《ᠳᠤᠪᠴᠢ ᠨᠠᠮᠳᠠᠷ》 ᠵᠢᠡᠨ ᠲᠤᠬᠢᠳᠠᠢ ᠪᠢᠴᠢᠬᠦ᠎ᠶᠢᠨ ᠤᠴᠢᠷ
2025-08-18 10:03:09
ᠵᠣᠬᠢᠶᠠᠭ᠍ᠴᠢ᠄
ᠨᠠᠪᠴᠢ
ᠣᠩᠱᠢᠭ᠍ᠰᠠᠨ ᠣᠳᠠᠭ᠎ᠠ᠄
★★★☆☆

ᠲᠡᠭᠦᠰᠦᠭᠰᠡᠨ ᠤᠶᠤᠳᠠᠳ᠎ᠤᠨ ᠠᠵᠢᠯ ᠡᠷᠢᠬᠦ ᠲᠣᠪᠴᠢ ᠨᠠᠮᠲᠠᠷ ᠪᠣᠯ ᠬᠤᠪᠢ ᠬᠥᠮᠥᠨ᠎ᠦ ᠴᠢᠳᠠᠪᠤᠷᠢ ᠵᠢ ᠳᠡᠯᠬᠡᠨ ᠦᠵᠡᠬᠦᠯᠬᠦ ᠪᠢᠴᠢᠭ ᠮᠥᠨ᠃ ᠲᠡᠷᠡ ᠨᠢ ᠠᠵᠢᠯᠳᠠᠨ ᠡᠯᠰᠡᠬᠦ ᠪᠠᠢᠭᠤᠯᠭ᠎ᠠ ᠨᠢᠬᠡᠴᠢ ᠪᠤᠶᠤ ᠠᠵᠤ ᠠᠬᠤᠢᠯᠠᠯ ᠳ᠋ᠤ ᠦᠪᠡᠷ᠎ᠤ᠋ᠨ ᠴᠢᠳᠠᠪᠤᠷᠢ᠂ ᠳᠤᠷᠰᠢᠯᠭ᠎ᠠ᠂ ᠬᠦᠭᠵᠢᠯᠳᠡ ᠵᠢᠨ ᠳᠠᠯᠳᠠ ᠬᠦᠴᠦᠨ ᠵᠢᠡᠨ ᠳᠠᠨᠢᠯᠴᠠᠭᠤᠯᠬᠤ ᠳᠤᠯᠢ ᠪᠤᠯᠳᠠᠭ ᠪᠤᠯᠬᠤᠷ ᠲᠣᠪᠴᠢ ᠨᠠᠮᠲᠠᠷ᠎ᠤᠨ ᠲᠠᠲᠠᠬᠤ ᠬᠦᠴᠦᠨ᠂ ᠦᠷᠢᠰᠦᠯᠳᠦᠬᠦ ᠬᠦᠴᠦᠨ ᠵᠢᠡᠨ ᠳᠡᠬᠡᠭᠰᠢᠯᠡᠬᠦᠯᠵᠦ᠂ ᠴᠢᠨᠠᠷᠯᠢᠭ ᠪᠢᠴᠢᠬᠦ ᠨᠢ ᠴᠢᠬᠤᠯᠠ᠃

ᠶᠠᠭᠤᠨ᠎ᠤ ᠡᠮᠦᠨ᠎ᠡ᠂ ᠨᠠᠷᠢᠯᠢᠭ ᠵᠦᠢᠯᠡᠰ ᠠᠯᠢᠪᠠ ᠵᠢ ᠲᠤᠬᠳᠠᠭᠠᠨ᠎ᠠ ᠭᠡᠳᠡᠭ᠎ᠢᠶᠡᠷ ᠦᠨᠳᠦᠰᠦᠨ ᠮᠡᠳᠡᠭᠡ ᠵᠠᠩᠬᠢ ᠪᠠᠨ ᠵᠦᠪ ᠤᠨᠤᠪᠴᠢᠳᠠᠢ ᠪᠢᠴᠢᠵᠦ᠂ ᠪᠤᠰᠤᠳ ᠲᠸ᠋ ᠰᠠᠢᠨ ᠰᠠᠢᠬᠠᠨ ᠠᠩᠬᠠᠨ᠎ᠤ ᠲᠦᠷᠦᠭᠳᠡᠯ ᠦᠭᠬᠦ ᠬᠡᠷᠡᠭᠳᠡᠢ᠃ ᠤᠭ ᠨᠤᠲᠤᠭ᠂ ᠡᠷᠦᠬᠡ ᠠᠮᠠ ᠶ᠋ᠢᠨ ᠬᠠᠷᠢᠶ᠎ᠠ ᠶ᠋ᠢ ᠡᠩ᠎ᠦᠨ ᠪᠠᠢᠳᠠᠯ᠎ᠳᠤ ᠪᠢᠴᠢᠬᠦ ᠴᠢᠬᠤᠯᠠ ᠦᠭᠡᠢ᠂ ᠭᠡᠪᠡᠴᠦ ᠤᠭ ᠨᠤᠲᠤᠭ ᠪᠤᠶᠤ ᠡᠷᠦᠬᠡ ᠠᠮᠠ  ᠶ᠋ᠢᠨ ᠳᠠᠩᠰᠠ ᠪᠠᠢᠭ᠎ᠠ ᠭᠠᠵᠠᠷ᠎ᠲᠠᠭᠠᠨ ᠣᠴᠢᠵᠤ ᠠᠵᠢᠯᠯᠠᠬᠤ ᠪᠤᠳᠤᠯ ᠳᠠᠢ ᠪᠠᠢᠪᠠᠯ ᠪᠢᠴᠢᠵᠤ ᠪᠤᠯᠤᠨ᠎ᠠ᠃ ᠬᠡᠷᠪᠡ ᠨᠠᠮ᠎ᠤᠨ ᠬᠡᠰᠢᠬᠦᠨ ᠶᠤᠮ ᠪᠤᠯ ᠲᠤᠳᠤᠷᠬᠠᠢ ᠪᠢᠴᠢᠬᠦ ᠬᠡᠷᠡᠭᠳᠡᠢ᠂ ᠪᠠᠰᠠ ᠨᠢᠭᠡᠨ ᠬᠤᠪᠢ ᠲᠦᠪ ᠰᠠᠢᠬᠠᠨ ᠠᠵᠢᠯ᠎ᠤᠨ ᠰᠡᠬᠦᠳᠡᠷ ᠪᠡᠯᠡᠳᠭᠡᠵᠦ᠂ ᠬᠠᠷᠢᠯᠴᠠᠬᠤ ᠤᠲᠠᠰᠤ ᠪᠣᠯᠣᠨ ᠢᠮᠧᠯ ᠵᠢᠡᠨ ᠡᠷᠬᠡᠪᠰᠢ ᠳᠤᠳᠤᠷᠬᠠᠢ ᠪᠢᠴᠢᠬᠦ ᠬᠡᠷᠡᠭᠲᠡᠢ᠃

ᠲᠠᠷᠠᠭᠠᠯᠠᠪᠠᠯ᠂ ᠳᠤᠪᠴᠢ ᠨᠠᠮᠳᠠᠷ ᠲᠠᠭᠠᠨ ᠰᠤᠷᠭᠠᠨ ᠬᠦᠮᠦᠵᠢᠯ ᠬᠦᠷᠳᠡᠭᠰᠡᠨ ᠠᠬᠤᠢ ᠪᠠᠢᠳᠠᠯ ᠪᠠ ᠦᠢᠯᠡᠳᠦᠯᠬᠡ ᠵᠢᠨ ᠳᠤᠷᠰᠢᠯᠭ᠎ᠠ ᠪᠠᠨ ᠭᠤᠤᠯᠳᠠᠯᠭ᠎ᠠ ᠲᠠᠢ ᠳᠠᠨᠢᠯᠴᠠᠭᠤᠯᠬᠤ ᠬᠡᠷᠡᠭᠳᠡᠢ᠃ ᠬᠡᠷᠪᠡ ᠲᠠ ᠦᠢᠯᠡᠳᠦᠯᠬᠡ ᠵᠢᠨ ᠳᠤᠷᠰᠢᠯᠭ᠎ᠠ ᠪᠡᠷ ᠪᠠᠶᠠᠯᠢᠭ᠂ ᠳᠡᠬᠦᠰᠦᠭᠰᠡᠨ ᠰᠤᠷᠭᠠᠭᠤᠯᠢ ᠴᠢᠨᠢ ᠡᠩ᠎ᠤᠨ ᠶᠤᠮ ᠪᠤᠯ᠂ᠦᠢᠯᠡᠳᠦᠯᠬᠡ ᠵᠢᠨ ᠦᠩᠬᠡᠷᠡᠯᠳᠡ ᠪᠠᠨ ᠤᠷᠢᠳ ᠵᠢᠡᠷ ᠪᠢᠴᠢᠵᠦ ᠪᠤᠯᠤᠨ᠎ᠠ᠂ ᠡᠭᠦᠨ ᠳ᠋ᠤ ᠡᠷᠢᠵᠦ ᠪᠠᠢᠭ᠎ᠠ ᠠᠵᠢᠯ᠎ᠤᠨ ᠪᠠᠢᠷᠢ ᠲᠠᠢ ᠪᠠᠨ ᠬᠠᠮᠢᠶ᠎ᠠ ᠪᠦᠬᠦᠢ ᠲᠤᠷᠰᠢᠯᠭ᠎ᠠ ᠪᠠᠨ ᠢᠯᠡᠭᠦᠭᠡᠨ ᠪᠢᠴᠢᠪᠡᠯ ᠰᠠᠢᠨ᠂ ᠢᠯᠠᠩᠭᠤᠶ᠎ᠠ ᠦᠢᠯᠡᠳᠦᠯᠭᠡ᠎ᠶᠢᠨ ᠬᠢᠷᠢ ᠪᠦᠳᠦᠮᠵᠢ ᠪᠡᠨ ᠲᠤᠭ᠎ᠠ ᠪᠠᠷᠢᠮᠳᠠ ᠪᠠᠷ ᠢᠯᠡᠳᠭᠡᠵᠦ ᠲᠡᠢᠯᠪᠡᠯ ᠨᠡᠩ ᠰᠠᠢᠨ; ᠬᠡᠷᠪᠡ ᠳᠠᠨ᠎ᠤ ᠰᠤᠷᠤᠯᠴᠠᠭᠰᠠᠨ ᠰᠤᠷᠭᠠᠭᠤᠯᠢ ᠵᠢᠨ ᠨᠡᠷ᠎ᠡ ᠨᠦᠯᠦᠬᠡ ᠶᠡᠬᠡ᠂ ᠦᠢᠯᠡᠳᠦᠯᠬᠡ ᠵᠢᠨ ᠳᠤᠷᠰᠢᠯᠭ᠎ᠠ ᠪᠡᠷ ᠳᠤᠳᠠᠮᠠᠭ ᠪᠤᠯ ᠰᠤᠷᠭᠠᠨ ᠬᠦᠮᠦᠵᠢᠯ ᠬᠦᠷᠳᠡᠭᠰᠡᠨ ᠠᠬᠤᠢ ᠪᠠᠢᠳᠠᠯ ᠵᠢᠡᠨ ᠤᠷᠢᠳ ᠵᠢᠡᠷ ᠪᠢᠴᠢᠵᠤ ᠪᠤᠯᠤᠨ᠎ᠠ᠃ ᠰᠤᠷᠭᠠᠭᠤᠯᠢ ᠵᠢᠨ ᠨᠡᠷ᠎ᠡ ᠪᠠ ᠳᠤᠰᠬᠠᠢ ᠮᠡᠷᠬᠡᠵᠢᠯ ᠵᠢᠡᠨ ᠪᠢᠴᠢᠬᠦ ᠵᠢᠨ ᠳᠠᠭᠠᠤ ᠰᠤᠷᠤᠭᠰᠠᠨ ᠳᠤᠰᠬᠠᠢ ᠮᠡᠷᠬᠡᠵᠢᠯ ᠡᠴᠡ ᠪᠠᠨ ᠳᠠᠪᠤ ᠵᠢᠷᠭᠤᠭᠠᠨ ᠲᠦᠷᠦᠯ ᠢ᠋ ᠰᠤᠩᠭᠤᠨ ᠳᠠᠨᠢᠯᠴᠠᠭᠤᠯᠵᠤ ᠪᠤᠯᠤᠨ᠎ᠠ᠃ ᠬᠢᠷᠢ ᠪᠦᠳᠦᠮᠵᠢ ᠵᠢᠨ ᠨᠡᠷᠡᠰ᠎ᠦᠨ ᠵᠢᠭ᠍ᠰᠠᠭᠠᠯᠲᠠ᠎ᠴᠢᠨᠢ ᠡᠮᠦᠨᠡᠬᠦᠷ ᠪᠤᠯ ᠪᠢᠴᠢᠵᠦ ᠪᠤᠯᠤᠨ᠎ᠠ᠂ ᠢᠩᠬᠢᠪᠡᠯ ᠠᠵᠢᠯᠳᠠᠨ ᠡᠯᠰᠡᠬᠦ ᠨᠢᠭᠡᠴᠢ᠎ᠶᠢᠨ ᠬᠢᠨ ᠦᠵᠡᠮᠡᠭᠴᠡ ᠬᠢᠷᠢ ᠪᠦᠳᠦᠮᠵᠢ ᠰᠢᠯᠢᠳᠡᠭ ᠭᠡᠰᠡᠨ᠎ᠢ ᠮᠡᠳᠡᠬᠦ ᠪᠤᠯᠤᠨ᠎ᠠ᠃

ᠲᠠᠬᠢᠪᠠᠯ᠂ ᠶᠡᠬᠡ ᠰᠤᠷᠭᠠᠭᠤᠯᠢ ᠳ᠋ᠠᠭᠠᠨ ᠬᠦᠷᠳᠡᠭᠰᠨᠨ ᠱᠠᠩᠨᠠᠯ᠎ᠤᠨ ᠵᠦᠢᠯ ᠪᠠ ᠮᠡᠷᠬᠡᠵᠢᠯ᠎ᠴᠢᠳᠠᠪᠤᠷᠢ ᠵᠢᠨ ᠦᠨᠡᠮᠯᠡᠯ ᠪᠤᠯ ᠤᠶᠤᠳᠠᠳ᠎ᠤᠨ ᠰᠤᠷᠤᠯᠭ᠎ᠠ ᠴᠢᠳᠠᠪᠤᠷᠢ ᠵᠢ ᠢᠯᠡᠷᠡᠬᠦᠯᠬᠦ ᠴᠢᠬᠤᠯᠠ ᠬᠡᠮᠵᠢᠬᠦᠷ ᠲᠤᠯᠠ ᠪᠢᠴᠢᠵᠦ ᠤᠷᠤᠭᠤᠯᠪᠠᠯ ᠵᠦᠢᠳᠡᠢ᠃ ᠠᠵᠢᠯ ᠮᠡᠷᠭᠡᠵᠢᠯ᠎ᠦᠨ ᠬᠠᠷᠠᠯᠲᠠ ᠬᠦᠭᠵᠢᠯᠳᠡ᠎ᠲᠠᠢ ᠨᠢᠭ᠍ᠲᠠ ᠬᠣᠯᠪᠣᠭ᠎ᠠ᠎ᠲᠠᠢ᠂ ᠬᠤᠪᠢ ᠵᠢᠨ ᠵᠢᠩ ᠥᠨᠳᠥᠷ ᠱᠠᠩᠨᠠᠯ᠎ᠵᠢᠡᠨ ᠤᠯᠤᠰ᠎ᠤᠨ ᠲᠡᠰ᠂ ᠮᠤᠵᠢ᠎ᠶᠢᠨ ᠲᠠᠰ᠂ ᠬᠤᠳᠠ᠎ᠶᠢᠨ ᠲᠡᠰ᠂ ᠰᠤᠷᠭᠠᠭᠤᠯᠢ᠎ᠶᠢᠨ ᠲᠠᠰ ᠵᠡᠷᠭᠡ ᠳᠠᠷᠠᠭᠠᠯᠠᠯ᠎ᠢᠶᠠᠷ ᠪᠢᠴᠢᠵᠦ᠂ ᠬᠡᠷᠪᠡ ᠮᠠᠰᠢ ᠶᠡᠬᠡ ᠬᠦᠨᠳᠦ᠎ᠶᠢᠨ ᠵᠢᠩ ᠲᠠᠢ ᠢᠷᠠᠭᠤ ᠠᠯᠳᠠᠷ᠎ᠤᠨ ᠦᠨᠡᠮᠯᠡᠯ ᠪᠠᠢᠪᠠᠯ ᠳᠤᠰᠬᠠᠢ ᠳᠤᠳᠤᠷᠬᠠᠢᠯᠠᠨ ᠪᠢᠴᠢᠵᠦ ᠪᠤᠯᠤᠨ᠎ᠠ᠃ ᠡᠯ᠎ᠡ ᠲᠥᠷᠥᠯ᠎ᠦᠨ ᠮᠡᠷᠬᠡᠵᠢᠯ ᠴᠢᠳᠠᠪᠤᠷᠢ ᠵᠢᠨ ᠦᠨᠡᠮᠯᠡᠯ᠎ᠵᠢᠡᠡ ᠪᠢᠴᠢᠬᠦ ᠳ᠋ᠡᠬᠡᠨ ᠲᠤᠰᠬᠠᠢ ᠮᠡᠷᠭᠡᠵᠢᠯ᠎ᠦᠨ ᠤᠷ᠎ᠠ ᠴᠢᠳᠠᠪᠤᠷᠢ᠂ ᠬᠡᠯᠡ ᠶᠠᠷᠢᠶᠠᠨ᠎ᠦ ᠤᠷ᠎ᠠ ᠴᠢᠳᠠᠪᠤᠷᠢ᠂ ᠠᠵᠢᠯ ᠮᠡᠷᠭᠡᠵᠢᠯ᠎ᠦᠨ ᠬᠢᠷᠢ ᠬᠡᠮ᠎ᠦᠨ ᠦᠨᠡᠮᠯᠡᠯ᠂ ᠨᠡᠢᠳᠡᠮ ᠬᠡᠷᠡᠭᠯᠡᠬᠦ ᠤᠷ᠎ᠠ ᠴᠢᠳᠠᠪᠤᠷᠢ᠎ᠶᠢᠨ ᠦᠨᠡᠮᠯᠡᠯ᠎ᠦᠨ ᠲᠠᠷᠠᠭᠠᠯᠠᠯ᠎ᠢᠶᠡᠷ ᠲᠥᠷᠥᠯ ᠬᠤᠪᠢᠶᠠᠨ ᠢᠯᠡᠷᠡᠬᠦᠯᠵᠦ ᠪᠤᠯᠤᠨ᠎ᠠ᠃

ᠡᠭᠦᠨ ᠡᠴᠡ ᠭᠠᠳᠠᠨ᠎ᠠ᠂ ᠲᠤᠪᠴᠢ ᠨᠠᠮᠳᠠᠷ ᠵᠢᠡᠡ ᠵᠤᠬᠢᠶᠠᠬᠤ ᠳ᠋ᠤ ᠠᠵᠢᠯ ᠡᠷᠢᠬᠦ ᠬᠠᠷᠠᠯᠳᠠ ᠪᠠᠨ ᠳᠤᠳᠤᠷᠬᠠᠢ ᠪᠢᠴᠢᠬᠦ ᠨᠢ ᠮᠠᠰᠢ ᠴᠢᠬᠤᠯᠠ᠃ ᠵᠠᠷᠢᠮ ᠤᠶᠤᠳᠠᠳ ᠠᠵᠢᠯ ᠡᠷᠢᠬᠦ ᠬᠡᠪᠴᠢᠶ᠎ᠠ ᠪᠠᠨ ᠳᠡᠩᠳᠡᠬᠦᠦ ᠦᠷᠬᠡᠨ ᠪᠢᠴᠢᠳᠡᠭ ᠡᠴᠡ ᠠᠵᠢᠯᠳᠠᠨ ᠡᠯᠰᠡᠬᠦ ᠨᠢᠭᠡᠴᠢ᠎ᠶᠢᠨ ᠬᠢᠨ ᠦᠵᠡᠮᠡᠭᠴᠡ ᠬᠠᠷᠠᠯᠳᠠ ᠳᠤᠳᠤ ᠦᠬᠡᠢ ᠬᠡᠮᠡᠨ ᠰᠢᠭᠤᠳ ᠬᠠᠰᠤᠵᠤ ᠮᠡᠳᠡᠨ᠎ᠡ᠃ ᠪᠠᠰᠠ ᠵᠠᠷᠢᠮ ᠤ᠋ᠨ ᠬᠢᠨᠢ ᠠᠵᠢᠯ᠎ᠤᠨ ᠬᠠᠷᠠᠯᠳᠠ ᠨᠢ ᠠᠵᠢᠯ᠎ᠤᠨ ᠪᠠᠢᠷᠢ ᠳᠠᠢ ᠪᠠᠨ ᠵᠤᠬᠢᠴᠠᠯᠳᠤᠬᠤ ᠦᠬᠡᠢ ᠦᠵᠡᠭᠳᠡᠯ ᠭᠠᠷᠳᠠᠭ᠃ ᠠᠵᠢᠯ᠎ᠤᠨ ᠬᠠᠷᠠᠯᠳᠠ ᠪᠤᠯ ᠳᠤᠪᠴᠢ ᠨᠠᠮᠳᠠᠷ᠎ᠤᠨ ᠬᠠᠮᠤᠭ᠎ᠤᠨ ᠴᠢᠬᠤᠯᠠ ᠬᠡᠰᠡᠭ᠂ ᠡᠢᠮᠦ ᠡᠴᠡ ᠳᠤᠪᠴᠢ ᠨᠠᠮᠳᠠᠷ᠎ᠤᠨ ᠵᠢᠡᠨ ᠬᠠᠮᠤᠭ᠎ᠤᠨ ᠢᠯᠡ ᠭᠠᠵᠠᠷ᠂ ᠲᠤᠬᠠᠢᠯᠠᠪᠠᠯ ᠨᠡᠷ᠎ᠡ᠎ᠶᠢᠨ ᠵᠢᠡᠨ ᠳᠤᠤᠷ᠎ᠠ ᠳᠠᠯ᠎ᠠ ᠪᠤᠶᠤ ᠠᠷᠤ ᠳ᠋ᠤ ᠪᠢᠴᠢᠪᠡᠯ  ᠵᠤᠬᠢᠨ᠎ᠠ᠃

ᠠᠵᠢᠯ ᠡᠷᠢᠬᠦ ᠲᠤᠪᠴᠢ ᠨᠠᠮᠳᠠᠷ ᠪᠤᠯ ᠠᠵᠢᠯ ᠡᠷᠢᠬᠦ ᠤᠶᠤᠳᠠᠳ᠎ᠤᠨ ᠠᠵᠢᠯᠳᠠᠨ ᠡᠯᠰᠡᠬᠦ ᠪᠠᠢᠭᠤᠯᠭ᠎ᠠ ᠨᠢᠭᠡᠴᠢ ᠳ᠋ᠤ ᠦᠭᠬᠦ ᠠᠩᠬᠠᠨ᠎ᠤ ᠰᠠᠭᠤᠭᠳᠠᠯ ᠪᠤᠯᠤᠨ᠎ᠠ᠃ ᠡᠢᠮᠦ ᠡᠴᠡ ᠲᠡᠷᠡ ᠨᠢ ᠨᠡᠷ᠎ᠡ ᠨᠢᠳᠡᠷ ᠲᠡᠭᠡᠨ ᠨᠡᠢᠴᠡᠭᠰᠡᠨ ᠲᠤᠪᠴᠢ ᠲᠦᠭᠦᠮ᠂ ᠢᠯᠡ ᠲᠤᠳᠤ ᠮᠦᠷᠳᠡᠭᠡᠨ ᠭᠤᠤᠯᠳᠠᠯᠭ᠎ᠠ ᠨᠢ ᠲᠤᠪᠤᠢᠭᠰᠠᠨ ᠪᠠᠢᠬᠤ ᠬᠡᠷᠡᠭᠳᠡᠢ᠂ ᠢᠩᠭᠢᠮᠡᠨᠵᠢᠨ ᠰᠠᠶᠢ ᠲᠦᠭ ᠲᠦᠮᠡᠨ ᠠᠵᠢᠯ ᠡᠷᠢᠭᠰᠡᠳ᠎ᠤᠨ ᠲᠤᠮᠳᠠ ᠡᠴᠡ᠂ ᠠᠵᠢᠯᠳᠠᠨ ᠡᠯᠰᠡᠬᠦ ᠨᠢᠭᠡᠴᠢ᠎ᠶᠢᠨ ᠪᠠᠴᠢᠮ ᠶᠠᠭᠠᠷᠠᠤ ᠰᠢᠯᠢᠯᠳᠡ ᠲᠤᠮᠳᠠ ᠰᠤᠩᠭᠤᠭᠳᠠᠨ ᠦᠯᠡᠳᠡᠬᠦ ᠪᠤᠯᠤᠯᠴᠠᠭ᠎ᠠ ᠲᠠᠢ᠂ ᠬᠠᠷᠢᠨ ᠡᠰᠡᠷᠬᠦ ᠪᠡᠷ ᠤᠷᠳᠤ᠂ ᠨᠤᠷᠱᠤᠭᠤ᠂ ᠬᠤᠭᠤᠰᠤᠨ᠂ ᠭᠤᠤᠯ ᠲᠡᠳ᠋ ᠢᠯᠭᠠᠭᠳᠠᠬᠤ ᠦᠭᠡᠢ ᠪᠤᠯᠬᠤ ᠵᠢ ᠲᠡᠪᠴᠢᠬᠦ ᠬᠡᠷᠡᠭᠳᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号