᠦ᠍ᠨᠢ ᠴᠠᠬᠢᠯᠭᠠᠨ ᠪᠤᠯᠤᠨ ᠳᠤᠯᠠᠭᠠᠯᠠᠭ᠎ᠠ ᠴᠤ᠌ ᠢᠷᠡᠭᠡ ᠦᠭᠡᠢ᠂ ᠵᠠᠰᠠᠵᠤ ᠶᠠᠩᠵᠤᠯᠠᠭ᠎ᠠ ᠦᠭᠡᠢ ᠬᠠᠩᠭᠠᠢ ᠬᠤᠭᠤᠰᠤᠨ ᠭᠡᠷ ᠲᠡᠳᠦᠢ ᠯᠠ ᠶᠠᠭᠤᠮ᠎ᠠ ᠪᠠᠢᠵᠠᠢ᠃ ᠡᠷᠳᠡᠨᠢᠬᠤᠷᠯᠤ ᠠᠪᠠᠭ᠍ᠠᠢ ᠡᠭᠦᠨ ᠤ᠋ ᠡᠮᠦᠨ᠎ᠡ ᠵᠣᠷᠢᠭ ᠮᠤᠬᠤᠷᠠᠭ᠎ᠠ ᠦᠭᠡᠢ᠂ ᠭᠡᠷ ᠵᠢᠡᠨ ᠤᠷᠢᠳ ᠵᠢᠡᠷ ᠠᠱᠢᠭ᠍ᠯᠠᠯᠲᠠ ᠳ᠋ᠤ ᠤᠷᠤᠭᠤᠯᠵᠣ᠂ ᠮᠠᠯᠴᠢᠳ ᠵᠢᠡᠨ ᠭᠤᠶᠤᠵᠤ ᠠᠷᠭᠠᠳᠠᠨ᠂ ᠭᠡᠷ ᠲᠦ᠍ ᠬᠡᠷᠡᠭ ᠦᠭᠡᠢ ᠭᠡᠵᠤ ᠪᠤᠳᠤᠭ᠍ᠳᠠᠭ᠍ᠰᠠᠨ ᠰᠠᠪᠠ ᠰᠠᠭᠤᠯᠠᠭ᠎ᠠ᠂ ᠠᠪᠳᠠᠷ᠎ᠠ ᠬᠤᠷᠭᠤ ᠪᠠᠢᠪᠠᠯ ᠨᠠᠭᠠᠰᠢ ᠪᠠᠨ ᠠᠪᠤᠭᠠᠳ ᠢᠷ᠎ᠡ᠂ ᠪᠢ ᠠᠳᠡ ᠬᠤᠷᠢᠶᠠᠵᠤ ᠪᠠᠢᠶ᠎ᠠ!ᠭᠡᠰᠡᠨ ᠵᠢᠡᠷ ᠮᠠᠯᠴᠢᠳ ᠲᠡᠭᠦᠨ ᠤ᠋ ᠦᠭᠡ ᠪᠠᠷ ᠬᠡᠷᠡᠭ ᠦᠭᠡᠢ ᠭᠡᠵᠤ ᠪᠤᠳᠤᠭ᠍ᠳᠠᠭ᠍ᠰᠠᠨ ᠵᠦᠢᠯ ᠵᠢᠡᠨ ᠦᠨᠡᠬᠡᠷ ᠲᠡᠭᠦᠨ ᠳ᠋ᠤ ᠠᠪᠤᠭᠠᠳ ᠢᠷᠡᠵᠠᠢ᠃ ᠡᠷᠳᠡᠨᠢᠬᠤᠷᠯᠣ ᠠᠪᠠᠭ᠍ᠠᠢ ᠵᠢᠨ ᠠᠮᠢᠳᠤᠷᠠᠯ ᠵᠠᠩ ᠦᠢᠯᠡ ᠵᠢᠨ ᠲᠡᠯᠭᠡᠨ ᠦᠵᠡᠭᠦᠯᠭᠡ ᠵᠢᠨ ᠦᠷᠦᠭᠡ ᠮᠠᠯᠴᠢᠳ ᠤ᠋ᠨ ᠵᠢᠡᠨ ᠭᠦᠴᠦᠨ ᠳ᠋ᠤ ᠡᠭᠦᠳᠡ ᠪᠠᠨ ᠨᠡᠭᠡᠭᠡᠵᠠᠢ᠃

ᠡᠷᠳᠡᠨᠢᠬᠤᠷᠯᠤ ᠠᠪᠠᠭ᠍ᠠᠢ ᠲᠠᠢ ᠵᠤᠭᠤᠭ᠍ᠳᠠᠭ᠍ᠰᠠᠨ ᠴᠠᠭ ᠤᠬᠤᠷᠬᠠᠨ ᠪᠠᠢᠭ᠍ᠰᠠᠨ ᠴᠤ᠌ ᠤᠯᠤᠯᠲᠠ ᠶᠡᠭᠡ ᠪᠠᠢᠯ᠎ᠠ᠃ ᠲᠦᠭᠦᠷᠢᠭ᠌ᠬᠡᠨ ᠪᠤᠷᠤᠯᠠᠭ ᠴᠢᠷᠠᠢ ᠳᠡᠭᠡᠷ᠎ᠡ ᠪᠠᠨ ᠢᠨᠢᠶᠡᠳᠦ ᠲᠤᠭ᠍ᠯᠠᠭᠤᠯᠤᠭ᠍ᠰᠠᠨ ᠡᠷᠳᠡᠨᠢᠬᠤᠷᠯᠤ ᠠᠪᠠᠭ᠍ᠠᠢ ᠨᠠᠳᠠ ᠲᠠᠢ ᠰᠠᠯᠬᠤ ᠶᠤᠰᠤᠨ ᠢ᠋ ᠬᠢᠭᠡᠳ ᠬᠤᠶᠠᠳᠤᠭᠠᠷ ᠦᠬᠢᠨ ᠤᠶᠠᠩᠭ᠎ᠠ ᠵᠢᠨ ᠵᠢᠡᠨ ᠭᠡᠷ ᠤᠷᠤᠭᠤ ᠶᠠᠭᠠᠷᠠᠨ ᠠᠯᠬᠤᠯᠠᠬᠤ ᠵᠢ ᠪᠢ ᠠᠷᠤᠨ ᠡᠴᠡ ᠨᠢ ᠬᠠᠷᠠᠵᠤ ᠭᠡᠰᠡᠭ ᠵᠤᠭ᠍ᠰᠤᠪᠠ᠃ ᠬᠡᠳᠦᠨ ᠡᠳᠦᠷ ᠤ᠋ᠨ ᠠᠷᠤ ᠳ᠋ᠤ ᠠᠵᠠᠲᠠᠢ ᠨᠡᠢᠬᠡᠮ ᠲᠤᠭᠤᠷᠢᠭ ᠤ᠋ᠨ ᠨᠠᠰᠤᠲᠠᠢᠴᠤᠤᠯ ᠳᠠᠶᠠᠭᠠᠷ ᠤ᠋ᠨ 《ᠮᠢᠨᠦ᠍ ᠦᠬᠢᠨ》 ᠪᠤᠯᠤᠭ᠍ᠰᠠᠨ᠂ ᠠᠢᠯ ᠭᠡᠷ ᠤ᠋ᠨ ᠳᠠᠭᠤᠷᠢᠶᠠᠯ᠂ ᠪᠦᠬᠦ᠌ ᠤᠷᠤᠨ ᠤ᠋ ᠪᠣᠯᠪᠠᠰᠤᠨ ᠡᠷᠦᠬᠡ ᠵᠢᠨ ᠵᠢᠱ᠌ᠢᠶᠡᠴᠢ ᠪᠦᠰᠡᠭᠦᠢ ᠵᠢᠨ ᠨᠢᠭᠡ᠂ 《3·8  ᠵᠢᠨ ᠤᠯᠠᠭᠠᠨ ᠲᠤᠭ᠍ᠴᠢ》 ᠠᠵᠢᠯᠴᠢ ᠬᠦᠳᠡᠯᠮᠦᠷᠢᠴᠢ ᠡᠨᠡ ᠠᠪᠠᠭ᠍ᠠᠢ ᠠᠵᠠᠲᠠᠢ ᠨᠡᠢᠬᠡᠮ ᠲᠤᠭᠤᠷᠢᠭ ᠲᠠᠭᠠᠨ ᠶᠠᠭᠠᠷᠠᠭᠠᠳ ᠭᠦᠷᠬᠦ᠌ ᠨᠢ ᠯᠠᠪᠲᠠᠢ ᠪᠠᠢᠬ᠎ᠠ! ᠭᠡᠵᠤ ᠪᠢ ᠪᠤᠳᠤᠪᠠ᠃

ᠦᠤᠱᠢᠨ ᠬᠤᠱᠢᠭᠤᠨ ᠤ᠋ ᠲᠤᠭ ᠪᠠᠯᠭᠠᠰᠣ ᠵᠢᠨ ᠠᠵᠠᠲᠠᠢ ᠨᠡᠢᠬᠡᠮ ᠲᠤᠭᠤᠷᠢᠭ ᠲᠦ᠍ ᠥᠭᠡᠷ᠎ᠡ ᠪᠤᠰᠤᠳ ᠬᠤᠱᠢᠭᠤᠨ ᠤ᠋ ᠲᠤᠭᠤᠷᠢᠨ ᠰᠤᠷᠤᠯᠴᠠᠬᠤ ᠪᠦᠯᠬᠦᠮ ᠪᠤᠶᠤ ᠠᠶᠠᠯᠠᠯ ᠵᠢᠭᠤᠯᠴᠢᠯᠠᠯ ᠤ᠋ᠨ ᠬᠦᠮᠦᠰ ᠢᠷᠡᠵᠤ᠂ ᠡᠯ᠎ᠡ ᠦᠵᠡᠭᠦᠯᠭᠡ ᠵᠢᠨ ᠲᠢᠩᠬᠢᠮ ᠵᠢᠡᠷ ᠲᠤᠭᠤᠷᠢᠨ ᠦᠵᠡᠬᠦ᠌ ᠪᠣᠯᠭᠠᠨ᠂ ᠪᠤᠭᠤᠨᠢᠪᠳᠤᠷ ᠪᠡᠶ᠎ᠡ ᠲᠠᠢ᠂ ᠬᠦᠳᠡᠯᠵᠤ ᠪᠠᠷᠢᠬᠤ ᠳ᠋ᠠᠭᠠᠨ ᠱᠠᠯᠠᠮᠠᠭ ᠵᠠᠯᠠᠭᠤ ᠪᠦᠰᠡᠭᠦᠢ ᠮᠢᠺᠷᠤᠹᠤᠨ ᠪᠠᠷᠢᠭᠠᠳ ᠨᠡᠢᠲᠡᠮ ᠬᠡᠷᠡᠭ᠌ᠯᠡᠬᠦ᠌ ᠬᠡᠯᠡᠨ ᠤ᠋ ᠪᠠᠷᠢᠮᠵᠢᠶ᠎ᠠ ᠠᠪᠢᠶ᠎ᠠ ᠪᠠᠷ ᠠᠵᠠᠲᠠᠢ ᠨᠡᠢᠬᠡᠮ ᠲᠤᠭᠤᠷᠢᠭ ᠤ᠋ᠨ ᠵᠢᠡᠨ ᠴᠢᠬᠤᠯᠠ ᠶᠠᠪᠤᠳᠠᠯ᠂ ᠰᠤᠶᠤᠯ ᠤ᠋ᠨ ᠦᠢᠯᠡᠰ ᠤ᠋ᠨ ᠬᠦᠭ᠌ᠵᠢᠯᠲᠡ ᠵᠡᠷᠭᠡ ᠪᠠᠨ ᠣᠷᠣᠰᠤᠮ᠎ᠠ ᠰᠠᠢᠬᠠᠨ ᠲᠠᠢᠯᠪᠤᠷᠢᠯᠠᠵᠤ ᠥᠭ᠌ᠭᠦᠭᠡᠳ᠂ ᠢᠷᠡᠭ᠌ᠰᠡᠨ ᠤᠯᠠᠨ ᠤ᠋ ᠮᠠᠭ᠍ᠲᠠᠭᠠᠯ ᠢ᠋ ᠣᠯᠳᠠᠭ ᠪᠠᠢᠯ᠎ᠠ᠃ ᠤᠷᠢᠶᠠᠯᠢᠭ ᠵᠠᠩ ᠲᠠᠢ ᠡᠨᠡ ᠪᠦᠰᠡᠭᠦᠢ ᠵᠢ ᠠᠯᠲᠠᠨᠳᠤᠪᠴᠢ ᠭᠡᠳᠡᠭ᠂ 2023 ᠣᠨ ᠳ᠋ᠤ ᠦᠤᠱᠢᠨ ᠬᠤᠱᠢᠭᠤᠨ ᠤ᠋ ᠲᠤᠭ ᠪᠠᠯᠭᠠᠰᠣ ᠵᠢᠨ ᠠᠵᠠᠲᠠᠢ ᠨᠡᠢᠬᠡᠮ ᠲᠤᠭᠤᠷᠢᠭ ᠤ᠋ᠨ ᠨᠠᠮ ᠤ᠋ᠨ ᠡᠭᠦᠷ ᠤ᠋ᠨ ᠱᠦᠵᠢ᠂ ᠰᠠᠭᠤᠭᠠᠯᠢ ᠠᠷᠠᠳ ᠤ᠋ᠨ ᠵᠦᠪᠯᠡᠯ ᠤ᠋ᠨ ᠡᠷᠬᠢᠯᠡᠭ᠌ᠴᠢ ᠵᠢᠨ ᠳᠤᠱᠢᠶᠠᠯ ᠢ᠋ ᠡᠭᠦᠷᠭᠡᠯᠡᠭ᠌ᠰᠡᠨ ᠪᠠᠢᠵᠠᠢ᠃

ᠤᠷᠳᠤᠰ ᠬᠤᠲᠠ ᠵᠢᠨ ᠦᠤᠱᠢᠨ ᠬᠤᠱᠢᠭᠤᠨ ᠤ᠋ ᠲᠤᠭ ᠪᠠᠯᠭᠠᠰᠤ ᠵᠢᠨ ᠠᠵᠠᠲᠠᠢ ᠨᠡᠢᠬᠡᠮ ᠲᠤᠭᠤᠷᠢᠭ 2022 ᠣᠨ ᠤ᠋ 3 ᠰᠠᠷ᠎ᠠ ᠳ᠋ᠤ ᠣᠣᠯ ᠤ᠋ᠨ ᠮᠠᠢᠷᠠᠠᠰᠦ᠋ᠮ᠎ᠡ ᠰᠠᠭᠤᠭᠠᠯᠢ ᠠᠷᠠᠳ ᠤ᠋ᠨ ᠲᠤᠭᠤᠷᠢᠭ ᠤ᠋ᠨ ᠰᠠᠭᠤᠷᠢᠨ ᠳᠡᠭᠡᠷ᠎ᠡ ᠪᠠᠢᠭᠤᠯᠤᠭ᠍ᠳᠠᠵᠠᠢ᠃ ᠲᠤᠭ ᠪᠠᠯᠭᠠᠰᠤᠨ ᠤ᠋ ᠵᠡᠭᠡᠯᠢ ᠳᠡᠭᠡᠷᠡᠬᠢ 1.5 ᠲᠡᠭ᠌ᠰᠢ ᠲᠦᠷᠪᠡᠯᠵᠢᠨ ᠺᠢᠯᠤᠮᠧᠲᠷ ᠲᠠᠯᠠᠪᠠᠢ ᠲᠤᠲᠤᠷᠠᠬᠢ 837 ᠡᠷᠦᠬᠡ ᠵᠢᠨ 2098 ᠲᠤᠭ᠍ᠲᠠᠮᠠᠯ ᠰᠠᠭᠤᠭ᠎ᠠ ᠬᠦᠮᠦᠨ ᠪᠣᠯᠤᠨ 5000 ᠭᠠᠷᠤᠢ ᠨᠡᠭᠦᠳᠡᠯ ᠬᠦᠮᠦᠰ ᠢ᠋ ᠬᠠᠮᠢᠶᠠᠷᠴᠤ᠌ ᠪᠠᠢᠳᠠᠭ᠃ ᠡᠭᠦᠨ ᠡᠴᠡ ᠡᠮᠦᠨ᠎ᠡ ᠡᠨᠡ ᠬᠦ᠌ ᠰᠠᠭᠤᠭᠠᠯᠢ ᠠᠷᠠᠳ ᠤ᠋ᠨ ᠲᠤᠭᠤᠷᠢᠭ ᠢ᠋ 2009 ᠣᠨ ᠡᠴᠡ 2013 ᠣᠨ ᠤ᠋ ᠬᠤᠭᠤᠷᠤᠨᠳᠤ ᠲᠤᠭ ᠪᠠᠯᠭᠠᠰᠤᠨ ᠤ᠋ ᠮᠠᠢᠷᠠᠠᠰᠦ᠋ᠮ᠎ᠡ ᠭᠠᠴᠠᠭᠠᠨ ᠡᠴᠡ ᠨᠡᠭᠦᠯᠭᠡᠵᠤ ᠢᠷᠡᠭᠦᠯᠦᠭ᠌ᠰᠡᠨ 366 ᠡᠷᠦᠬᠡ ᠵᠢᠨ 845 ᠬᠦᠮᠦᠨ ᠤ᠋ ᠲᠦᠪᠯᠡᠷᠡᠭᠦᠯᠦᠨ ᠰᠠᠭᠤᠯᠭᠠᠬᠤ ᠤᠴᠢᠷ ᠢ᠋ ᠰᠢᠢᠳᠪᠦᠷᠢᠯᠡᠭ᠌ᠰᠡᠨ ᠡᠴᠡ ᠤᠯᠪᠠᠭᠠᠯᠠᠨ ᠮᠠᠢᠷᠠᠠᠰᠦ᠋ᠮ᠎ᠡ ᠰᠠᠭᠤᠭᠠᠯᠢ ᠠᠷᠠᠳ ᠤ᠋ᠨ ᠲᠤᠭᠤᠷᠢᠭ ᠭᠡᠵᠤ ᠨᠡᠷᠡᠯᠡᠨ᠂ ᠵᠦᠪᠬᠡᠨ ᠮᠠᠢᠷᠠᠠᠰᠦ᠋ᠮ᠎ᠡ ᠭᠠᠴᠠᠭᠠᠨ ᠡᠴᠡ ᠨᠡᠭᠦᠯᠭᠡᠵᠤ ᠢᠷᠡᠭᠦᠯᠦᠭ᠌ᠰᠡᠨ ᠮᠠᠯᠴᠢᠳ ᠵᠢᠡᠨ ᠬᠠᠮᠢᠶᠠᠷᠳᠠᠭ ᠪᠠᠢᠵᠠᠢ ᠃ ᠲᠤᠭ ᠪᠠᠯᠭᠠᠰᠣᠨ ᠤ᠋ ᠠᠵᠤ ᠦᠢᠯᠡᠳᠪᠦᠷᠢ ᠵᠢᠨ ᠬᠦᠭ᠌ᠵᠢᠯᠲᠡ ᠭᠦᠨᠵᠡᠭᠡᠢᠷᠡᠬᠦ᠌ ᠵᠢ ᠳᠠᠭᠠᠯᠳᠤᠨ᠂ ᠪᠦᠬᠦ᠌ ᠤᠯᠤᠰ ᠤ᠋ᠨ ᠡᠯ᠎ᠡ ᠭᠠᠵᠠᠷ ᠡᠴᠡ ᠢᠷᠡᠬᠦ᠌ ᠬᠦᠮᠦᠨ ᠠᠮᠠ ᠵᠢᠨ ᠲᠤᠭ᠎ᠠ ᠴᠤ᠌ ᠦᠳᠲᠡᠷ ᠲᠦᠷᠭᠡᠨ ᠨᠡᠮᠡᠭ᠌ᠳᠡᠵᠡᠢ᠃ ᠡᠨᠡ ᠪᠠᠢᠳᠠᠯ ᠳᠤᠤᠷ᠎ᠠ ᠲᠤᠭ ᠪᠠᠯᠭᠠᠰᠤᠨ ᠳᠡᠭᠡᠷ᠎ᠡ ᠨᠢᠭᠡᠨᠲᠡ ᠪᠠᠢᠭᠤᠯᠤᠭ᠍ᠳᠠᠭᠠᠳ ᠪᠠᠢᠭ᠍ᠰᠠᠨ ᠮᠠᠢᠷᠠᠠᠰᠦ᠋ᠮ᠎ᠡ ᠰᠠᠭᠤᠭᠠᠯᠢ ᠠᠷᠠᠳ ᠤ᠋ᠨ ᠲᠤᠭᠤᠷᠢᠭ ᠤ᠋ᠨ ᠰᠠᠭᠤᠷᠢᠨ ᠳᠡᠭᠡᠷ᠎ᠡ ᠾᠧ ᠮᠧᠢ ᠭᠡᠬᠦ᠌ ᠪᠠᠰᠠ ᠨᠢᠭᠡᠨ ᠰᠠᠭᠤᠭᠠᠯᠢ ᠠᠷᠠᠳ ᠤ᠋ᠨ ᠲᠤᠭᠤᠷᠢᠭ ᠢ᠋ ᠨᠡᠮᠡᠨ ᠪᠠᠢᠭᠤᠯᠵᠤ᠂ ᠮᠠᠢᠷᠠᠠᠰᠦ᠋ᠮ᠎ᠡ ᠭᠠᠴᠠᠭᠠᠨ ᠡᠴᠡ ᠰᠡᠭᠦᠯᠴᠢ ᠵᠢᠨ ᠦᠶᠡᠰ ᠵᠢᠡᠷ ᠨᠡᠭᠦᠵᠤ ᠢᠷᠡᠭ᠌ᠰᠡᠨ ᠡᠷᠦᠬᠡ ᠵᠢ ᠲᠡᠨᠳᠡ ᠲᠤᠬᠢᠷᠠᠭᠤᠯᠵᠤ᠂ ᠲᠤᠭ ᠪᠠᠯᠭᠠᠰᠤᠨ ᠳᠡᠭᠡᠷ᠎ᠡ ᠠᠵᠤ ᠲᠦᠷᠥᠵᠤ ᠪᠠᠢᠭ᠎ᠠ ᠲᠤᠭ᠍ᠲᠠᠮᠠᠯ ᠰᠠᠭᠤᠭᠠᠯᠢ ᠡᠷᠦᠬᠡ ᠪᠤᠯᠤᠨ ᠨᠡᠭᠦᠳᠡᠯ ᠡᠷᠦᠬᠡ ᠵᠢ ᠡᠨᠡ ᠬᠤᠶᠠᠷ ᠰᠠᠭᠤᠭᠠᠯᠢ ᠠᠷᠠᠳ ᠤ᠋ᠨ ᠲᠤᠭᠤᠷᠢᠭ ᠤ᠋ᠨ ᠬᠠᠮᠢᠶᠠᠷᠤᠯᠲᠠ ᠳ᠋ᠤ ᠬᠤᠪᠢᠶᠠᠨ ᠥᠭ᠌ᠴᠦ ᠬᠠᠮᠢᠶᠠᠷᠣᠭᠤᠯᠵᠠᠢ᠃ ᠮᠠᠢᠷᠠᠠᠰᠦ᠋ᠮ᠎ᠡ ᠰᠠᠭᠤᠭᠠᠯᠢ ᠠᠷᠠᠳ ᠤ᠋ᠨ ᠲᠤᠭᠤᠷᠢᠭ ᠤ᠋ᠨ ᠬᠠᠮᠢᠶᠠᠷᠤᠯᠲᠠ ᠵᠢᠨ ᠬᠦᠷᠢᠶ᠎ᠡ ᠬᠡᠪᠴᠢᠶ᠎ᠡ ᠨᠡᠮᠡᠭ᠌ᠳᠡᠭ᠌ᠰᠡᠨ ᠡᠴᠡ ᠪᠤᠯᠤᠭᠠᠳ ᠲᠡᠭᠦᠨ ᠤ᠋ ᠨᠡᠷ᠎ᠡ ᠵᠢ ᠠᠵᠠᠲᠠᠢ ᠨᠡᠢᠬᠡᠮ ᠲᠤᠭᠤᠷᠢᠭ ᠭᠡᠵᠤ ᠦᠭᠡᠷᠡᠴᠢᠯᠡᠭ᠌ᠰᠡᠨ ᠤ᠋ ᠤᠴᠢᠷ ᠠᠳᠡ ᠪᠠᠢᠯ᠎ᠠ᠃ ᠦᠨᠥ᠍ ᠠᠵᠠᠲᠠᠢ ᠨᠡᠢᠬᠡᠮ ᠲᠤᠭᠤᠷᠢᠭ ᠤ᠋ᠨ ᠬᠠᠮᠢᠶᠠᠷᠤᠯᠲᠠ ᠵᠢᠨ ᠬᠡᠪᠴᠢᠶᠡᠨ ᠲᠤᠳᠤᠷ᠎ᠠ ᠬᠢᠲᠠᠳ᠂ ᠮᠤᠩᠭᠤᠯ᠂ ᠬᠤᠲᠤᠩ᠂ ᠢ᠂ ᠵᠤᠸᠠᠩ᠂ ᠮᠠᠨᠵᠤ᠂ ᠲᠦᠵᠢᠶᠠ᠂ ᠳ᠋ᠠᠢ ᠵᠡᠷᠭᠡ ᠤᠯᠠᠨ ᠦᠨᠳᠦᠰᠦᠲᠡᠨ ᠨᠢᠭᠡ ᠳᠤᠤᠷ᠎ᠠ ᠠᠮᠢᠳᠤᠷᠠᠭ᠍ᠰᠠᠨ ᠬᠤᠯᠠ ᠤᠢᠷ᠎ᠠ ᠳ᠋ᠠᠭᠠᠨ ᠠᠯᠳᠠᠷᠱᠢᠭ᠍ᠰᠠᠨ ᠡᠶ᠎ᠡ ᠵᠤᠬᠢᠴᠠᠯᠲᠠᠢ ᠨᠡᠢᠬᠡᠮ ᠲᠤᠭᠤᠷᠢᠭ ᠪᠣᠯᠵᠠᠢ᠃ ᠡᠨᠡ ᠬᠦ᠌ ᠨᠡᠢᠬᠡᠮ ᠲᠤᠭᠤᠷᠢᠭ ᠨᠢ ᠤᠷᠢᠳ ᠬᠤᠵᠢᠳ ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠣᠷᠣᠨ ᠤ᠋ ᠦᠨᠳᠦᠰᠦᠲᠡᠨ ᠤ᠋ ᠪᠦᠯᠬᠦᠮᠳᠡᠯ ᠲᠠᠪᠱᠢᠯᠲᠠ ᠵᠢᠨ ᠲᠡᠷᠢᠭᠦᠨ ᠤ᠋ ᠬᠠᠮᠲᠤ ᠨᠢᠭᠡᠴᠢ᠂ ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠤᠮᠠᠷᠠᠲᠤ ᠬᠢᠯᠢ ᠵᠢᠨ ᠴᠤᠪᠤᠭᠤᠯᠢᠭ ᠪᠦᠰᠡᠭᠦᠢᠴᠤᠤᠯ  ᠤ᠋ᠨ ᠵᠤᠬᠢᠶᠠᠨ ᠪᠠᠢᠭᠤᠯᠤᠯᠲᠠ ᠵᠢᠨ ᠦᠨᠳᠦᠰᠦᠨ ᠱᠠᠲᠤᠨ ᠤ᠋ ᠲᠡᠷᠢᠭᠦᠨ ᠤ᠋ ᠨᠠᠮ ᠤ᠋ᠨ ᠵᠤᠬᠢᠶᠠᠨ ᠪᠠᠢᠭᠤᠯᠤᠯᠲᠠ᠂ ᠣᠷᠳᠣᠰ ᠬᠤᠲᠠ ᠵᠢᠨ ᠪᠣᠯᠪᠠᠰᠤᠨ ᠨᠡᠢᠬᠡᠮ ᠲᠤᠭᠤᠷᠢᠭ᠂ ᠪᠦᠬᠦ᠌ ᠬᠤᠱᠢᠭᠤᠨ ᠤ᠋ ᠱᠢᠨ᠎ᠡ ᠴᠠᠭ ᠦᠶ᠎ᠡ ᠵᠢᠨ ᠪᠤᠯᠪᠠᠰᠣᠨ ᠢ᠋ ᠦᠢᠯᠡᠳᠦᠯᠭᠡᠵᠢᠭᠦᠯᠦᠭ᠌ᠰᠡᠨ ᠲᠡᠷᠢᠭᠦᠨ ᠤ᠋ ᠬᠠᠮᠲᠤ ᠨᠢᠭᠡᠴᠢ ᠵᠡᠷᠭᠡ ᠢᠷᠠᠭᠤ ᠠᠯᠳᠠᠷ ᠢ᠋ ᠤᠯᠤᠭ᠍ᠰᠠᠨ ᠲᠡᠤᠬᠡ ᠲᠠᠢ ᠪᠠᠢᠯ᠎ᠠ᠃ ᠡᠳᠡᠭᠡᠷ ᠢᠷᠠᠭᠤ ᠠᠯᠳᠠᠷ ᠢ᠋ ᠲᠡᠮᠡᠴᠡᠨ ᠤᠯᠤᠭ᠍ᠰᠠᠨ᠎ᠨᠢ ᠠᠵᠠᠲᠠᠢ ᠨᠡᠢᠬᠡᠮ ᠲᠤᠭᠤᠷᠢᠭ ᠤᠮᠠᠷᠠᠲᠤ ᠬᠢᠯᠢ ᠵᠢᠨ ᠰᠤᠶᠤᠯ ᠤ᠋ᠨ ᠪᠠᠢᠭᠤᠯᠤᠯᠲᠠ ᠵᠢ ᠰᠠᠢᠲᠤᠷ ᠬᠢᠭ᠌ᠰᠡᠨ ᠲᠠᠢ ᠨᠢᠭ᠍ᠲᠠ ᠬᠤᠯᠪᠤᠭ᠎ᠠ ᠲᠠᠢ ᠪᠣᠯᠪᠠᠤ? ᠭᠡᠵᠤ ᠪᠢ ᠪᠤᠳᠤᠳᠠᠭ᠃ ᠨᠠᠮ ᠤᠯᠠᠨ ᠲᠦᠮᠡᠨ ᠤ᠋ ᠦᠢᠯᠡᠴᠢᠯᠡᠭᠡᠨ ᠤ᠋ ᠠᠵᠢᠯ ᠳ᠋ᠤ ᠵᠤᠷᠢᠭᠤᠯᠤᠨ ᠪᠠᠢᠭᠤᠯᠤᠭ᠍ᠰᠠᠨ ᠬᠤᠶᠠᠷ ᠬᠠᠭᠠᠰ ᠲᠠᠪᠬᠤᠷᠯᠢᠭ ᠤ᠋ᠨ ᠭᠤᠷᠪᠠᠨ ᠮᠢᠩᠭᠠᠭᠠᠳ ᠲᠡᠭ᠌ᠰᠢ ᠳᠦᠷᠪᠡᠯᠵᠢᠨ ᠮᠧᠲᠷ ᠲᠠᠯᠠᠪᠠᠢ ᠪᠦᠬᠦᠢ ᠠᠰᠠᠷ ᠤ᠋ᠨ ᠨᠢᠭᠡᠳᠦᠭᠡᠷ ᠲᠠᠪᠬᠤᠷᠯᠢᠭ ᠤ᠋ᠨ ᠴᠦᠬᠡᠬᠡᠨ ᠬᠡᠳᠦᠨ ᠭᠡᠷ ᠢ᠋ ᠠᠯᠪᠠᠨ ᠭᠡᠷ ᠪᠣᠯᠭᠠᠨ ᠠᠱᠢᠭ᠍ᠯᠠᠭ᠍ᠰᠠᠨ ᠢ᠋ ᠭᠠᠷᠭᠠᠪᠠᠯ᠂ ᠪᠤᠰᠤᠳ ᠭᠡᠷ ᠲᠦ᠍ ᠬᠤᠪᠢᠰᠭᠠᠯ ᠤ᠋ᠨ ᠰᠤᠶᠤᠯ᠂ ᠲᠠᠷᠢᠶᠠᠯᠠᠬᠤ ᠰᠤᠶᠤᠯ᠂ ᠲᠠᠯ᠎ᠠ ᠨᠤᠲᠤᠭ ᠤ᠋ᠨ ᠰᠤᠶᠤᠯ᠂ ᠴᠠᠭᠠᠨ ᠬᠡᠷᠡᠮ ᠤ᠋ᠨ ᠰᠤᠶᠤᠯ᠂ ᠬᠠᠲᠤᠨ ᠭᠤᠣᠯ ᠤ᠋ᠨ ᠰᠤᠶᠤᠯ ᠲᠠᠢ ᠬᠤᠯᠪᠤᠭ᠍ᠳᠠᠭ᠍ᠰᠠᠨ 10 ᠭᠠᠷᠤᠢ ᠳᠡᠯᠭᠡᠨ ᠦᠵᠡᠭᠦᠯᠭᠡ ᠵᠢᠨ ᠲᠢᠩᠬᠢᠮ ᠭᠠᠷᠭᠠᠬᠤ ᠳ᠋ᠤ ᠵᠤᠷᠢᠭᠤᠯᠤᠭ᠍ᠳᠠᠵᠠᠢ᠃ ᠲᠡᠷᠡ ᠮᠦᠷᠲᠡᠭᠡᠨ ᠳᠡᠯᠭᠡᠨ ᠦᠵᠡᠭᠦᠯᠭᠡ ᠵᠢᠨ ᠲᠢᠩᠬᠢᠮ ᠪᠣᠯᠭᠠᠨ ᠤ᠋ ᠬᠤᠷᠢᠶᠠᠨ ᠬᠠᠳᠠᠭᠠᠯᠠᠭ᠍ᠰᠠᠨ ᠲᠦᠷᠥᠯ ᠵᠦᠢᠯ ᠨᠢ ᠠᠷᠪᠢᠨ᠂ ᠠᠭᠤᠯᠭ᠎ᠠ ᠨᠢ ᠪᠠᠶᠠᠯᠢᠭ ᠪᠠᠢᠳᠠᠭ ᠵᠢᠡᠷ ᠵᠢᠡᠨ ᠪᠤᠢᠲᠠ ᠪᠦᠭ᠌ᠯᠡᠭᠦᠦ ᠮᠠᠯᠵᠢᠬᠤ ᠤᠷᠤᠨ ᠤ᠋ ᠨᠢᠭᠡᠨ ᠭᠠᠵᠠᠷ ᠤᠷᠤᠨ ᠢ᠋ ᠪᠦᠬᠦ᠌ ᠤᠷᠤᠨ ᠲᠡᠷᠡᠴᠢᠯᠡᠨ ᠪᠦᠬᠦ᠌ ᠤᠯᠤᠰ ᠲᠦ᠍ ᠬᠦᠷᠲᠡᠯ᠎ᠡ ᠠᠯᠳᠠᠷᠱᠢᠭᠤᠯᠵᠠᠢ᠃ ᠡᠨᠡ ᠬᠦ᠌ ᠦᠩᠭᠡ ᠭᠡᠷᠡᠯ ᠵᠢᠡᠨ ᠬᠤᠢᠱᠢᠲᠠ ᠶᠠᠭᠠᠬᠢᠵᠤ ᠪᠠᠲᠤᠯᠠᠨ ᠠᠪᠴᠤ᠌ ᠶᠠᠪᠤᠬᠤ ᠪᠢᠯᠡ? ᠭᠡᠵᠤ ᠪᠢ ᠠᠯᠲᠠᠨᠳᠤᠪᠴᠢ ᠡᠴᠡ ᠠᠰᠠᠭᠤᠪᠠᠯ᠂ ᠲᠡᠷᠡ᠄《ᠨᠠᠳᠠ ᠵᠢ ᠠᠳᠡ ᠲᠤᠮᠢᠯᠠᠭ᠍ᠳᠠᠨ ᠢᠷᠡᠬᠦ᠌ ᠦᠶᠡᠰ᠂ ᠠᠳᠡᠬᠢ ᠵᠢᠨ ᠠᠵᠢᠯ ᠪᠦᠷ ᠵᠠᠮ ᠳ᠋ᠠᠭᠠᠨ ᠤᠷᠤᠴᠢᠬᠠᠭ᠍ᠰᠠᠨ᠂ ᠣᠯᠬᠤ ᠶᠤᠰᠤᠲᠠᠢ ᠢᠷᠠᠭᠤ ᠠᠯᠳᠠᠷ ᠵᠢᠡᠨ ᠴᠤ᠌ ᠤᠯᠴᠢᠬᠠᠭᠠᠳ ᠪᠠᠢᠭ᠍ᠰᠠᠨ ᠶᠤᠮ᠃ ᠪᠢ ᠵᠦᠪᠬᠡᠨ ᠦᠢᠯᠡᠴᠢᠯᠡᠭᠡᠨ ᠤ᠋ ᠠᠵᠢᠯ ᠢ᠋ ᠨᠢ ᠤᠯᠠᠮ ᠰᠠᠢᠨ ᠬᠠᠮᠵᠢᠨ ᠬᠢᠵᠣ᠂ ᠠᠵᠤ ᠠᠬᠤᠢ ᠵᠢᠨ ᠠᠱᠢᠭ ᠤᠷᠤᠯᠭ᠎ᠠ ᠲᠠᠢ ᠪᠣᠯᠭᠠᠬᠤ᠂ ᠨᠡᠢᠬᠡᠮ ᠤ᠋ᠨ ᠨᠡᠷ᠎ᠡ ᠲᠦᠷᠥ ᠵᠢ ᠨᠢ ᠤᠯᠠᠮ ᠳᠡᠭᠡᠭ᠌ᠰᠢᠯᠡᠭᠦᠯᠬᠦ᠌ ᠵᠢ ᠪᠤᠳᠤᠭᠠᠳ ᠡᠳᠡᠨ ᠤ᠋ ᠠᠵᠢᠯ ᠳ᠋ᠤ ᠤᠷᠤᠯᠴᠠᠵᠤ ᠡᠬᠢᠯᠡᠭ᠌ᠰᠡᠨ ᠶᠤᠮ᠃ ᠤᠷᠠᠨ ᠬᠠᠳᠭᠤᠮᠠᠯ ᠬᠢᠵᠣ ᠪᠠᠢᠭ᠎ᠠ ᠪᠦᠰᠡᠭᠦᠢᠴᠤᠤᠯ ᠳ᠋ᠤ ᠭᠠᠷ ᠤᠷᠠᠯᠠᠯ ᠤ᠋ᠨ ᠪᠦᠲᠦᠭᠡᠭ᠌ᠳᠡᠭᠦᠨ ᠵᠢᠡᠨ ᠪᠤᠷᠤᠯᠠᠭᠤᠯᠬᠤ ᠳᠠᠪᠴᠠᠩ ᠪᠤᠶᠤ ᠵᠠᠪᠱᠢᠶᠠᠨ ᠣᠯᠭᠤᠵᠤ᠂ ᠪᠠᠭ᠍ᠰᠢ ᠤᠷᠢᠨ ᠪᠣᠯᠪᠠᠰᠤᠷᠠᠯ ᠬᠦᠷᠲᠡᠭᠡᠵᠤ᠂ ᠦᠪᠡᠷ ᠤ᠋ᠨ ᠤᠷᠠᠯᠠᠬᠤ ᠮᠡᠷᠭᠡᠵᠢᠯ ᠢ᠋ ᠨᠢ ᠳᠡᠭᠡᠭ᠌ᠰᠢᠯᠡᠭᠦᠯᠪᠡᠯ᠂ ᠦᠪᠡᠷ ᠤ᠋ᠨ ᠪᠦᠲᠦᠭᠡᠭ᠌ᠳᠡᠭᠦᠨ ᠤ᠋ ᠴᠢᠨᠠᠷ ᠴᠢᠨᠰᠠᠭ᠎ᠠ ᠨᠢ ᠳᠡᠭᠡᠭ᠌ᠰᠢᠯᠡᠨ ᠠᠵᠤ ᠠᠬᠤᠢ ᠵᠢᠨ ᠦᠷ᠎ᠡ ᠠᠱᠢᠭ ᠨᠢ ᠴᠤ᠌ ᠨᠡᠮᠡᠭ᠌ᠳᠡᠴᠢᠭᠡᠨ᠎ᠡ᠃ ᠰᠤᠳᠤᠷ ᠨᠣᠮ ᠪᠣᠯ ᠥᠭᠡᠷ᠎ᠡ᠂ ᠵᠦᠪᠬᠡᠨ ᠲᠤᠰ ᠭᠠᠵᠠᠷ ᠲᠦ᠍ᠨᠢ ᠢᠷᠡᠭᠡᠳ ᠠᠱᠢᠭ᠍ᠯᠠᠳᠠᠭ ᠯᠠ ᠬᠡᠷᠡᠭ᠃ ᠮᠦᠩᠬᠡᠳᠠᠯᠠᠢ ᠮᠠᠱᠢᠪᠢᠯᠢᠭ᠌ ᠨᠠᠷ ᠬᠡᠷᠡᠭ᠌ᠯᠡᠭᠡᠨ ᠤ᠋ ᠴᠢᠬᠤᠯᠠ ᠨᠣᠮ ᠰᠤᠳᠤᠷ ᠵᠢᠡᠨ ᠡᠯᠧᠺᠲᠷᠣᠨ ᠤᠩᠱᠢᠯᠭ᠎ᠠ ᠵᠢᠨ ᠨᠣᠮ ᠪᠣᠯᠭᠠᠬᠤ ᠭᠦᠰᠡᠯ ᠱᠠᠭᠠᠷᠳᠠᠯᠭ᠎ᠠ ᠲᠠᠢ ᠪᠠᠢᠳᠠᠭ᠃ ᠭᠡᠲᠡᠯ᠎ᠡ ᠤᠳᠤᠬᠠᠨ ᠳ᠋ᠦ ᠲᠡᠭᠦᠨ ᠢ᠋ ᠨᠢ ᠪᠡᠶᠡᠯᠡᠭᠦᠯᠬᠦ᠌ ᠨᠦᠬᠦᠴᠡᠯ ᠪᠤᠯᠤᠮᠵᠢ ᠦᠭᠡᠢ ᠪᠠᠢᠭ᠍ᠰᠠᠭᠠᠷ ᠪᠠᠢᠨ᠎ᠠ!》 ᠭᠡᠵᠤ ᠲᠤᠯᠭᠠᠷᠠᠵᠦ ᠪᠠᠢᠭ᠎ᠠ ᠬᠦᠴᠢᠷᠳᠡᠯ ᠵᠢᠡᠨ ᠦᠨᠡᠨ ᠴᠠᠭᠠᠨ ᠵᠢᠡᠷ ᠨᠢ ᠬᠡᠯᠡᠪᠡ᠃

ᠦᠤᠱᠢᠨ ᠬᠤᠱᠢᠭᠤᠨ ᠤ᠋ ᠲᠤᠭ ᠪᠠᠯᠭᠠᠰᠣ ᠵᠢᠨ ᠠᠵᠠᠲᠠᠢ ᠨᠡᠢᠬᠡᠮ ᠲᠤᠭᠤᠷᠢᠭ ᠨᠢ ᠵᠢᠷᠠᠨ ᠨᠠᠰᠤᠨ ᠡᠴᠡ ᠳᠡᠭᠡᠭ᠌ᠰᠢᠬᠢ ᠨᠠᠰᠤᠲᠠᠢᠴᠤᠤᠯ ᠤ᠋ᠨ ᠠᠮᠢᠳᠤᠷᠠᠯ ᠤ᠋ᠨ ᠦᠨᠳᠦᠰᠦᠨ ᠠᠰᠠᠭᠤᠳᠠᠯ ᠢ᠋ ᠰᠢᠢᠳᠪᠦᠷᠢᠯᠡᠵᠤ᠂ ᠠᠷᠤ ᠭᠡᠷ ᠤ᠋ᠨ ᠬᠢᠨᠢ ᠳᠠᠷᠤᠭᠠᠰᠤ ᠵᠢ ᠬᠦᠩᠭᠡᠷᠡᠭᠦᠯᠬᠦ᠌ ᠵᠢᠨ ᠲᠦᠯᠦᠭᠡ ᠨᠡᠢᠬᠡᠮ ᠲᠤᠭᠤᠷᠢᠭ ᠲᠦ᠍ ᠬᠤᠭᠤᠯᠠᠨ ᠤ᠋ ᠭᠠᠵᠠᠷ ᠭᠠᠷᠭᠠᠵᠤ᠂ ᠦᠳᠡ ᠤᠷᠤᠢ ᠬᠤᠶᠠᠷ ᠡᠷᠢᠨ ᠤ᠋ ᠬᠤᠭᠤᠯᠠᠨ ᠤ᠋ ᠤᠴᠢᠷ ᠢ᠋ ᠰᠢᠢᠳᠪᠦᠷᠢᠯᠡᠭ᠌ᠰᠡᠨ ᠤ᠋ ᠬᠠᠮᠲᠤ ᠨᠠᠭᠠᠳᠤᠮ ᠲᠤᠭ᠍ᠯᠠᠭᠠᠮ ᠤ᠋ᠨ ᠭᠠᠵᠠᠷ ᠪᠤᠯᠤᠨ ᠪᠡᠶ᠎ᠡ ᠰᠤᠪᠢᠯᠠᠯᠲᠠ ᠵᠢᠨ ᠭᠠᠵᠠᠷ ᠢ᠋ ᠪᠠᠢᠭᠤᠯᠵᠤ ᠥᠭ᠌ᠭᠦᠭᠡᠳ᠂ ᠨᠡᠢᠬᠡᠮ ᠲᠤᠭᠤᠷᠢᠭ ᠢ᠋ ᠲᠡᠳᠡᠨ ᠤ᠋ ᠦᠲᠡᠯᠦᠭᠡ ᠨᠠᠰᠤ ᠪᠠᠨ ᠰᠠᠢᠬᠠᠨ ᠦᠩᠭᠡᠷᠡᠭᠦᠯᠬᠦ᠌ ᠬᠠᠯᠠᠭᠤᠨ ᠳᠤᠯᠠᠭᠠᠨ ᠭᠡᠷ ᠪᠣᠯᠭᠠᠨ ᠪᠦᠲᠦᠭᠡᠨ ᠪᠠᠢᠭᠤᠯᠵᠠᠢ᠃ ᠡᠭᠦᠨ ᠡᠴᠡ ᠭᠠᠳᠠᠨ᠎ᠠ ᠵᠠᠷᠢᠮ ᠨᠠᠰᠤᠲᠠᠢᠴᠤᠤᠯ ᠠᠰᠠᠷ ᠡᠴᠡ ᠪᠠᠨ ᠪᠠᠭᠤᠵᠤ ᠢᠷᠡᠵᠤ ᠴᠢᠳᠠᠬᠤ ᠦᠭᠡᠢ ᠪᠣᠯ ᠬᠤᠭᠤᠯᠠ ᠪᠤᠳᠠᠭ᠎ᠠ ᠵᠢ ᠨᠢ ᠬᠦᠷᠭᠡᠵᠣ ᠥᠭ᠌ᠭᠦᠨ᠂ ᠠᠯᠪᠠᠨ ᠵᠢᠷᠤᠮ ᠤ᠋ᠨ ᠡᠮᠴᠢᠯᠡᠭᠡᠨ ᠬᠢᠵᠣ ᠥᠭ᠌ᠳᠡᠭ᠃ ᠲᠤᠭ᠍ᠲᠠᠭ᠍ᠰᠠᠨ ᠴᠠᠭ ᠵᠢᠡᠷ ᠭᠡᠷ ᠰᠠᠭᠤᠷᠢᠰᠢᠯ ᠢ᠋ ᠨᠢ ᠴᠡᠪᠡᠷᠯᠡᠨ᠂ ᠴᠤᠩᠬᠤ ᠡᠭᠦᠳᠡ ᠵᠢ ᠨᠢ ᠵᠦᠯᠭᠦᠵᠤ᠂ ᠭᠡᠵᠢᠭᠡ ᠦᠰᠦ ᠵᠢ ᠨᠢ ᠵᠠᠰᠠᠵᠣ᠂ ᠬᠤᠵᠢᠮ ᠪᠠᠰᠠ ᠲᠡᠳᠡᠨ ᠳ᠋ᠤ ᠡᠷᠡᠭᠦᠯ ᠴᠢᠬᠢᠷᠠᠭ ᠤ᠋ᠨ ᠦᠢᠯᠡᠴᠢᠯᠡᠭᠡᠨ ᠤ᠋ ᠭᠠᠵᠠᠷ ᠪᠠᠢᠭᠤᠯᠤᠨ ᠥᠭ᠌ᠴᠦ᠂ ᠬᠤᠪᠴᠠᠰᠤ ᠬᠤᠨᠠᠷ ᠤᠬᠢᠶᠠᠬᠤ᠂ ᠡᠷᠡᠭᠦᠯ ᠮᠡᠨᠲᠦ ᠪᠠᠨ ᠪᠠᠢᠴᠠᠭᠠᠬᠤ ᠵᠡᠷᠭᠡ ᠦᠨᠳᠦᠰᠦᠨ ᠠᠰᠠᠭᠤᠳᠠᠯ ᠤ᠋ᠳ ᠢ᠋ ᠰᠢᠢᠳᠪᠦᠷᠢᠯᠡᠵᠣ ᠥᠭ᠌ᠭᠦᠨ᠎ᠡ᠃ ᠡᠮᠡᠭ᠌ᠲᠡᠢᠴᠦᠳ ᠤ᠋ᠨ ᠠᠵᠢᠯ ᠳᠡᠭᠡᠷ᠎ᠡ ᠭᠡᠷ ᠤ᠋ᠨ ᠰᠤᠷᠲᠠᠯ ᠤ᠋ᠨ ᠪᠣᠯᠪᠠᠰᠤᠷᠠᠯ ᠢ᠋ ᠵᠢᠯ ᠪᠣᠯᠭᠠᠨ ᠬᠢᠵᠣ᠂ ᠰᠡᠳᠭᠢᠴᠡ ᠵᠢᠨ ᠬᠢᠴᠢᠶᠡᠯ ᠪᠤᠯᠤᠨ ᠠᠵᠢᠯ ᠮᠡᠷᠭᠡᠵᠢᠯ ᠤ᠋ᠨ ᠲᠠᠯ᠎ᠠ ᠵᠢᠨ ᠪᠣᠯᠪᠠᠰᠤᠷᠠᠯ ᠢ᠋ ᠳᠠᠰᠤᠷᠠᠯᠲᠠ ᠦᠭᠡᠢ ᠬᠢᠵᠣ ᠢᠷᠡᠭ᠌ᠰᠡᠨ ᠵᠢᠡᠷ᠂ ᠠᠷᠤ ᠭᠡᠷ ᠲᠡᠭᠡᠨ ᠠᠯᠮᠠᠢᠷᠠᠨ ᠰᠠᠭᠤᠵᠤ ᠤᠷᠱᠢᠭ ᠶᠠᠷᠱᠢᠭ ᠡᠲᠦᠬᠦ᠌ ᠪᠠᠢᠳᠠᠯ ᠲᠠᠢ ᠬᠦᠮᠦᠨ ᠬᠠᠷᠠᠭ᠍ᠳᠠᠬᠤ ᠦᠭᠡᠢ ᠪᠣᠯᠵᠠᠢ᠃ ᠡᠳᠡᠭᠡᠷ ᠪᠣᠯ ᠠᠯᠲᠠᠨᠳᠤᠪᠴᠢ ᠵᠢ ᠠᠵᠠᠲᠠᠢ ᠨᠡᠢᠬᠡᠮ ᠲᠤᠭᠤᠷᠢᠭ ᠲᠦ᠍ ᠢᠷᠡᠭ᠌ᠰᠡᠨ ᠤ᠋ ᠬᠤᠢᠨ᠎ᠠ ᠭᠠᠷᠤᠭ᠍ᠰᠠᠨ ᠬᠤᠪᠢᠷᠠᠯᠲᠠ ᠪᠣᠯᠬᠤ ᠵᠢ ᠪᠢ ᠰᠤᠷᠪᠤᠯᠵᠢᠯᠠᠭ᠎ᠠ ᠵᠢᠨ ᠳᠤᠮᠳᠠ ᠪᠠᠨ ᠤᠢᠯᠠᠭᠠᠨ ᠮᠡᠳᠡᠪᠡ᠃ ᠨᠠᠮ ᠤ᠋ᠨ ᠠᠵᠢᠯ ᠤ᠋ᠨ ᠲᠠᠯ᠎ᠠ ᠪᠠᠷ ᠡᠳᠡᠨ ᠠᠵᠠᠲᠠᠢ ᠨᠡᠢᠬᠡᠮ ᠲᠤᠭᠤᠷᠢᠭ ᠲᠠᠢ ᠠᠵᠢᠯ ᠤ᠋ᠨ ᠬᠠᠷᠢᠴᠠᠭ᠎ᠠ ᠲᠠᠢ ᠪᠠᠢᠭ᠎ᠠ ᠳᠤᠯᠤᠭᠠᠨ ᠪᠠᠢᠭᠤᠯᠭ᠎ᠠ ᠨᠢᠭᠡᠴᠢ ᠵᠢᠨ ᠨᠠᠮ ᠤ᠋ᠨ ᠵᠤᠬᠢᠶᠠᠨ ᠪᠠᠢᠭᠤᠯᠤᠯᠲᠠ ᠲᠠᠢ ᠬᠤᠯᠪᠤᠭᠠᠯᠠᠨ᠂《ᠵᠢᠷᠭᠤᠭᠠᠨ ᠨᠢᠭᠡ ᠵᠢ ᠪᠠᠲᠤᠯᠠᠬᠤ》ᠨᠠᠮ ᠤ᠋ᠨ ᠭᠡᠱᠢᠭᠦᠨ ᠤ᠋ ᠬᠤᠯᠪᠤᠭᠠᠯᠠᠨ ᠦᠢᠯᠡᠴᠢᠯᠡᠬᠦ᠌ ᠠᠵᠢᠯ ᠤ᠋ᠨ ᠲᠤᠭ᠍ᠲᠠᠴᠠ ᠵᠢ ᠪᠠᠢᠭᠤᠯᠵᠤ᠂ ᠰᠠᠷ᠎ᠠ ᠪᠣᠯᠭᠠᠨ ᠶᠠᠪᠤᠭ᠍ᠳᠠᠬᠤ ᠨᠠᠮ ᠤ᠋ᠨ ᠭᠡᠱᠢᠭᠦᠨ ᠤ᠋ ᠦᠢᠯᠡᠴᠢᠯᠡᠭᠡᠨ ᠤ᠋ ᠡᠳᠦᠷ ᠨᠠᠮ ᠤ᠋ᠨ ᠭᠡᠱᠢᠭᠦᠳ ᠪᠣᠯᠭᠠᠨ ᠤᠯᠠᠨ ᠲᠦᠮᠡᠨ ᠳ᠋ᠤ ᠪᠤᠳᠠᠲᠠᠢ ᠨᠢᠭᠡᠨ ᠠᠵᠢᠯ ᠢ᠋ ᠬᠢᠵᠣ ᠪᠠᠢᠬᠤ ᠪᠠᠷ ᠲᠤᠭ᠍ᠲᠠᠭᠠᠵᠠᠢ᠃ ᠦᠨᠥ᠍ ᠪᠤᠯᠲᠠᠯ᠎ᠠ 79 ᠨᠡᠷ᠎ᠡ ᠨᠠᠮ ᠤ᠋ᠨ ᠭᠡᠱᠢᠭᠦᠨ ᠠᠵᠠᠲᠠᠢ ᠨᠡᠢᠬᠡᠮ ᠲᠤᠭᠤᠷᠢᠭ ᠤ᠋ᠨ ᠤᠯᠠᠨ ᠲᠦᠮᠡᠨ ᠳ᠋ᠤ ᠪᠤᠳᠠᠳᠣ ᠠᠵᠢᠯ ᠬᠢᠵᠣ ᠥᠭ᠌ᠬᠦ ᠠᠵᠢᠯᠯᠠᠭ᠎ᠠ ᠳ᠋ᠤ ᠤᠷᠤᠯᠴᠠᠨ᠂ 22 ᠤᠳᠠᠭᠠᠨ ᠤ᠋ ᠦᠢᠯᠡᠴᠢᠯᠡᠭᠡᠨ ᠤ᠋ ᠠᠵᠢᠯ ᠢ᠋ ᠦᠷᠨᠢᠭᠦᠯᠦᠨ᠂ 450 ᠭᠠᠷᠤᠢ ᠬᠦᠮᠦᠨ ᠳ᠋ᠤ ᠳᠤᠰᠠ ᠪᠠᠨ ᠬᠦᠷᠭᠡᠵᠠᠢ᠃

ᠲᠤᠭ ᠪᠠᠯᠭᠠᠰᠣ ᠵᠢᠨ ᠠᠵᠠᠲᠠᠢ ᠨᠡᠢᠬᠡᠮ ᠲᠤᠭᠤᠷᠢᠭ ᠪᠣᠯ ᠤᠯᠠᠨ ᠦᠨᠳᠦᠰᠦᠲᠡᠨ ᠵᠢᠡᠷ ᠪᠦᠷᠢᠯᠳᠦᠭ᠌ᠰᠡᠨ ᠡᠶ᠎ᠡ ᠵᠤᠬᠢᠴᠠᠯᠲᠤ ᠨᠡᠢᠬᠡᠮ ᠲᠤᠭᠤᠷᠢᠭ᠂ ᠳᠤᠮᠳᠠᠳᠤ ᠵᠢᠨ ᠦᠨᠳᠦᠰᠦᠲᠡᠨ ᠤ᠋ ᠬᠠᠮᠲᠤ ᠵᠢᠨ ᠴᠤᠭ᠍ᠴᠠ ᠵᠢᠨ ᠤᠬᠠᠮᠰᠠᠷ ᠢ᠋ ᠪᠠᠲᠤ ᠴᠤᠭᠴᠠᠯᠠᠬᠤ ᠪᠣᠯ ᠲᠡᠳᠡᠨ ᠤ᠋ ᠠᠵᠢᠯ ᠤ᠋ᠨ ᠭᠤᠣᠯ ᠰᠢᠵᠢᠮ᠃ ᠤᠮᠠᠷᠠᠲᠤ ᠬᠢᠯᠢ ᠵᠢᠨ ᠰᠤᠶᠤᠯ ᠤ᠋ᠨ ᠪᠠᠢᠭᠤᠯᠤᠯᠲᠠ ᠵᠢ ᠰᠠᠢᠲᠤᠷ ᠬᠢᠬᠦ᠌ ᠳ᠋ᠤ ᠤᠷᠠᠨ ᠬᠠᠳᠭᠤᠮᠠᠯ ᠤ᠋ᠨ ᠳᠡᠯᠭᠡᠨ ᠦᠵᠡᠭᠦᠯᠭᠡ ᠵᠢᠨ ᠲᠢᠩᠬᠢᠮ᠂ ᠠᠮᠢᠳᠤᠷᠠᠯ ᠵᠠᠩ ᠦᠢᠯᠡ ᠵᠢᠨ ᠰᠤᠶᠤᠯ ᠤ᠋ᠨ ᠳᠡᠯᠭᠡᠨ ᠦᠵᠡᠭᠦᠯᠭᠡ ᠵᠢᠨ ᠲᠢᠩᠬᠢᠮ᠂ ᠤᠢᠯᠠᠯᠭ᠎ᠠ ᠵᠢᠨ ᠨᠣᠮ ᠤ᠋ᠨ ᠳᠡᠯᠭᠡᠨ ᠦᠵᠡᠭᠦᠯᠭᠡ ᠵᠢᠨ ᠲᠢᠩᠬᠢᠮ᠂ ᠲᠣᠯᠢ ᠪᠢᠴᠢᠭ ᠤ᠋ᠨ ᠨᠣᠮ ᠤ᠋ᠨ ᠳᠡᠯᠭᠡᠨ ᠦᠵᠡᠭᠦᠯᠭᠡ ᠵᠢᠨ ᠲᠢᠩᠬᠢᠮ᠂ ᠤᠮᠠᠷᠠᠲᠤ ᠬᠢᠯᠢ ᠵᠢᠨ ᠰᠤᠶᠤᠯ ᠤ᠋ᠨ ᠵᠤᠬᠢᠶᠠᠨ ᠪᠦᠲᠦᠭᠡᠬᠦ᠌ ᠦᠷᠦᠭᠡ ᠵᠡᠷᠭᠡ ᠨᠢ ᠪᠠᠲᠤ ᠪᠠᠬᠢ ᠰᠤᠶᠤᠯ ᠤ᠋ᠨ ᠰᠠᠭᠤᠷᠢ ᠨᠢ ᠪᠣᠯᠪᠠ᠃ 2025 ᠣᠨ ᠤ᠋ 5 ᠰᠠᠷ᠎ᠠ ᠳ᠋ᠤ ᠲᠤᠭ ᠪᠠᠯᠭᠠᠰᠣ ᠵᠢᠨ ᠠᠵᠠᠲᠠᠢ ᠨᠡᠢᠬᠡᠮ ᠲᠤᠭᠤᠷᠢᠭ ᠡᠴᠡ ᠦᠨᠳᠦᠰᠦᠲᠡᠨ ᠤ᠋ ᠪᠦᠯᠬᠦᠮᠳᠡᠯ ᠳᠠᠪᠱᠢᠯᠲᠠ ᠪᠤᠯᠤᠨ ᠰᠤᠶᠤᠯ ᠤ᠋ᠨ ᠰᠤᠯᠢᠯᠴᠠᠭᠠᠨ ᠤ᠋ ᠠᠵᠢᠯᠯᠠᠭ᠎ᠠ ᠵᠢ ᠦᠷᠨᠢᠭᠦᠯᠵᠤ᠂ ᠱᠠᠨᠰᠢ᠂ ᠱᠠᠨ ᠰᠢ᠂ ᠨᠢᠩᠱᠢᠶᠠ ᠵᠡᠷᠭᠡ ᠭᠠᠵᠠᠷ ᠤᠷᠤᠨ ᠤ᠋ ᠲᠡᠤᠬᠡ ᠰᠤᠶᠤᠯ ᠰᠤᠳᠤᠯᠤᠭ᠍ᠴᠢ᠂ ᠮᠦᠽᠸᠢ ᠵᠢᠨ ᠠᠵᠢᠯᠲᠠᠳ᠂ ᠬᠠᠭᠤᠴᠢ ᠪᠤᠳᠠᠰ ᠪᠤᠯᠤᠨ ᠨᠣᠮ ᠰᠤᠳᠤᠷ ᠴᠤᠭ᠍ᠯᠠᠭᠤᠯᠤᠭ᠍ᠴᠢ ᠵᠡᠷᠭᠡ ᠪᠠᠷ ᠪᠦᠷᠢᠯᠳᠦᠭ᠌ᠰᠡᠨ 100 ᠭᠠᠷᠤᠢ ᠬᠦᠮᠦᠨ ᠢ᠋ ᠤᠷᠢᠨ ᠠᠪᠴᠢᠷᠠᠵᠤ᠂ ᠡᠯ᠎ᠡ ᠦᠨᠳᠦᠰᠦᠲᠡᠨ ᠤ᠋ ᠬᠤᠭᠤᠷᠤᠨᠳᠤᠬᠢ ᠶᠠᠪᠤᠯᠴᠠᠭ᠎ᠠ᠂ ᠰᠤᠯᠢᠯᠴᠠᠭ᠎ᠠ᠂ ᠠᠭᠤᠰᠤᠯᠴᠠᠭ᠎ᠠ ᠵᠢ ᠬᠡᠷᠬᠢᠨ ᠠᠬᠢᠭᠤᠯᠬᠤ ᠲᠠᠯ᠎ᠠ ᠪᠠᠷ ᠥᠷᠭᠡᠨ ᠴᠢᠯᠦᠭᠡᠲᠡᠢ ᠶᠠᠷᠢᠯᠴᠠᠭᠠᠨ ᠦᠷᠨᠢᠭᠦᠯᠵᠠᠢ᠃ ᠡᠭᠦᠨ ᠡᠴᠡ ᠪᠢ ᠤᠮᠠᠷᠠᠲᠤ ᠬᠢᠯᠢ ᠵᠢᠨ ᠰᠤᠶᠤᠯ ᠤ᠋ᠨ ᠪᠠᠢᠭᠤᠯᠤᠯᠲᠠ ᠵᠢ ᠬᠢᠬᠦ᠌ ᠤᠷᠤᠨ ᠵᠠᠢ ᠥᠷᠭᠡᠨ᠂ ᠠᠭᠤᠯᠭ᠎ᠠ ᠭᠦᠨ ᠪᠣᠯᠬᠤ ᠵᠢ ᠤᠯᠠᠮ ᠨᠢᠭᠡ ᠠᠯᠬᠤᠮ ᠭᠦᠨᠵᠡᠭᠡᠢ ᠤᠢᠯᠠᠭᠠᠭ᠍ᠰᠠᠨ ᠪᠢᠯᠡ᠃

ᠠᠯᠲᠠᠨᠲᠤᠪᠴᠢ ᠲᠠᠢ ᠬᠢᠭ᠌ᠰᠡᠨ ᠶᠠᠷᠢᠯᠴᠠᠭ᠎ᠠ ᠮᠠᠨᠢ ᠤᠳᠠᠯ ᠦᠭᠡᠢ ᠳᠠᠭᠤᠰᠴᠤ᠌᠂ ᠲᠡᠷᠡ ᠮᠠᠱᠢᠪᠢᠯᠢᠭ᠌ ᠲᠠᠢ ᠬᠠᠮᠲᠤ ᠠᠵᠠᠲᠠᠢ ᠨᠡᠢᠬᠡᠮ ᠲᠤᠭᠤᠷᠢᠭ ᠤ᠋ᠨ ᠬᠦᠷᠢᠶᠡᠨ ᠳ᠋ᠤ ᠪᠠᠰᠠ ᠨᠢᠭᠡᠨ ᠪᠠᠷᠢᠯᠭ᠎ᠠ ᠵᠢ ᠡᠬᠢᠯᠡᠭᠦᠯᠬᠦ᠌ ᠪᠠᠷ ᠶᠠᠭᠠᠷᠠᠨ ᠭᠠᠳᠠᠭ᠍ᠰᠢ ᠪᠠᠨ ᠭᠠᠷᠪᠠ᠃ ᠴᠠᠭᠠᠨ᠎ᠠ ᠱᠢᠨ᠎ᠡ ᠠᠰᠠᠷ ᠪᠠᠷᠢᠬᠤ᠂ ᠪᠤᠵᠠᠷ ᠤᠰᠤᠨ ᠤ᠋ ᠬᠤᠭᠤᠯᠠᠢ ᠵᠢ ᠱᠢᠨᠡᠳᠭᠡᠨ ᠵᠠᠰᠠᠬᠤ᠂ ᠰᠠᠭᠤᠭᠠᠯᠢ ᠲᠤᠭᠤᠷᠢᠭ ᠤ᠋ᠨ ᠤᠷᠴᠢᠨ ᠢ᠋ ᠭᠤᠶᠤᠵᠢᠭᠤᠯᠬᠤ ᠵᠡᠷᠭᠡ ᠠᠵᠢᠯ ᠨᠢᠭᠡ ᠨᠢᠭᠡ ᠠᠯᠬᠤᠮ ᠵᠢᠡᠷ ᠡᠬᠢᠯᠡᠨ᠎ᠡ᠃ ᠨᠢᠭᠡ ᠨᠢᠭᠡᠨ ᠵᠢᠡᠨ ᠬᠠᠪᠰᠤᠷᠣᠯᠴᠠᠵᠤ᠂ ᠰᠤᠶᠤᠯ ᠤ᠋ᠨ ᠲᠤᠯᠭ᠎ᠠ ᠪᠠᠨ ᠲᠤᠯᠤᠯᠴᠠᠵᠤ᠂ ᠡᠳᠦᠷ ᠲᠤᠳᠤᠮ ᠤ᠋ᠨ ᠠᠮᠢᠳᠤᠷᠠᠯ ᠳᠤᠮᠳᠠ ᠡᠴᠡ ᠪᠠᠨ ᠶᠡᠭᠡ ᠦᠢᠯᠡ ᠵᠢ ᠱᠢᠭ᠌ᠰᠢᠨ ᠪᠦᠲᠦᠭᠡᠯᠴᠡᠵᠤ᠂ ᠡᠶ᠎ᠡ ᠡᠪ ᠵᠢᠡᠨ ᠤᠯᠤᠭ᠍ᠰᠠᠨ ᠪᠠᠢᠳᠠᠯ ᠠᠳᠡ ᠢᠩᠬᠢᠭᠡᠳ ᠯᠠ ᠦᠷᠭᠦᠯᠵᠢᠯᠡᠭ᠌ᠰᠡᠭᠡᠷ ᠪᠠᠢᠵᠤ ᠪᠢᠯᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号