ᠮᠤᠩᠭᠤᠯ ᠡᠮᠨᠡᠯᠭᠡ ᠶ᠋ᠢᠨ ᠲᠤᠰᠬᠠᠢ ᠬᠡᠷᠡᠭᠯᠡᠭᠡᠨ ᠤ᠋ ᠡᠮᠴᠢᠯᠡᠭᠡᠨ ᠤ᠋ ᠪᠠᠭᠠᠵᠢ ᠬᠡᠷᠡᠭᠰᠡᠯ 《ᠳᠠᠩᠰᠠᠯᠠᠭᠤᠯᠤᠭᠰᠠᠨ ᠦᠨᠡᠮᠯᠡᠯ》 ᠲᠠᠢ ᠪᠤᠯᠪᠠ
2025-08-18 16:01:31
ᠵᠣᠬᠢᠶᠠᠭ᠍ᠴᠢ᠄
ᠡᠷᠳᠡᠨᠢᠬᠤᠸᠠᠷ
ᠣᠩᠱᠢᠭ᠍ᠰᠠᠨ ᠣᠳᠠᠭ᠎ᠠ᠄
★★★☆☆

ᠦᠪᠦᠷ ᠮᠤᠩᠭᠤᠯ ᠤ᠋ᠨ ᠮᠧᠩ ᠰᠢᠶᠧ ᠡᠮᠴᠢᠯᠡᠭᠡᠨ ᠤ᠋ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠬᠢᠵᠠᠭᠠᠷᠳᠦ ᠺᠤᠮᠫᠠᠨᠢ ᠶ᠋ᠢᠨ ᠰᠤᠳᠤᠯᠤᠨ ᠦᠢᠯᠡᠳᠦᠭᠰᠡᠨ ᠨᠢᠭᠡ ᠯᠡ ᠤᠳᠠᠭ᠎ᠠ ᠶ᠋ᠢᠨ ᠬᠡᠷᠡᠭᠯᠡᠭᠡᠨ ᠤ᠋ ᠪᠠᠺᠲᠧᠷᠢ ᠦᠭᠡᠢ ᠮᠤᠩᠭᠤᠯ ᠡᠮᠨᠡᠯᠭᠡ ᠶ᠋ᠢᠨ ᠬᠠᠨᠠᠭᠤᠷ ᠨᠢ ᠦᠪᠡᠷᠳᠡᠭᠡᠨ ᠵᠠᠰᠠᠬᠤ ᠤᠷᠤᠨ ᠤ᠋ ᠡᠮ ᠤ᠋ᠨ ᠵᠦᠢᠯᠡᠰ ᠤ᠋ᠨ ᠬᠢᠨᠠᠯᠳᠠ ᠬᠠᠮᠢᠶᠠᠷᠤᠯᠳᠠ ᠶ᠋ᠢᠨ ᠲᠤᠪᠴᠢᠶ᠎ᠠ ᠶ᠋ᠢᠨ ᠬᠢᠨᠠᠨ ᠵᠦᠪᠰᠢᠶᠡᠷᠡᠭᠰᠡᠨ ᠬᠤᠶᠠᠳᠤᠭᠠᠷ ᠲᠦᠷᠦᠯ ᠤ᠋ᠨ ᠡᠮᠴᠢᠯᠡᠭᠡᠨ ᠤ᠋ ᠪᠠᠭᠠᠵᠢ ᠬᠡᠷᠡᠭᠰᠡᠯ ᠤ᠋ᠨ ᠳᠠᠩᠰᠠᠯᠠᠭᠤᠯᠤᠭᠰᠠᠨ ᠦᠨᠡᠮᠯᠡᠯ ᠢ᠋ ᠭᠠᠷᠳᠠᠪᠠ᠃ ᠡᠨᠡ ᠪᠤᠯ ᠪᠦᠬᠦ ᠤᠯᠤᠰ ᠤ᠋ᠨ ᠠᠩᠬᠠᠳᠠᠭᠴᠢ 《ᠳᠠᠩᠰᠠᠯᠠᠭᠤᠯᠤᠭᠰᠠᠨ ᠦᠨᠡᠮᠯᠡᠯ》 ᠤᠯᠤᠭᠰᠠᠨ ᠮᠤᠩᠭᠤᠯ ᠡᠮᠨᠡᠯᠭᠡ ᠶ᠋ᠢᠨ ᠲᠤᠰᠬᠠᠢ ᠬᠡᠷᠡᠭᠯᠡᠭᠡᠨ ᠤ᠋ ᠡᠮᠴᠢᠯᠡᠭᠡᠨ ᠤ᠋ ᠪᠠᠭᠠᠵᠢ ᠬᠡᠷᠡᠭᠰᠡᠯ ᠪᠠᠢᠵᠤ᠂ ᠮᠤᠩᠭᠤᠯ ᠡᠮᠨᠡᠯᠭᠡ ᠶ᠋ᠢᠨ ᠤᠯᠠᠮᠵᠢᠯᠠᠯᠳᠦ ᠵᠠᠰᠠᠯ ᠳ᠋ᠤ ᠳᠤᠭᠳᠠᠭᠠᠯ ᠳ᠋ᠤ ᠨᠡᠢᠴᠡᠭᠰᠡᠨ ᠲᠤᠰᠬᠠᠢ ᠬᠡᠷᠡᠭᠯᠡᠭᠡᠨ ᠤ᠋ ᠡᠮᠴᠢᠯᠡᠭᠡᠨ ᠤ᠋ ᠪᠠᠭᠠᠵᠢ ᠬᠡᠷᠡᠭᠰᠡᠯ ᠦᠭᠡᠢ ᠪᠠᠢᠭᠰᠡᠨ ᠲᠡᠦᠬᠡ ᠶ᠋ᠢ ᠡᠴᠤᠰᠯᠡᠭᠦᠯᠪᠠ᠃

ᠦᠪᠦᠷ ᠮᠤᠩᠭᠤᠯ ᠤ᠋ᠨ ᠮᠧᠩ ᠰᠢᠶᠧ ᠡᠮᠴᠢᠯᠡᠭᠡᠨ ᠤ᠋ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠬᠢᠵᠠᠭᠠᠷᠳᠦ ᠺᠤᠮᠫᠠᠨᠢ ᠶ᠋ᠢᠨ ᠰᠤᠳᠤᠯᠤᠨ ᠦᠢᠯᠡᠳᠦᠭᠰᠡᠨ ᠲᠤᠰ ᠬᠠᠨᠠᠭᠤᠷ ᠪᠤᠯ ᠮᠤᠩᠭᠤᠯ ᠡᠮᠨᠡᠯᠭᠡ ᠶ᠋ᠢᠨ ᠬᠠᠨᠠᠬᠤ ᠵᠠᠰᠠᠯ ᠳ᠋ᠤ ᠰᠠᠭᠤᠷᠢᠯᠠᠨ ᠰᠢᠨ᠎ᠠ ᠶ᠋ᠢ ᠡᠭᠦᠳᠬᠦ ᠴᠢᠨᠠᠷᠳᠠᠢ ᠪᠡᠷ ᠰᠤᠳᠤᠯᠤᠨ ᠲᠦᠰᠦᠪᠯᠡᠵᠤ᠂ ᠤᠳᠤ ᠦᠶ᠎ᠠ ᠶ᠋ᠢᠨ ᠴᠢᠳᠬᠤᠨ ᠱᠤᠭᠤᠵᠤ ᠭᠠᠩᠨᠠᠨ ᠵᠠᠯᠭᠠᠬᠤ ᠤᠷ᠎ᠠ ᠮᠡᠷᠭᠡᠰᠢᠯ ᠶ᠋ᠢᠡᠷ ᠦᠢᠯᠡᠳᠪᠤᠷᠢᠯᠡᠭᠰᠡᠨ ᠪᠦᠬᠡᠳ D ᠳᠡᠰ ᠤ᠋ᠨ ᠡᠮᠴᠢᠯᠡᠭᠡᠨ ᠤ᠋ ᠪᠠᠭᠠᠵᠢ ᠬᠡᠷᠡᠭᠰᠡᠯ ᠤ᠋ᠨ ᠠᠷᠢᠭᠤᠨ ᠴᠡᠪᠡᠷ ᠦᠢᠯᠡᠳᠪᠤᠷᠢᠯᠡᠯ ᠤ᠋ᠨ ᠲᠠᠰᠤᠭ ᠲᠤ᠌ ᠦᠢᠯᠡᠳᠪᠤᠷᠢᠯᠡᠨ ᠪᠤᠭᠤᠳᠠᠯᠯᠠᠵᠤ᠂ ᠡᠯᠧᠺᠲᠷᠤᠨ ᠪᠠᠭᠴᠠ ᠶ᠋ᠢᠨ ᠰᠠᠴᠤᠷᠠᠭ ᠶ᠋ᠢᠡᠷ ᠪᠠᠺᠲᠧᠷᠢ ᠶ᠋ᠢ ᠨᠢ ᠠᠷᠢᠯᠭᠠᠭᠰᠠᠨ ᠨᠢᠭᠡ ᠯᠡ ᠤᠳᠠᠭ᠎ᠠ ᠶ᠋ᠢᠨ ᠬᠡᠷᠡᠭᠯᠡᠭᠡᠨ ᠤ᠋ ᠪᠠᠺᠲᠧᠷᠢ ᠦᠭᠡᠢ ᠦᠢᠯᠡᠳᠭᠦᠨ ᠪᠤᠯᠤᠨ᠎ᠠ᠃ ᠡᠮᠴᠢᠯᠡᠭᠡᠨ ᠳ᠋ᠤ ᠲᠤᠰ ᠦᠢᠯᠡᠳᠭᠦᠨ ᠢ᠋ ᠲᠤᠷᠰᠢᠨ ᠬᠡᠷᠡᠭᠯᠡᠭᠡᠳ ᠠᠮᠦᠷ ᠲᠦᠪᠰᠢᠨ ᠪᠦᠭᠡᠳ ᠨᠠᠢᠳᠠᠪᠤᠷᠢᠳᠠᠢ᠂ ᠬᠡᠷᠡᠭᠯᠡᠬᠦ ᠳ᠋ᠤ ᠳᠦᠭᠦᠮ᠂ ᠬᠢᠮᠳᠠ ᠪᠦᠭᠡᠳ ᠳᠤᠬᠢᠯᠢᠭ ᠪᠠᠢᠬᠤ ᠶ᠋ᠢ ᠪᠠᠳᠤᠯᠠᠵᠠᠢ᠃

2022 ᠤᠨ ᠤ᠋ 9 ᠰᠠᠷ᠎ᠠ ᠳ᠋ᠤ ᠪᠠᠢᠭᠤᠯᠤᠭᠳᠠᠭᠰᠠᠨ ᠦᠪᠦᠷ ᠮᠤᠩᠭᠤᠯ ᠤ᠋ᠨ ᠮᠧᠩ ᠰᠢᠶᠧ ᠡᠮᠴᠢᠯᠡᠭᠡᠨ ᠤ᠋ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠬᠢᠵᠠᠭᠠᠷᠳᠦ ᠺᠤᠮᠫᠠᠨᠢ ᠬᠦᠬᠡᠬᠤᠳᠠ ᠶ᠋ᠢᠨ ᠬᠤᠷᠢᠨᠭᠡᠷ ᠰᠢᠨ᠎ᠠ ᠲᠤᠭᠤᠷᠢᠭ ᠤ᠋ᠨ ᠤᠶᠤᠨᠳᠤ ᠦᠢᠯᠡᠳᠭᠡᠯ ᠤ᠋ᠨ ᠠᠵᠤ ᠦᠢᠯᠡᠰ ᠤ᠋ᠨ ᠬᠦᠷᠢᠶᠡᠯᠡᠩ ᠳ᠋ᠤ ᠪᠠᠢᠷᠢᠯᠠᠵᠤ᠂ ᠮᠤᠩᠭᠤᠯ ᠡᠮ ᠡᠮᠨᠡᠯᠭᠡ ᠶ᠋ᠢᠨ ᠡᠷᠡᠭᠦᠯ ᠮᠡᠨᠳᠦ ᠶ᠋ᠢᠨ ᠠᠵᠤ ᠦᠢᠯᠡᠰ ᠢ᠋ ᠴᠢᠨᠠᠷ ᠰᠠᠢᠳᠠᠢ ᠬᠦᠭᠵᠢᠭᠦᠯᠬᠦ ᠪᠡᠷ ᠵᠤᠷᠢᠯᠳᠠ ᠪᠠᠨ ᠪᠤᠯᠭᠠᠵᠤ᠂ ᠮᠤᠩᠭᠤᠯ ᠡᠮᠨᠡᠯᠭᠡ ᠶ᠋ᠢᠨ ᠤᠨᠴᠠᠯᠢᠭᠳᠤ ᠵᠠᠰᠠᠯ ᠤ᠋ᠨ ᠡᠮᠴᠢᠯᠡᠭᠡᠨ ᠤ᠋ ᠪᠠᠭᠠᠵᠢ ᠬᠡᠷᠡᠭᠰᠡᠯ᠂ ᠮᠤᠩᠭᠤᠯ ᠡᠮᠨᠡᠯᠭᠡ ᠶ᠋ᠢᠨ ᠪᠠᠺᠲᠧᠷᠢ ᠳᠠᠷᠤᠬᠤ ᠡᠮ ᠨᠠᠢᠷᠠᠯᠳᠠ᠂ ᠮᠤᠩᠭᠤᠯ ᠡᠮ ᠡᠮᠨᠡᠯᠭᠡ ᠶ᠋ᠢᠨ ᠴᠢᠳᠠᠮᠵᠢᠳᠦ ᠭᠤᠶᠤᠯᠠᠯ ᠤ᠋ᠨ ᠡᠳ᠋ ᠪᠠ ᠡᠷᠡᠭᠦᠯ ᠮᠡᠨᠳᠦ ᠶ᠋ᠢᠨ ᠢᠳᠡᠭᠡᠨ ᠤ᠋ ᠵᠦᠢᠯ ᠢ᠋ ᠰᠤᠳᠤᠯᠤᠨ ᠦᠢᠯᠡᠳᠴᠦ ᠪᠤᠢ᠃ ᠲᠤᠰ ᠺᠤᠮᠫᠠᠨᠢ ᠨᠢ ᠮᠤᠩᠭᠤᠯ ᠡᠮ ᠡᠮᠨᠡᠯᠭᠡ ᠶ᠋ᠢᠨ ᠡᠷᠡᠭᠦᠯ ᠮᠡᠨᠳᠦ ᠶ᠋ᠢᠨ ᠠᠵᠤ ᠦᠢᠯᠡᠰ ᠤ᠋ᠨ ᠡᠮᠴᠢᠯᠡᠭᠡᠨ ᠤ᠋ ᠪᠠᠭᠠᠵᠢ ᠬᠡᠷᠡᠭᠰᠡᠯ᠂ ᠭᠤᠶᠤᠯᠠᠯ ᠤ᠋ᠨ ᠡᠳ᠋᠂ ᠪᠠᠺᠲᠧᠷᠢ ᠠᠷᠢᠭᠤᠳᠬᠠᠬᠤ ᠦᠢᠯᠡᠳᠭᠦᠨ᠂ ᠡᠷᠡᠭᠦᠯᠵᠢᠯ ᠤ᠋ᠨ ᠢᠳᠡᠭᠡᠨ᠂ ᠡᠳᠦᠷ ᠲᠤᠳᠤᠮ ᠤ᠋ᠨ ᠬᠡᠷᠡᠭᠯᠡᠭᠡᠨ ᠤ᠋ ᠦᠢᠯᠡᠳᠭᠦᠨ᠂ ᠰᠤᠶᠤᠯ ᠵᠢᠭᠤᠯᠴᠢᠯᠠᠯ ᠪᠠ ᠡᠷᠡᠭᠦᠯᠵᠢᠯ ᠰᠤᠪᠢᠯᠠᠯᠳᠠ ᠵᠡᠷᠭᠡ ᠠᠵᠤ ᠦᠢᠯᠡᠰ ᠲᠤ᠌ ᠬᠦᠷᠢᠶ᠎ᠠ ᠴᠠᠷᠠᠭ᠎ᠠ ᠠᠯᠤᠰᠯᠠᠨ ᠠᠭᠤᠰᠤᠯᠴᠠᠨ ᠬᠦᠭᠵᠢᠬᠦ ᠲᠠᠯ᠎ᠠ ᠳ᠋ᠤ ᠶᠡᠬᠡᠬᠡᠨ ᠬᠦᠴᠦᠨ ᠨᠡᠮᠡᠷᠢᠯᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号