ᠢᠮᠠᠬᠤ ᠵᠢᠨ ᠲᠡᠳᠦᠢ ᠵᠠᠢ᠎ᠳᠤ ᠡᠩ ᠶᠢᠷᠲᠢᠨᠴᠦ ᠵᠢ ᠪᠠᠭᠲᠠᠭᠠᠨᠠᠮ
2025-08-13 17:03:28
ᠵᠣᠬᠢᠶᠠᠭ᠍ᠴᠢ᠄
ᠭᠤᠤ ᠷᠦᠢ ᠹᠧᠩ
ᠣᠩᠱᠢᠭ᠍ᠰᠠᠨ ᠣᠳᠠᠭ᠎ᠠ᠄
★★★☆☆

ᠬᠥᠬᠡᠬᠤᠲᠠ᠎ᠶ᠋ᠢᠨ ᠱᠢᠨ᠎ᠡ ᠬᠤᠲᠠ ᠲᠣᠭᠤᠷᠢᠭ᠎ᠤᠨ ᠬᠠᠭᠤᠴᠢᠨ ᠠᠢᠯ ᠪᠠᠯᠭᠠᠰᠤᠨ᠎ᠤ ᠨᠢᠭᠡᠨ ᠰᠠᠭᠤᠭᠠᠯᠢ ᠠᠷᠠᠳ᠎ᠤᠨ ᠠᠰᠠᠷ᠎ᠲᠤ᠌ ᠬᠤᠯᠤ ᠵᠢᠨ ᠰᠡᠢᠯᠦᠮᠡᠯ᠎ᠤᠨ ᠤᠷ᠎ᠠ ᠮᠡᠷᠭᠡᠵᠢᠯ᠎ᠤᠨ ᠬᠥᠬᠡᠬᠤᠲᠠ᠎ᠶ᠋ᠢᠨ ᠤᠯᠠᠮᠵᠢᠯᠠᠭ᠍ᠴᠢ ᠵᠤᠤ ᠷᠦᠢ ᠯᠢᠨ ᠠᠵᠢᠯ᠎ᠤᠨ ᠲᠠᠰᠤᠭ ᠲᠠᠭᠠᠨ ᠬᠤᠯᠤ ᠰᠡᠢᠯᠦᠨ᠎ᠠ᠃

ᠨᠠᠷᠠᠨ᠎ᠤ ᠭᠡᠷᠡᠯ ᠴᠣᠩᠬᠣ᠎ᠵᠢ ᠨᠡᠪᠲᠡᠯᠦᠭᠡᠳ ᠰᠢᠷᠡᠭᠡᠨ ᠳᠡᠭᠡᠷᠡᠬᠢ ᠠᠷᠪᠢᠨ ᠬᠤᠯᠤ ᠳᠡᠭᠡᠷ᠎ᠡ ᠡᠶᠡᠪᠡᠷᠬᠦᠦ ᠲᠤᠰᠤᠨ᠎ᠠ᠃ ᠵᠣᠤ ᠷᠦᠢ ᠯᠢᠨ ᠬᠢᠲᠤᠭ᠎ᠠ᠎ᠪᠠᠷᠢᠭᠠᠳ᠂ ᠠᠩᠬᠠᠷᠤᠯ ᠵᠢᠡᠨ ᠲᠦᠪᠯᠡᠷᠡᠭᠦᠯᠦᠨ᠂ ᠬᠤᠯᠤ᠎ᠳᠡᠭᠡᠷ᠎ᠡ ᠨᠠᠷᠢᠨ ᠬᠡ ᠵᠢᠷᠤᠨ᠎ᠠ᠃

10 ᠭᠠᠷᠤᠢ ᠵᠢᠯ᠎ᠤᠨ ᠲᠤᠷᠰᠢ᠂ ᠵᠤᠤ ᠷᠦᠢ ᠯᠢᠨ ᠬᠤᠯᠤ ᠵᠢᠨ ᠰᠡᠢᠯᠦᠮᠡᠯ᠎ᠤᠨ ᠲᠦᠯᠦᠭᠡ ᠪᠡᠶ᠎ᠡ ᠰᠡᠳᠬᠢᠯ ᠵᠢᠡᠨ ᠵᠦᠳᠡᠭᠡᠨ᠂ ᠤᠯᠠᠮᠵᠢᠯᠠᠯᠲᠤ ᠤᠷ᠎ᠠ ᠮᠡᠷᠭᠡᠵᠢᠯ᠎ᠢ ᠤᠳᠤ ᠦᠶ᠎ᠡ᠎ᠶ᠋ᠢᠨ ᠭᠤᠸ᠎ᠠ ᠲᠠᠭᠠᠱᠢᠶᠠᠯ᠎ᠲᠠᠢ ᠠᠭᠤᠰᠤᠯᠴᠠᠭᠤᠯᠤᠭᠠᠳ᠂ ᠡᠩ᠎ᠤᠨ ᠶᠡᠷᠦᠮᠳᠡᠭ ᠬᠤᠯᠤ᠎ᠶ᠋ᠢ ᠤᠷᠠᠯᠢᠭ᠎ᠤᠨ ᠨᠠᠨᠳᠢᠨ ᠪᠦᠲᠦᠭᠡᠯ ᠪᠣᠯᠭᠠᠪᠠ᠃


QQ截图20240904155222.png


ᠦᠨᠢ ᠤᠳᠠᠭᠠᠨ ᠲᠡᠦᠬᠡ ᠲᠠᠢ ᠰᠣᠶᠣᠯ᠎ᠤᠨ ᠥᠪ

ᠳᠤᠮᠳᠠᠳᠤ ᠤᠯᠤᠰ᠎ᠤ᠋ᠨ ᠤᠯᠠᠮᠵᠢᠯᠠᠯᠲᠤ ᠰᠣᠶᠣᠯ᠎ᠳ᠋ᠤ ᠬᠤᠯᠤ ᠪᠤᠯ ᠥᠯᠵᠡᠢ ᠪᠡᠯᠭᠡ᠎ᠲᠡᠢ᠂ ᠣᠯᠠᠨ ᠬᠡᠦᠬᠡᠳ ᠵᠤᠵᠠᠭᠠᠨ ᠪᠤᠶᠠᠨ᠎ᠢ ᠪᠡᠯᠭᠡᠳᠡᠵᠦ ᠪᠠᠢᠳᠠᠭ᠃ ᠬᠤᠯᠤ ᠵᠢᠨ ᠰᠡᠢᠯᠦᠮᠡᠯ᠎ᠪᠤᠯ ᠲᠠᠷᠢᠶᠠᠯᠠᠩ᠎ᠤᠨ ᠪᠣᠯᠪᠠᠰᠤᠨ᠎ᠤ ᠣᠶᠤᠨ ᠤᠬᠠᠭᠠᠨ᠎ᠢ ᠠᠴᠢᠶᠠᠯᠠᠵᠤ ᠪᠠᠢᠭ᠎ᠠ ᠡᠷᠲᠡᠨ᠎ᠤ ᠤᠷ᠎ᠠ ᠮᠡᠷᠭᠡᠵᠢᠯ ᠪᠣᠯᠣᠨ᠎ᠠ᠃ ᠱᠢᠨ᠎ᠡ ᠴᠢᠯᠠᠭᠤᠨ ᠵᠡᠪᠰᠡᠭ᠎ᠦ᠋ᠨ ᠦᠶ᠎ᠡ᠎ᠶᠢᠨ ᠬᠡᠷᠡᠭᠯᠡᠭᠡᠨ᠎ᠤ ᠪᠠᠭᠠᠵᠢ ᠡᠴᠡ ᠮᠢᠩ ᠴᠢᠩ᠎ᠤ᠋ᠨ ᠦᠶ᠎ᠡ ᠵᠢᠨ ᠣᠷᠳᠣᠨ᠎ᠤ᠋ ᠪᠢᠴᠢᠭ᠎ᠤᠨ ᠭᠡᠷ᠎ᠤᠨ ᠭᠤᠶᠤ ᠨᠠᠷᠢᠯᠢᠭ ᠡᠳ᠋ᠯᠡᠯ᠎ᠤᠨ ᠵᠦᠢᠯᠡᠰ ᠬᠦᠷᠲᠡᠯ᠎ᠡ᠂ ᠳᠠᠬᠢᠨ ᠣᠳᠣ ᠦᠶ᠎ᠡ᠎ᠶᠢᠨ ᠪᠣᠳᠠᠰ᠎ᠤ᠋ᠨ ᠪᠤᠰᠤ ᠰᠣᠶᠣᠯ᠎ᠤ᠋ᠨ ᠥᠪ᠎ᠦ᠋ᠨ ᠱᠢᠨ᠎ᠡ᠎ᠶᠢ ᠡᠭᠦᠳᠦᠨ ᠬᠦᠭᠵᠢᠬᠦ ᠬᠦᠷᠲᠡᠯ᠎ᠡ᠂ ᠬᠤᠯᠤ ᠵᠢᠨ ᠰᠡᠢᠯᠦᠮᠡᠯ ᠮᠢᠩᠭᠠᠨ ᠵᠢᠯ᠎ᠢ ᠲᠤᠭᠤᠯᠤᠭᠠᠳ᠂ ᠮᠥᠨ ᠯᠡ ᠤᠷᠠᠨ ᠳᠠᠷᠬᠠᠨ᠎ᠤ᠋ ᠭᠠᠷ ᠲᠦ᠍ ᠠᠮᠢᠵᠢᠷᠠᠯ᠎ᠤ᠋ᠨ ᠬᠦᠴᠦᠨ᠎ᠵᠢᠡᠨ ᠪᠠᠳᠠᠷᠠᠭᠤᠯᠤᠭᠰᠠᠭᠠᠷ᠃

ᠠᠯᠢ ᠡᠷᠲᠡ 7000 ᠭᠠᠷᠤᠢ ᠵᠢᠯ᠎ᠦ᠋ᠨ ᠲᠡᠷᠲᠡᠭᠡᠬᠢ ᠾᠸ ᠮᠦ᠍ ᠳ᠋ᠦ᠋ ᠵᠢᠨ ᠰᠣᠶᠣᠯ᠎ᠤ᠋ᠨ ᠪᠠᠭᠤᠷᠢ᠎ᠡᠴᠡ ᠬᠠᠭᠤᠴᠢ ᠰᠤᠳᠤᠯᠤᠭᠴᠢᠳ ᠦᠭᠢᠷᠡᠬᠰᠠᠨ ᠬᠤᠯᠤ᠎ᠶᠢᠨ ᠦᠯᠡᠳᠡᠭ᠌ᠳᠡᠯ᠎ᠢ᠋ ᠢᠯᠡᠷᠡᠭᠦᠯᠦᠭᠡᠳ᠂ ᠳᠤᠮᠳᠠᠳᠤ ᠤᠯᠤᠰ᠎ᠤᠨ ᠡᠷᠲᠡᠨ᠎ᠤ᠎ᠬᠦᠮᠦᠨ ᠠᠯᠢ ᠡᠷᠲᠡ ᠬᠤᠯᠤ᠎ᠵᠢ ᠤᠰᠤ ᠤᠳᠬᠤᠬᠤ᠂ ᠠᠮᠤ ᠪᠤᠳᠠᠭ᠎ᠠ ᠬᠠᠳᠠᠭᠠᠯᠠᠬᠤ ᠰᠠᠪᠠ ᠪᠤᠯᠭᠠᠨ ᠠᠰᠢᠬᠯᠠᠵᠤ ᠪᠠᠢᠵᠠᠢ ᠭᠡᠳᠡᠭ᠎ᠢ ᠬᠡᠷᠡᠴᠢᠯᠡᠵᠡᠢ᠃ ᠡᠷᠲᠡ ᠦᠶ᠎ᠡ᠎ᠶ᠋ᠢᠨ ᠬᠤᠯᠤ ᠵᠢᠨ ᠰᠡᠢᠯᠦᠮᠡᠯ ᠳᠦᠭᠦᠮᠬᠡᠨ ᠲᠡᠮᠳᠡᠭ᠎ᠰᠡᠢᠯᠬᠦ ᠪᠡᠷ ᠭᠤᠣᠯ ᠪᠣᠯᠭᠠᠵᠤ᠂ ᠬᠠᠷᠢᠶ᠎ᠠ ᠪᠠᠨ ᠲᠡᠮᠲᠡᠭᠯᠡᠬᠦ ᠪᠤᠶᠤ ᠵᠠᠰᠠᠯ ᠴᠢᠮᠡᠭ᠌ᠯᠡᠯ᠎ᠳᠤ ᠬᠡᠷᠡᠭ᠌ᠯᠡᠵᠦ᠍ ᠪᠠᠢᠪᠠ᠃

ᠬᠠᠨ ᠤᠯᠤᠰ᠎ᠤᠨ ᠦᠶ᠎ᠡ᠎ᠳᠤ ᠬᠦᠷᠦᠭᠡᠳ ᠱᠢᠷᠳᠡᠮᠡᠯ ᠰᠠᠪᠠ᠂ ᠬᠦᠷᠡᠯ ᠰᠠᠪᠠ ᠵᠡᠷᠭᠡ ᠵᠢᠨ ᠭᠠᠷ ᠤᠷᠠᠯᠠᠯ᠎ᠤᠨ ᠬᠦᠭᠵᠢᠯᠲᠡ ᠵᠢ ᠳᠠᠭᠠᠯᠳᠤᠨ᠂ ᠬᠤᠯᠤ ᠨᠡᠩ ᠠᠷᠪᠢᠨ ᠰᠣᠶᠣᠯ᠎ᠤ᠋ᠨ ᠠᠭᠤᠯᠤᠭ᠍ᠳᠠᠬᠤᠨ ᠲᠠᠢ ᠪᠣᠯᠪᠠ᠃ ᠬᠥᠮᠥᠰ ᠬᠤᠯᠤ᠎ᠵᠢ ᠠᠷᠢᠬᠢᠨ ᠰᠠᠪᠠ ᠪᠣᠯᠭᠠᠨ ᠳᠡᠭᠡᠷ᠎ᠡ᠎ᠨᠢ ᠬᠡ ᠤᠭᠠᠯᠵᠠ ᠰᠡᠢᠯᠵᠦ᠍ ᠤᠷᠠᠯᠠᠨ᠎ᠡ ᠭᠡᠵᠦ 《ᠬᠤᠢᠲᠤ ᠬᠠᠨ ᠤᠯᠤᠰ᠎ᠤᠨ ᠪᠢᠴᠢᠭ》 ᠲᠦ᠍ ᠲᠡᠮᠳᠡᠭ᠌ᠯᠡᠵᠦ ᠪᠤᠢ᠃ ᠲᠠᠩ ᠤᠯᠤᠰ᠎ᠤᠨ ᠦᠶ᠎ᠡ᠎ᠳᠤ ᠬᠤᠯᠤ ᠬᠦᠩᠬᠡᠨ ᠪᠦᠭᠡᠳ ᠪᠥᠬᠡ ᠪᠤᠯᠬᠤᠷ ᠪᠢᠴᠢᠭ᠎ᠤᠨ ᠬᠥᠮᠥᠨ᠎ᠤ ᠲᠤᠭᠤᠳᠠᠭ ᠠᠷᠢᠬᠢᠨ ᠰᠠᠪᠠ ᠪᠠ ᠪᠢᠴᠢᠭ᠎ᠤᠨ ᠭᠡᠷ᠎ᠤᠨ ᠬᠡᠭᠡᠨᠴᠢᠷ ᠡᠳ᠋ᠯᠡᠯ ᠪᠣᠯᠵᠤ ᠪᠠᠢᠪᠠ᠃

ᠮᠢᠩ ᠴᠢᠩ᠎ᠤᠨ ᠦᠶ᠎ᠡ᠎ᠳᠤ ᠬᠤᠯᠤ ᠵᠢᠨ ᠰᠡᠢᠯᠦᠮᠡᠯ ᠬᠦᠭᠵᠢᠯᠲᠡ ᠵᠢᠨ ᠰᠠᠢᠨ ᠴᠠᠭ᠎ᠳᠦ᠍ ᠤᠷᠤᠵᠤ᠂ ᠬᠠᠭᠠᠨ᠎ᠤ ᠤᠷᠳᠤᠨ᠎ᠳᠤ ᠲᠠᠷᠬᠠᠳ ᠬᠡᠪ ᠭᠠᠷᠭᠠᠨ ᠡᠯᠳᠡᠪ᠎ᠤᠨ ᠬᠡᠯᠪᠡᠷᠢ ᠲᠠᠢ ᠬᠤᠯᠤ ᠵᠢ ᠤᠷᠭᠤᠭᠤᠯᠵᠤ ᠪᠠᠢᠪᠠ᠃ ᠲᠡᠭ᠌ᠷᠢ ᠲᠡᠳᠬᠦᠭ᠌ᠴᠢ ᠬᠠᠭᠠᠨ ᠬᠤᠯᠤ ᠵᠢᠨ ᠰᠡᠢᠯᠦᠮᠡᠯ᠎ᠤᠨ ᠭᠠᠷ ᠤᠷᠠᠯᠠᠯ᠎ᠳᠤ ᠮᠠᠰᠢ ᠳᠤᠷᠠᠲᠠᠢ ᠪᠠᠢᠵᠤ᠂ ᠣᠷᠳᠣᠨ᠎ᠳᠤ ᠦᠢᠯᠡᠳᠦᠭ᠌ᠰᠡᠨ ᠬᠤᠯᠤ ᠵᠢᠨ ᠰᠠᠪᠠ᠎ᠨᠢ ᠰᠡᠳᠦᠪ ᠵᠢᠡᠷ ᠪᠠᠶᠠᠯᠢᠬ ᠪᠠᠢᠪᠠ᠂ ᠡᠭᠦᠨ᠎ᠳᠤ ᠠᠭᠤᠯᠠ ᠤᠰᠤ᠂ ᠴᠡᠴᠡᠭ ᠱᠢᠪᠠᠭᠤ᠂ ᠱᠢᠯᠦᠭ ᠤᠶᠠᠩᠭ᠎ᠠ ᠵᠡᠷᠭᠡ᠎ᠶ᠋ᠢ ᠬᠠᠮᠤᠷᠴᠤ᠌᠂ ᠵᠠᠷᠢᠮ᠎ᠨᠢ ᠪᠠᠰᠠ ᠠᠯᠲᠠ ᠮᠥᠩᠭᠦ ᠱᠢᠬᠢᠳᠭᠡᠨ᠂ ᠬᠠᠭᠠᠨ᠎ᠤ ᠤᠭᠰᠠᠭᠠᠨ᠎ᠤ ᠬᠤᠪᠣᠷ ᠡᠳ᠋ ᠪᠣᠯᠵᠤ ᠪᠠᠢᠵᠠᠢ᠃

ᠠᠷᠠᠳ᠎ᠤᠨ ᠳᠤᠮᠳᠠ ᠬᠤᠯᠤ ᠵᠢᠨ ᠰᠡᠢᠯᠦᠮᠡᠯ᠎ᠢᠯᠡ ᠲᠣᠳᠣ ᠭᠠᠵᠠᠷ ᠣᠷᠣᠨ᠎ᠤ ᠣᠨᠴᠠᠯᠢᠭ᠎ᠲᠠᠢ᠃ ᠱᠠᠨᠳᠦ᠋ᠩ᠎ᠦᠨ ᠯᠢᠶᠣᠣᠴᠧᠩ᠎ᠦᠨ 《ᠭᠤᠯᠢᠶ᠎ᠠ ᠵᠢᠨ ᠬᠤᠯᠤ》 ᠤᠷᠠᠨ ᠨᠠᠷᠢᠯᠢᠭ ᠬᠢᠲᠤᠭ᠎ᠠ᠎ᠵᠢᠨ ᠡᠷᠳᠡᠮ ᠵᠢᠡᠷ ᠵᠢᠡᠨ ᠠᠯᠳᠠᠷᠲᠠᠶ᠂ ᠤᠷᠠᠨ ᠳᠠᠷᠬᠠᠳ ᠬᠤᠯᠤ ᠳᠡᠭᠡᠷ᠎ᠡ ᠭᠤᠯᠢᠶ᠎ᠠ᠂ ᠴᠠᠷᠴᠠᠬᠠᠢ ᠵᠡᠷᠭᠡ ᠬᠣᠷᠣᠬᠠᠶ᠎ᠶ᠋ᠢ ᠠᠮᠢᠳᠤ ᠳᠦᠷᠰᠦᠯᠢᠭ ᠰᠡᠢᠯᠳᠡᠭ; ᠬᠠᠷᠢᠨ ᠭᠠᠨᠰᠤ ᠵᠢᠨ ᠯᠠᠨᠵᠸᠦ ᠵᠢᠨ ᠬᠤᠯᠤ ᠵᠢᠨ ᠰᠡᠢᠯᠦᠮᠡᠯ ᠴᠤᠭᠤᠯᠪᠤᠷᠢ ᠰᠡᠢᠯᠦᠮᠠᠯ᠎ᠤᠨ ᠠᠷᠭ᠎ᠠ ᠮᠡᠷᠭᠡᠵᠢᠯ ᠵᠢᠡᠷ ᠵᠢᠡᠨ ᠤᠨᠴᠠᠯᠢᠬᠳᠠᠨ᠎ᠠ᠂ ᠵᠢᠷᠤᠭ ᠳᠦᠷᠰᠦ ᠨᠢ ᠶᠠᠪᠠᠭᠠᠨ ᠦᠯᠢᠭᠡᠷ ᠪᠤᠶᠦ ᠦᠯᠵᠡᠢ ᠪᠡᠯᠭᠡᠲᠦ ᠵᠢᠷᠤᠭ ᠬᠡ ᠪᠡᠷ ᠮᠠᠲ᠋ᠸᠷᠢᠶᠠᠯ ᠪᠤᠯᠭᠠᠳᠠᠭ᠃ ᠡᠭᠦᠨ᠎ᠠᠴᠠ ᠭᠠᠳᠠᠨ᠎ᠠ᠂ ᠱᠠᠨ ᠰᠢ᠂ ᠾᠧᠪᠸᠢ ᠵᠡᠷᠭᠡ ᠭᠠᠵᠠᠷ᠎ᠲᠤ ᠪᠠᠰᠠ ᠥᠪᠡᠷ ᠥᠪᠡᠷ᠎ᠤᠨ ᠣᠨᠴᠠᠯᠢᠭ᠎ᠲᠠᠢ ᠬᠤᠯᠤ ᠵᠢᠨ ᠰᠡᠢᠯᠦᠮᠡᠯ ᠵᠤᠬᠢᠶᠠᠨ ᠪᠦᠲᠦᠭᠡᠬᠦ ᠤᠯᠠᠮᠵᠢᠯᠠᠯ᠎ᠲᠠᠢ ᠪᠠᠢᠳᠠᠭ᠃

2008 ᠣᠨ᠎ᠳ᠋ᠤ᠂ ᠯᠢᠶᠣᠣᠴᠧᠩ᠎ᠤᠨ ᠬᠤᠯᠤ ᠵᠢᠨ ᠰᠡᠢᠯᠦᠮᠡᠯ ᠤᠯᠤᠰ᠎ᠤ᠋ᠨ ᠳᠡᠰ᠎ᠦ᠋ᠨ ᠪᠣᠳᠠᠰ᠎ᠤ᠋ᠨ ᠪᠤᠰᠤ ᠰᠣᠶᠣᠯ᠎ᠤ᠋ᠨ ᠥᠪ᠎ᠦ᠋ᠨ ᠲᠥᠯᠥᠭᠡᠯᠡᠬᠦ᠌ ᠴᠢᠨᠠᠷᠲᠠᠢ ᠲᠥᠷᠥᠯ ᠵᠦᠢᠯ᠎ᠦ᠋ᠨ ᠨᠡᠷᠡᠰ᠎ᠲᠦ᠍ ᠵᠢᠭ᠍ᠰᠠᠭᠠᠭᠳᠠᠵᠤ᠂ ᠭᠣᠣᠯᠳᠠᠯᠭ᠎ᠠ᠎ᠲᠠᠢ ᠬᠠᠮᠠᠭᠠᠯᠠᠬᠤ ᠵᠦᠢᠯ  ᠪᠤᠯᠵᠠᠢ᠃


QQ截图20250731161406.png


ᠰᠢᠨᠲᠠᠷᠠᠰᠢ ᠦᠭᠡᠢ ᠴᠢᠷᠮᠠᠢᠨ ᠨᠡᠷᠡᠲᠦ ᠪᠠᠭ᠍ᠰᠢ᠎ᠳᠤ ᠱᠠᠪᠢᠯᠠᠪᠠ

ᠵᠣᠣ ᠷᠦᠢ ᠯᠢᠨ ᠡᠨᠡ ᠵᠢᠯ 43 ᠨᠠᠰᠤᠲᠠᠢ᠂ ᠱᠠᠨ ᠱ᠋ᠢ᠎ᠶᠢᠨ ᠢᠦᠢ ᠰᠢᠶᠠᠨ᠎ᠳ᠋ᠤ ᠲᠥᠷᠥᠵᠡᠢ᠂ ᠲᠡᠷᠡ ᠬᠠᠷᠠᠬᠠᠨ ᠪᠠᠭ᠎ᠠ᠎ᠠ᠋ᠴᠠ᠎ᠪᠠᠨ ᠠᠷᠠᠳ᠎ᠤ᠋ᠨ ᠭᠠᠷ ᠤᠷᠠᠯᠠᠯ᠎ᠳ᠋ᠤ ᠳᠤᠷ᠎ᠠ ᠰᠣᠨᠢᠷᠬᠠᠯ᠎ᠲᠠᠢ ᠪᠠᠢᠪᠠ᠃ 《ᠪᠠᠭ᠎ᠠ᠎ᠳᠠᠭᠠᠨ ᠨᠠᠰᠤᠲᠠᠢᠴᠤᠳ᠎ᠤᠨ ᠬᠤᠯᠤ᠎ᠪᠠᠷ ᠤᠰᠤᠨ ᠬᠤᠯᠤ᠂ ᠠᠷᠢᠬᠢᠨ ᠳᠡᠪᠦᠷ᠎ᠡ ᠬᠢᠬᠦ ᠵᠢ ᠦᠷᠭᠦᠯᠵᠢ ᠬᠠᠷᠠᠵᠤ ᠪᠠᠢᠯ᠎ᠠ᠂ ᠬᠠᠶᠠ ᠪᠠᠰᠠ ᠳᠥᠭᠦᠮᠬᠡᠨ ᠬᠠᠭᠠᠷᠢᠮᠠᠯ ᠵᠢᠷᠤᠭ᠎ᠢ ᠣᠯᠵᠤ ᠬᠠᠷᠠᠭᠠᠳ᠂ ᠮᠠᠰᠢ ᠭᠠᠢᠬᠠᠮᠱᠢᠭ᠍ᠲᠠᠢ ᠰᠠᠨᠠᠭ᠍ᠳᠠᠵᠤ ᠪᠠᠢᠵᠠᠢ᠂ ᠲᠡᠭᠡᠭᠡᠳ ᠪᠢ ᠰᠣᠨᠢᠭᠤᠴᠢ ᠰᠡᠳᠬᠢᠯ ᠵᠢᠡᠷ ᠦᠷᠭᠦᠯᠵᠢ ᠬᠤᠯᠤ ᠳᠡᠭᠡᠷ᠎ᠡ ᠵᠢᠷᠤᠭ ᠵᠢᠷᠤᠬᠤ ᠪᠤᠶᠤ ᠰᠡᠢᠯᠳᠡᠭ᠂ ᠪᠠᠭ᠎ᠠ ᠰᠤᠷᠭᠠᠭᠤᠯᠢ᠎ᠶ᠋ᠢᠨ ᠦᠶ᠎ᠡ᠎ᠳᠤ ᠬᠤᠯᠤ ᠳᠡᠭᠡᠷ᠎ᠡ 〈ᠪᠤᠶᠠᠨ〉 ᠭᠡᠬᠦ᠌ ᠦᠰᠦᠭ᠎ᠢ ᠵᠢᠷᠤᠵᠤ ᠰᠡᠢᠯᠦᠭᠡᠳ᠂ ᠰᠤᠷᠭᠠᠭᠤᠯᠢ᠎ᠶ᠋ᠢᠨ ᠭᠠᠷ ᠤᠷᠠᠯᠠᠯ᠎ᠤᠨ ᠤᠷᠤᠯᠳᠤᠭᠠᠨ᠎ᠳᠡᠭᠡᠷ᠎ᠡ ᠱᠠᠩᠨᠠᠯ ᠬᠦᠷᠲᠡᠭᠰᠡᠨ ᠰᠢᠦ》 ᠭᠡᠵᠤ ᠵᠤᠤ ᠷᠦᠢ ᠯᠢᠨ ᠬᠡᠯᠡᠪᠡ᠃

ᠠᠩᠬ᠎ᠠ ᠵᠡᠷᠭᠡ ᠵᠢᠨ ᠭᠤᠷᠪᠠᠳᠤᠭᠠᠷ ᠤᠨ᠎ᠳᠤ ᠰᠤᠷᠤᠯᠴᠠᠵᠤ ᠪᠠᠢᠬᠤ ᠳ᠋ᠠᠭᠠᠨ ᠵᠤᠤ ᠷᠦᠢ ᠯᠢᠨ ᠠᠪᠤ ᠡᠵᠢ᠎ᠪᠠᠨ ᠳᠠᠭᠠᠵᠤ ᠲᠠᠢᠶᠤᠸᠠᠨ᠎ᠳᠤ ᠲᠥᠷᠥᠯ ᠰᠠᠳᠤᠨ᠎ᠵᠢᠡᠨ ᠡᠷᠬᠢᠬᠦ ᠪᠡᠷ ᠤᠴᠢᠭᠠᠳ᠂ ᠲᠠᠢᠶᠤᠸᠠᠨ᠎ᠤ ᠬᠠᠮᠲᠤ ᠰᠤᠷᠤᠭᠴᠢ ᠲᠠᠢ ᠪᠠᠨ ᠪᠤᠯᠵᠤᠭᠠᠳ ᠲᠤᠬᠠᠢ᠎ᠶ᠋ᠢᠨ ᠭᠠᠵᠠᠷ᠎ᠤᠨ ᠨᠢᠭᠡᠨ ᠳᠡᠯᠭᠡᠭᠦᠷ ᠲᠦ᠍ ᠨᠠᠭᠠᠳᠴᠠᠢ᠂ ᠨᠠᠭᠠᠳᠬᠤ ᠵᠠᠭᠤᠷ᠎ᠠ ᠨᠢᠭᠡ ᠬᠤᠷᠭᠤᠨ ᠳᠤᠲᠤᠷᠠᠬᠢ ᠶᠡᠭᠡ ᠪᠠᠭ᠎ᠠ᠎ᠨᠢ ᠠᠳᠠᠯᠢ ᠦᠭᠡᠢ᠂ ᠡᠯᠳᠡᠪ᠎ᠤᠨ ᠳᠦᠷᠰᠦ ᠬᠡᠯᠪᠡᠷᠢ ᠲᠠᠢ ᠬᠤᠯᠤ ᠲᠡᠭᠦᠨ᠎ᠤ ᠠᠩᠬᠠᠷᠤᠯ᠎ᠢ ᠲᠠᠲᠠᠵᠠᠢ᠂ ᠵᠤᠤ ᠷᠦᠢ ᠯᠢᠨ ᠪᠠᠶᠠᠷᠯᠠᠭᠠᠳ ᠡᠳᠡᠭᠡᠷ ᠵᠦᠢᠯ ᠵᠦᠢᠯ ᠵᠢᠡᠷ ᠬᠤᠪᠢᠯᠤᠭᠰᠠᠨ ᠬᠤᠯᠤ ᠵᠢ ᠰᠤᠭᠲᠤᠭᠤᠷᠠᠨ ᠰᠢᠷᠲᠡᠭᠡᠳ ᠰᠠᠯᠬᠤ ᠳᠤᠷ᠎ᠠ ᠦᠭᠡᠢ ᠪᠤᠯᠵᠠᠢ᠃ ᠡᠨᠡ ᠦᠶ᠎ᠡ ᠳ᠋ᠦ ᠲᠡᠷᠡ ᠰᠠᠶᠢ ᠬᠤᠯᠤ ᠵᠢ ᠢᠩᠬᠢᠵᠦ ᠭᠤᠶᠤ ᠪᠦᠭᠡᠳ ᠠᠷᠪᠢᠨ ᠵᠦᠢᠯ ᠵᠢᠡᠷ ᠵᠠᠰᠠᠵᠤ ᠴᠢᠮᠡᠭᠯᠡᠵᠦ ᠪᠤᠯᠬᠤ ᠮᠦᠷᠲᠡᠭᠡᠨ ᠪᠠᠰᠠ ᠬᠤᠳᠠᠯᠳᠤᠭᠠᠳ ᠵᠣᠭᠣᠰ ᠬᠤᠪᠢᠯᠭᠠᠵᠤ ᠪᠤᠯᠬᠤ᠎ᠶ᠋ᠢ ᠮᠡᠳᠡᠪᠡ᠃ ᠡᠨᠡ ᠬᠦ᠌ ᠨᠢᠳᠦ ᠨᠡᠭᠡᠭᠡᠭᠰᠡᠨ ᠶᠠᠪᠤᠳᠠᠯ ᠡᠴᠡ ᠪᠤᠯᠵᠤ᠂ ᠲᠡᠭᠦᠨ᠎ᠦ 《ᠲᠣᠮᠣ ᠪᠣᠯᠣᠭ᠍ᠰᠠᠨ᠎ᠤ ᠳᠠᠷᠠᠭ᠎ᠠ ᠬᠤᠯᠤ ᠵᠢᠨ ᠰᠡᠢᠯᠦᠮᠡᠯ ᠬᠢᠬᠦ᠌》 ᠪᠣᠳᠣᠯ᠎ᠨᠢ ᠦᠪᠡᠷ᠎ᠤᠨ ᠡᠷᠬᠡ ᠦᠭᠡᠢ ᠲᠣᠳᠣ ᠲᠤᠪᠤᠭᠤᠷ ᠪᠤᠯᠵᠤ ᠪᠠᠲᠤᠵᠢᠭᠰᠠᠨ ᠪᠠᠢᠨ᠎ᠠ᠃


QQ截图20250224163902.png


ᠵᠣᠣ ᠷᠦᠢ ᠯᠢᠨ ᠬᠤᠷᠭᠤᠨ ᠳᠡᠭᠡᠷᠡᠬᠢ ᠲᠣᠪᠴᠢ ᠲᠠᠨᠢᠯᠴᠠᠭᠤᠯᠭ᠎ᠠ ᠡᠴᠡ ᠡᠳᠡᠭᠡᠷ ᠬᠤᠯᠤ᠎ᠶᠢᠨ ᠤᠷᠠᠯᠢᠭ᠎ᠤ᠋ᠨ ᠪᠦᠲᠦᠭᠡᠯ᠎ᠢ᠋ ᠲᠠᠢᠶᠤᠸᠠᠨ᠎ᠤ᠋ ᠴᠧᠨ ᠱᠧᠩ ᠭᠡᠳᠡᠭ ᠤᠷᠠᠯᠢᠭ᠍ᠴᠢᠨ ᠤᠷᠠᠯᠠᠨ ᠪᠦᠲᠦᠭᠡᠭ᠌ᠰᠡᠨ ᠭᠡᠳᠡᠭ᠎ᠢ ᠣᠢᠯᠠᠭᠠᠭᠠᠳ᠂ ᠲᠣᠪᠴᠢ ᠲᠠᠨᠢᠯᠴᠠᠭᠤᠯᠭ᠎ᠠ ᠳᠡᠭᠡᠷᠡᠬᠢ ᠴᠧᠨ ᠱᠧᠩ᠎ᠤᠨ QQ ᠵᠢᠨ ᠳ᠋ᠤᠭᠠᠷ᠎ᠢ᠋ ᠠᠶᠤᠤᠯᠢᠬᠠᠢ ᠴᠡᠭᠡᠵᠢᠯᠡᠵᠤ ᠠᠪᠴᠠᠢ᠃

ᠵᠣᠣ ᠷᠦᠢ ᠯᠢᠨ ᠰᠤᠷᠭᠠᠭᠤᠯᠢ᠎ᠳᠠᠭᠠᠨ ᠪᠤᠴᠠᠮᠠᠭᠴᠠ ᠴᠧᠨ ᠱᠧᠩ᠎ᠦᠨ QQ ᠵᠢᠨ ᠳ᠋ᠤᠭᠠᠷ᠎ᠢ ᠨᠡᠮᠡᠭᠡᠳ᠂ ᠴᠧᠨ ᠱᠧᠩ᠎ᠲᠡᠶ ᠠᠭᠤᠯᠵᠠᠵᠤ ᠱᠠᠪᠢ ᠤᠷᠤᠬᠤ ᠬᠦᠰᠡᠯ ᠬᠦᠪᠦᠷᠡᠭᠰᠡᠨ ᠪᠠᠢᠯ᠎ᠠ᠃ ᠤᠳᠠᠯ ᠦᠭᠡᠢ ᠴᠧᠨ ᠱᠧᠩ ᠲᠡᠭᠦᠨ ᠎ᠦ᠌ QQ ᠵᠢᠨ ᠳ᠋ᠤᠭᠠᠷ᠎ᠢ᠋ ᠨᠡᠮᠡᠵᠦ ᠠᠪᠤᠭᠰᠠᠨ ᠪᠣᠯᠪᠠᠴᠤ᠌ ᠠᠵᠢᠯ ᠶᠠᠭᠠᠷᠠᠤ ᠪᠤᠯᠬᠤᠷ ᠠᠭᠤᠯᠵᠠᠬᠤ ᠤᠴᠢᠷ᠎ᠢ ᠳᠠᠷᠠᠭᠠᠴᠢ ᠪᠡᠷ ᠪᠤᠯᠤᠶ᠎ᠠ ᠭᠡᠵᠦ ᠵᠤᠤ ᠷᠦᠢ ᠯᠢᠨ ᠢᠯᠡᠷᠬᠡᠢᠯᠡᠭᠰᠨᠨ ᠪᠠᠢᠯ᠎ᠠ᠃ ᠵᠢᠯ᠎ᠤᠨ ᠳᠠᠷᠠᠭ᠎ᠠ᠂ ᠵᠤᠤ ᠷᠦᠢ ᠯᠢᠨ ᠮᠤᠬᠤᠰᠢ ᠦᠭᠡᠢ ᠬᠤᠯᠪᠤᠭ᠎ᠠ ᠠᠪᠤᠭᠰᠠᠨ ᠡᠴᠡ ᠴᠧᠨ ᠱᠧᠩ ᠠᠭᠤᠯᠵᠠᠬᠤ ᠵᠢ ᠵᠥᠪᠱᠢᠶᠡᠷᠡᠪᠡ᠃ ᠤᠳᠠᠯ ᠦᠭᠡᠢ ᠭᠡᠷ᠎ᠤᠨ ᠬᠥᠮᠦᠰ᠎ᠤᠨ ᠵᠢᠡᠨ ᠵᠥᠪᠱᠢᠶᠡᠷᠡᠯ᠎ᠢ ᠤᠯᠤᠭᠠᠳ᠂ ᠵᠤᠤ ᠷᠦᠢ ᠯᠢᠨ ᠪᠠᠶᠠᠷᠯᠠᠵᠤ ᠳᠤᠭᠳᠤᠯᠤᠨ ᠪᠠᠭ᠍ᠰᠢ ᠪᠠᠷᠢᠬᠤ ᠠᠶᠠᠨ᠎ᠳᠠᠭᠠᠨ ᠮᠤᠷᠳᠠᠪᠠ᠃

ᠴᠧᠨ ᠱᠸᠩ ᠪᠣᠯ ᠱᠠᠨ ᠱ᠋ᠢ ᠮᠣᠵᠢ᠎ᠶᠢᠨ ᠭᠠᠷ ᠤᠷᠠᠯᠠᠯ᠎ᠤ᠋ᠨ ᠶᠡᠬᠡ ᠪᠠᠭ᠍ᠱᠢᠲᠠᠨ ᠪᠤᠯᠤᠨ᠎ᠠ᠂ ᠡᠨᠡ ᠵᠢᠯ 60 ᠨᠠᠰᠤᠲᠠᠢ᠂ ᠬᠤᠯᠤ᠎ᠶᠢᠨ ᠭᠠᠷ ᠤᠷᠠᠯᠠᠯ᠎ᠤ᠋ᠨ ᠪᠦᠲᠦᠭᠡᠭ᠌ᠳᠡᠬᠦᠨ᠎ᠢ᠋ 30 ᠭᠠᠷᠤᠢ ᠵᠢᠯ ᠬᠢᠵᠦ᠂ ᠬᠤᠯᠤ᠎ᠶᠢᠨ ᠮᠣᠳᠣᠨ ᠮᠠᠲ᠋ᠧᠷᠢᠶᠠᠯ᠎ᠢ᠋ ᠳᠤᠮᠳᠠᠳᠤ ᠤᠯᠤᠰ᠎ᠤ᠋ᠨ ᠤᠯᠠᠮᠵᠢᠯᠠᠯᠲᠤ ᠬᠠᠭᠠᠷᠢᠮᠠᠯ ᠵᠢᠷᠤᠭ᠎ᠤᠨ ᠠᠷᠭ᠎ᠠ᠎ᠮᠡᠷᠭᠡᠵᠢᠯ ᠲᠠᠢ ᠤᠶᠠᠯᠳᠤᠭᠤᠯᠤᠭᠠᠳ ᠤᠲᠤᠵᠤ ᠬᠠᠭᠠᠷᠢᠬᠤ᠂ ᠪᠣᠳᠣᠬᠤ᠂ ᠬᠤᠰᠤᠬᠤ᠂ ᠱᠢᠭᠢᠳᠭᠡᠬᠦ᠂ ᠰᠡᠢᠯᠬᠦ᠌ ᠵᠡᠷᠭᠡ ᠠᠷᠪᠢᠨ ᠭᠠᠷ ᠤᠷᠠᠯᠠᠯ᠎ᠢ᠋ ᠡᠭᠦᠳᠴᠦ᠍᠂ ᠬᠤᠯᠤ ᠳᠡᠭᠡᠷ᠎ᠡ ᠬᠠᠭᠠᠷᠢᠮᠠᠯ ᠵᠢᠷᠤᠭ ᠤᠷᠠᠯᠠᠬᠤ ᠲᠦᠪᠰᠢᠨ᠎ᠢ ᠳᠡᠭᠡᠭᠰᠢᠯᠡᠭᠦᠯᠦᠭᠡᠳ ᠱᠢᠨ᠎ᠡ ᠲᠦᠪᠱᠢᠨ᠎ᠳ᠋ᠦ᠍ ᠬᠦᠷᠭᠡᠭᠰᠡᠨ ᠪᠠᠢᠨ᠎ᠠ᠃

ᠵᠣᠣ ᠷᠦᠢ ᠯᠢᠨ ᠴᠧᠨ ᠱᠸᠩ᠎ᠲᠠᠢ ᠲᠠᠨᠢᠯᠴᠠᠬᠤ ᠦᠶ᠎ᠡ᠎ᠳᠤ ᠴᠧᠨ ᠱᠧᠩ ᠨᠢᠭᠡᠨᠲᠠ ᠨᠡᠷ᠎ᠡ ᠭᠠᠷᠴᠤ ᠠᠯᠳᠠᠷ ᠮᠠᠨᠳᠤᠭᠰᠠᠨ ᠪᠠᠢᠯ᠎ᠠ᠃

ᠲᠡᠷᠡ ᠦᠶ᠎ᠡ᠎ᠳᠤ ᠴᠧᠨ ᠱᠸᠩ᠎ᠤᠨ᠎ᠠᠵᠢᠯ᠎ᠤᠨ ᠲᠠᠰᠤᠭ ᠨᠢ ᠲᠠᠢᠶᠤᠸᠠᠨ ᠬᠣᠲᠠ᠎ᠶ᠋ᠢᠨ ᠬᠥᠳᠡᠭᠡ᠎ᠳᠤ ᠪᠠᠢᠵᠠᠢ᠂ ᠵᠤᠤ ᠷᠦᠢ ᠯᠢᠨ ᠠᠰᠠᠭᠤᠵᠤ ᠰᠤᠷᠠᠵᠤ ᠶᠠᠪᠤᠭᠰᠠᠭᠠᠷ ᠴᠧᠨ ᠱᠸᠩ᠎ᠤᠨ ᠠᠵᠢᠯ᠎ᠤᠨ ᠲᠠᠰᠤᠭ᠎ᠢ ᠡᠷᠢᠵᠦ ᠤᠯᠤᠭᠠᠳ ᠴᠧᠨ ᠱᠧᠩ᠎ᠲᠡᠢ ᠤᠯᠵᠤ ᠠᠭᠤᠯᠵᠠᠵᠠᠢ᠂ ᠲᠡᠭᠡᠭᠡᠳ ᠬᠦᠰᠡᠯ ᠨᠢ ᠪᠡᠶᠡᠯᠡᠭᠳᠡᠨ᠂ ᠴᠸᠨ ᠱᠸᠩ᠎ᠳᠤ ᠱᠠᠪᠢᠯᠠᠪᠠ᠃ 


QQ截图20250731161406.png


ᠤᠷ᠎ᠠ ᠮᠡᠷᠭᠡᠵᠢᠯ᠎ᠵᠢᠡᠨ ᠨᠠᠷᠢᠯᠢᠬᠵᠢᠭᠤᠯᠵᠤ ᠠᠭᠤᠰᠤᠯᠴᠠᠭᠤᠯᠤᠨ ᠱᠢᠨ᠎ᠡ᠎ᠶ᠋ᠢ ᠡᠭᠦᠳᠪᠡ

ᠠᠩᠬ᠎ᠠ ᠵᠡᠷᠭᠡ᠎ᠶ᠋ᠢᠨ ᠭᠤᠷᠪᠠᠳᠤᠭᠠᠷ ᠤᠨ᠎ᠠᠴᠠ ᠳᠡᠭᠡᠳᠦ ᠵᠡᠷᠭᠡ᠎ᠶ᠋ᠢᠨ ᠲᠤᠰᠭᠠᠶ ᠮᠡᠷᠭᠡᠵᠢᠯ᠎ᠤᠨ ᠰᠤᠷᠭᠠᠭᠤᠯᠢ ᠲᠡᠭᠦᠰᠲᠠᠯ᠎ᠠ᠂ ᠵᠣᠣ ᠷᠦᠢ ᠯᠢᠨ ᠵᠠᠪ ᠴᠢᠯᠦᠭᠡ᠎ᠤᠯᠳᠠᠮᠠᠭᠴᠠ ᠴᠧᠨ ᠱᠧᠩ᠎ᠤᠨ ᠠᠵᠢᠯ᠎ᠤᠨ ᠲᠠᠰᠤᠭ᠎ᠲᠤ ᠣᠴᠢᠵᠤ᠂ ᠬᠡᠰᠡᠭ ᠬᠤᠭᠤᠴᠠᠭ᠎ᠠ ᠪᠠᠭᠰᠢ ᠪᠠᠨ ᠳᠠᠭᠠᠨ᠂ ᠬᠤᠯᠤ ᠰᠡᠢᠯᠬᠦ᠌ ᠡᠯ᠎ᠡ ᠵᠦᠢᠯ᠎ᠤᠨ ᠠᠷᠭ᠎ᠠ ᠮᠡᠷᠭᠡᠵᠢᠯ᠎ᠢ ᠰᠤᠷᠤᠯᠴᠠᠵᠠᠢ᠂ ᠲᠡᠭᠡᠭᠡᠳ ᠤᠷ᠎ᠠ ᠮᠡᠷᠭᠡᠵᠢᠯ᠎ᠨᠢ ᠡᠳᠦᠷ ᠢᠷᠡᠬᠦᠶ᠎ᠡ ᠤᠷᠠᠨ ᠨᠠᠷᠢᠯᠢᠭ ᠪᠤᠯᠵᠤ᠂ ᠳᠡᠭᠡᠳᠦ ᠵᠡᠷᠭᠡ᠎ᠶ᠋ᠢᠨ ᠲᠤᠰᠭᠠᠶ ᠮᠡᠷᠭᠡᠵᠢᠯ᠎ᠤᠨ ᠰᠤᠷᠭᠠᠭᠤᠯᠢ ᠲᠡᠭᠦᠰᠦᠭ᠌ᠰᠡᠨ᠎ᠤ ᠳᠠᠷᠠᠭ᠎ᠠ ᠥᠪᠡᠷ᠎ᠤᠨ ᠠᠵᠢᠯ᠎ᠤᠨ ᠲᠠᠰᠤᠭ᠎ᠢᠶᠠᠨ ᠪᠠᠢᠭᠤᠯᠪᠠ᠃

2014 ᠣᠨ᠎ᠳᠤ᠂ ᠵᠤᠤ ᠷᠦᠢ ᠯᠢᠨ ᠬᠥᠬᠡᠬᠤᠲᠠ᠎ᠳᠤ ᠢᠷᠡᠭᠡᠳ ᠬᠤᠯᠤ ᠰᠡᠢᠯᠬᠦ ᠦᠢᠯᠡᠰ᠎ᠵᠢᠡᠨ ᠬᠥᠭ᠌ᠵᠢᠭᠦᠯᠪᠡ᠃ ᠲᠡᠷᠡ ᠬᠥᠬᠡᠬᠣᠲᠠ᠎ᠳ᠋ᠤ ᠢᠷᠡᠭᠰᠡᠨ᠎ᠤ ᠳᠠᠷᠠᠭ᠎ᠠ ᠠᠵᠢᠯ ᠦᠢᠯᠡᠰ ᠨᠢ ᠦᠭᠡᠳᠡᠯᠡᠨ ᠬᠦᠭᠵᠢᠭᠰᠡᠨ ᠵᠢᠡᠷ ᠪᠠᠷᠠᠬᠤ ᠦᠭᠡᠢ᠂ ᠨᠠᠰᠤᠨ᠎ᠤ ᠬᠠᠨᠢ ᠪᠠᠨ ᠤᠯᠵᠤ ᠠᠮᠢᠳᠤᠷᠠᠯ ᠵᠢᠡᠨ ᠪᠤᠰᠬᠠᠨ᠂ ᠬᠥᠬᠡᠬᠣᠲᠠ᠎ᠳ᠋ᠤ ᠰᠠᠭᠤᠷᠢᠰᠢᠨ ᠠᠮᠢᠳᠤᠷᠠᠭᠰᠠᠨ ᠪᠠᠢᠨ᠎ᠠ᠃

ᠵᠣᠣ ᠷᠦᠢ ᠯᠢᠨ᠎ᠤ ᠬᠡᠯᠡᠬᠦ᠌᠎ᠪᠡᠷ᠂ ᠬᠤᠯᠤ ᠵᠢᠨ ᠰᠡᠢᠯᠦᠮᠡᠯ᠎ᠢ ᠦᠵᠡᠬᠦ᠌᠎ᠳᠤ ᠠᠮᠠᠷᠬᠠᠨ ᠰᠢᠬ ᠪᠤᠯᠪᠠᠴᠤ ᠦᠨᠡᠨ᠎ᠳᠡᠭᠡᠨ ᠠᠵᠢᠯ᠎ᠤᠨ ᠶᠠᠪᠤᠴᠠ ᠨᠢ ᠪᠤᠳᠤᠯᠢᠶᠠᠨᠲᠠᠢ᠃ ᠬᠤᠯᠤ ᠰᠣᠩᠭᠤᠬᠤ᠂ ᠬᠠᠯᠢᠰᠤ᠎ᠶ᠋ᠢ ᠨᠢ ᠠᠷᠢᠯᠭᠠᠬᠤ᠂ ᠡᠭᠡᠭᠡᠵᠦ᠍ ᠬᠠᠲᠠᠭᠠᠬᠤ᠎ᠠᠴᠠ ᠵᠢᠷᠤᠭ ᠲᠥᠯᠥᠪᠯᠡᠭᠡ ᠬᠢᠬᠦ᠂ ᠰᠡᠢᠯᠬᠦ᠂ ᠪᠤᠳᠤᠭ ᠣᠷᠣᠭᠤᠯᠬᠤ ᠬᠦᠷᠲᠡᠯ᠎ᠡ ᠠᠷᠪᠠ ᠭᠠᠷᠤᠢ ᠠᠵᠢᠯ᠎ᠤᠨ ᠶᠠᠪᠤᠴᠠ᠎ᠶ᠋ᠢ ᠳᠠᠮᠵᠢᠨ᠎ᠠ᠂ ᠨᠠᠷᠢᠨ ᠬᠢᠨᠠᠮᠠᠭᠠᠢ ᠬᠢᠬᠦ ᠦᠭᠡᠢ ᠪᠤᠯ ᠪᠦᠷ ᠲᠠᠯᠠᠭᠠᠷ ᠪᠤᠯᠤᠨ᠎ᠠ ᠭᠡᠨ᠎ᠡ᠃ 《ᠬᠦᠴᠦ ᠵᠢ ᠡᠵᠡᠮᠳᠡᠬᠦ᠌ ᠳ᠋ᠦ ᠬᠠᠮᠤᠭ᠎ᠤᠨ ᠬᠦᠴᠢᠷ ᠲᠡᠢ᠂ ᠬᠤᠯᠤ᠎ᠶ᠋ᠢᠨ ᠬᠠᠯᠢᠰᠦ ᠵᠢᠭ᠌ᠳᠡ ᠦᠭᠡᠢ ᠪᠤᠯᠬᠤᠷ ᠢᠳᠡ ᠲᠠᠢ ᠰᠡᠢᠯᠪᠡᠯ ᠬᠠᠭᠠᠷᠠᠴᠢᠬᠠᠨ᠎ᠠ᠂ ᠬᠡᠲᠦᠷᠬᠡᠢ ᠬᠦᠩᠭᠡᠨ ᠰᠡᠢᠯᠪᠡᠯ ᠳᠡᠰ ᠳᠠᠪᠬᠤᠷᠭ᠎ᠠ ᠨᠢ ᠢᠯᠡ ᠭᠠᠷᠬᠤ ᠦᠭᠡᠢ》 ᠭᠡᠵᠦ ᠬᠡᠯᠡᠬᠦ ᠵᠠᠭᠤᠷ᠎ᠠ ᠲᠡᠷᠡ ᠬᠢᠲᠤᠭ᠎ᠠ ᠪᠠᠨ ᠪᠠᠷᠢᠭᠠᠳ ᠭᠠᠷ᠎ᠤᠨ ᠪᠠᠭᠤᠤ ᠪᠠᠨ ᠬᠥᠩᠭᠡᠨ ᠡᠷᠭᠢᠭᠦᠯᠵᠦ᠍᠂ ᠬᠡᠳᠦᠭᠡᠨ ᠮᠢᠨᠦ᠋ᠲ᠎ᠤᠨ ᠲᠤᠳᠤᠷ᠎ᠠ ᠮᠠᠨᠳᠠᠷᠠᠸ᠎ᠠ ᠴᠡᠴᠡᠭ᠎ᠢ ᠬᠤᠯᠤ ᠳᠡᠭᠡᠷ᠎ᠡ ᠳᠡᠯᠭᠡᠷᠡᠭᠦᠯᠪᠡ᠃

ᠣᠯᠠᠨ ᠵᠢᠯ᠎ᠦ᠋ᠨ ᠲᠤᠷᠱᠢ᠂ ᠵᠣᠣ ᠷᠦᠢ ᠯᠢᠨ 《ᠪᠠᠶᠠᠨ ᠡᠷᠬᠢᠮ》᠂ 《ᠲᠠᠪᠤᠨ ᠦᠬᠡᠷ᠎ᠦ᠋ᠨ ᠵᠢᠷᠤᠭ》᠂ 《ᠦᠯᠵᠡᠢ ᠪᠡᠯᠭᠡ》᠂ 《ᠹᠠᠯᠠᠨ ᠵᠢᠷᠤᠭ ᠲᠠᠢ ᠬᠥᠬᠡ ᠯᠤᠩᠬᠤ》 ᠵᠡᠷᠭᠡ 100 ᠱᠢᠬᠠᠮ ᠦᠪᠡᠷᠮᠢᠴᠡ ᠤᠨᠴᠠᠯᠢᠬ ᠲᠠᠢ ᠬᠤᠯᠤ ᠵᠢᠨ ᠰᠡᠢᠯᠦᠮᠡᠯ᠎ᠢ ᠵᠤᠬᠢᠶᠠᠨ ᠪᠦᠲᠦᠭᠡᠵᠡᠢ᠃ ᠡᠭᠦᠨ᠎ᠳᠤ᠂ ᠬᠤᠯᠤ ᠵᠢᠨ ᠰᠡᠢᠯᠦᠮᠡᠯ 《ᠲᠠᠪᠤᠨ ᠦᠬᠡᠷ᠎ᠤᠨ ᠵᠢᠷᠤᠭ》 ᠨᠢ 2016 ᠣᠨ᠎ᠳᠤ ᠳᠤᠮᠳᠠᠳᠤ ᠤᠯᠤᠰ᠎ᠤᠨ ᠦᠨᠳᠦᠰᠦᠲᠡᠨ᠎ᠤ ᠤᠷᠠᠨ ᠵᠢᠷᠤᠭ᠍ᠴᠢᠳ᠎ᠤᠨ ᠨᠡᠢᠭᠡᠮᠯᠢᠭ᠎ᠤᠨ ᠠᠯᠲᠠᠨ ᠱᠠᠩᠨᠠᠯ᠎ᠢ ᠭᠥᠷᠳᠡᠭᠰᠡᠨ ᠪᠠᠢᠨ᠎ᠠ᠃


QQ截图20240904155222.png


ᠤᠯᠠᠮᠵᠢᠯᠠᠯᠲᠤ ᠰᠡᠳᠦᠪ᠎ᠠ᠋ᠴᠠ ᠭᠠᠳᠠᠨ᠎ᠠ᠂ ᠵᠣᠣ ᠷᠦᠢ ᠯᠢᠨ ᠪᠠᠰᠠ ᠮᠣᠩᠭᠣᠯ ᠦᠨᠳᠦᠰᠦᠲᠡᠨ᠎ᠦ᠌ ᠰᠣᠶᠣᠯ᠎ᠤ᠋ᠨ ᠡᠯᠸᠮᠸᠨ᠋ᠲ᠎ᠢ ᠵᠣᠷᠢᠭ᠍ᠲᠠᠢ᠎ᠠᠭᠤᠰᠬᠠᠨ᠂ ᠠᠭ᠍ᠲᠠ ᠬᠦᠯᠦᠭ ᠪᠣᠯᠤᠨ ᠮᠣᠩᠭᠣᠯ ᠭᠡᠷ᠎ᠢ᠋ ᠬᠤᠯᠤ ᠳᠡᠭᠡᠷ᠎ᠡ ᠰᠡᠢᠯᠵᠦ᠍᠂ ᠬᠤᠯᠤ ᠵᠢᠨ ᠰᠡᠢᠯᠦᠮᠡᠯ᠎ᠢ ᠲᠠᠯ᠎ᠠ ᠨᠤᠲᠤᠭ᠎ᠤ᠋ᠨ ᠤᠨᠴᠠᠯᠢᠬ ᠲᠠᠢ ᠪᠣᠯᠭᠠᠵᠠᠢ᠃ 《ᠪᠣᠳᠠᠰ᠎ᠤᠨ ᠪᠤᠰᠤ ᠰᠣᠶᠣᠯ᠎ᠤᠨ ᠥᠪ ᠵᠦᠪᠬᠡᠨ ᠬᠠᠭᠤᠴᠢᠨ᠎ᠢᠶᠠᠨ ᠪᠠᠷᠢᠮᠳᠠᠯᠠᠵᠤ ᠪᠣᠯᠬᠤ ᠦᠭᠡᠢ᠂ ᠬᠠᠷᠢᠨ ᠣᠳᠣ ᠦᠶ᠎ᠡ᠎ᠶ᠋ᠢᠨ ᠬᠥᠮᠦᠨ᠎ᠤ ᠭᠤᠸ᠎ᠠ ᠲᠠᠭᠠᠰᠢᠶᠠᠯ᠎ᠲᠠᠢ ᠣᠢᠷᠠᠳᠤᠭᠤᠯᠬᠤ ᠬᠡᠷᠡᠭ᠌ᠲᠡᠶ》 ᠬᠡᠵᠦ ᠵᠤᠣ ᠷᠦᠢ ᠯᠢᠨ ᠬᠡᠯᠡᠵᠦ ᠪᠠᠢᠯ᠎ᠠ᠃

《ᠬᠤᠯᠤ ᠰᠡᠢᠯᠬᠦ᠌ ᠤᠷ᠎ᠠ ᠮᠡᠷᠭᠡᠵᠢᠯ ᠪᠣᠯ ᠤᠷᠠᠨ ᠵᠢᠷᠤᠭ᠂ ᠪᠤᠳᠤᠭ᠍ᠲᠦ ᠵᠢᠷᠤᠭ᠂ ᠰᠡᠢᠯᠦᠮᠡᠯ᠎ᠢ ᠨᠢᠭᠡ ᠴᠣᠭ᠍ᠴᠠᠵᠢᠭᠤᠯᠤᠭ᠍ᠰᠠᠨ ᠤᠯᠠᠮᠵᠢᠯᠠᠯᠲᠤ ᠤᠷ᠎ᠠ ᠮᠡᠷᠭᠡᠵᠢᠯ ᠪᠤᠯᠤᠨ᠎ᠠ》᠃ ᠵᠤᠤ ᠷᠦᠢ ᠯᠢᠨ᠎ᠤ ᠬᠡᠯᠡᠬᠦ᠌᠎ᠪᠡᠷ᠂ ᠲᠡᠷᠡ ᠤᠳᠠᠭ᠎ᠠ ᠪᠦᠷᠢ ᠵᠣᠬᠢᠶᠠᠨ ᠪᠦᠲᠦᠭᠡᠬᠦ᠌᠎ᠠᠴᠠ ᠡᠮᠦᠨ᠎ᠡ ᠤᠷᠢᠳ ᠵᠢᠡᠷ ᠬᠤᠯᠤ᠎ᠶ᠋ᠢ ᠰᠣᠩᠭᠤᠨ᠎ᠠ᠂ ᠤᠯᠠᠩᠬᠢ ᠳ᠋ᠠᠭᠠᠨ ᠬᠠᠯᠢᠰᠤ᠎ᠨᠢ ᠵᠤᠵᠠᠭᠠᠨ᠂ ᠬᠡᠯᠪᠡᠷᠢ ᠳᠦᠷᠰᠦ᠎ᠨᠢ ᠣᠨᠴᠠᠭᠠᠢ ᠰᠤᠨᠢᠨ᠂ ᠨᠢᠭ᠍ᠲᠠ᠂ ᠰᠠᠯᠠᠭ᠎ᠠ ᠵᠠᠯ᠎ᠠ ᠨᠢ ᠪᠦᠷᠢᠨ᠂ ᠬᠤᠶᠠᠷ ᠬᠡᠪᠡᠯᠢ ᠲᠠᠢ ᠦ ᠰᠡᠪ ᠦᠭᠡᠢ 3 ᠵᠢᠯ᠎ᠠᠴᠠ ᠳᠡᠭᠡᠭ᠌ᠰᠢᠬᠢ ᠲᠤᠮᠤ ᠬᠤᠯᠤ᠎ᠶ᠋ᠢ ᠰᠣᠩᠭᠤᠨ᠎ᠠ᠃ ᠳᠠᠷᠠᠭ᠍᠎ᠠ ᠨᠢ ᠬᠤᠯᠤ ᠵᠢᠨ ᠬᠡᠯᠪᠡᠷᠢ ᠳᠦᠷᠰᠦ ᠵᠢ ᠨᠢ ᠦᠨᠳᠦᠰᠦᠯᠡᠨ᠂ ᠲᠤᠬᠢᠷᠠᠯᠴᠠᠭ᠍ᠰᠠᠨ ᠵᠢᠷᠤᠭ᠎ᠢ ᠰᠡᠢᠯᠵᠦ ᠪᠦᠲᠦᠭᠡᠨ᠎ᠡ᠃ ᠣᠯᠳᠠᠬᠤᠶ᠎ᠠ ᠪᠡᠷᠬᠡ ᠰᠠᠢᠬᠠᠨ ᠬᠤᠯᠤ ᠲᠠᠭᠠᠷᠠᠭᠠᠳ ᠳᠥᠷᠪᠡᠨ ᠰᠠᠷ᠎ᠠ ᠰᠡᠳᠬᠢᠵᠦ ᠪᠣᠳᠣᠯᠬᠢᠯᠠᠭᠠᠳ ᠰᠠᠶᠢ ᠭᠣᠣᠯ ᠵᠢᠷᠤᠭ ᠳᠦᠷᠰᠦ᠎ᠶ᠋ᠢ ᠨᠢ ᠲᠣᠭ᠍ᠲᠠᠭᠠᠵᠤ᠂ ᠡᠴᠦᠰ᠎ᠲᠡᠭᠡᠨ ᠬᠠᠨᠤᠮᠵᠢᠲᠠᠢ ᠤᠷᠠᠯᠢᠭ᠎ᠤᠨ ᠪᠥᠲᠥᠭᠡᠯ ᠪᠦᠲᠦᠭᠡᠵᠦ ᠭᠠᠷᠭᠠᠭᠰᠠᠨ ᠶᠠᠪᠤᠳᠠᠯ ᠪᠤᠢ᠃

《ᠪᠢ ᠪᠣᠯ ᠤᠷᠠᠯᠢᠭ᠍ᠴᠢᠨ᠂ ᠪᠠᠰᠠ ᠤᠷᠠᠯᠢᠭ᠎ᠤᠨ ᠤᠯᠠᠮᠵᠢᠯᠠᠭᠴᠢ ᠮᠦᠨ᠃ ᠪᠢ ᠥᠨᠢ ᠤᠳᠠᠭᠠᠨ ᠲᠡᠦᠬᠡ ᠲᠠᠢ ᠬᠤᠯᠤ ᠵᠢᠨ ᠰᠡᠢᠯᠦᠮᠡᠯ᠎ᠤᠨ ᠡᠷᠲᠡᠨ᠎ᠤ ᠤᠷ᠎ᠠ ᠮᠡᠷᠭᠡᠵᠢᠯ᠎ᠢ ᠤᠯᠠᠮᠵᠢᠯᠠᠨ᠂ ᠬᠤᠯᠤ᠎ᠶ᠋ᠢᠨ ᠰᠡᠢᠯᠦᠮᠡᠯ᠎ᠤᠨ ᠤᠷᠠᠯᠢᠭ᠎ᠤᠨ ᠷᠢᠳᠢ ᠱᠢᠳᠢ᠎ᠶ᠋ᠢ ᠨᠡᠩ ᠤᠯᠠᠨ ᠬᠥᠮᠦᠨ᠎ᠳᠤ ᠤᠢᠯᠠᠭᠠᠭᠤᠯᠵᠤ ᠮᠡᠳᠡᠷᠡᠭᠦᠯᠦᠨ᠎ᠡ》 ᠭᠡᠵᠡᠢ ᠵᠤᠤ ᠷᠦᠢ ᠯᠢᠨ ᠬᠡᠯᠡᠪᠡ᠃


QQ截图20250224163902.png


ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号