5 ᠤᠯᠤᠰ ᠤ᠋ᠨ ᠪᠠᠭᠠᠴᠤᠳ ᠬᠠᠮᠳᠤ ᠪᠡᠷ ᠤᠮᠠᠷᠠᠳᠦ ᠬᠢᠯᠢ ᠶ᠋ᠢᠨ ᠰᠤᠶᠤᠯ ᠤᠷᠠᠯᠢᠭ ᠢ᠋ ᠪᠡᠶᠡᠴᠢᠯᠡᠨ ᠤᠢᠯᠠᠭᠠᠪᠠ
2025-08-12 09:55:53
ᠵᠣᠬᠢᠶᠠᠭ᠍ᠴᠢ᠄
ᠬᠦᠭᠵᠢᠯᠳᠦ
ᠣᠩᠱᠢᠭ᠍ᠰᠠᠨ ᠣᠳᠠᠭ᠎ᠠ᠄
★★★☆☆

ᠮᠣᠩᠭᠣᠯ ᠤᠯᠤᠰ᠂ ᠣᠷᠣᠰ᠂ ᠺᠣᠷᠢᠶᠠ᠂ ᠶᠠᠫᠣᠨ ᠪᠤᠯᠤᠨ ᠲᠤᠮᠳᠠᠳᠤ ᠤᠯᠤᠰ ᠤ᠋ᠨ ᠲᠥᠪ ᠤ᠋ᠨ ᠦᠨᠳᠦᠰᠦᠲᠡᠨ ᠤ᠋ ᠶᠡᠬᠡ ᠰᠤᠷᠭᠠᠭᠤᠯᠢ ᠶ᠋ᠢᠨ ᠬᠠᠷᠢᠶᠠᠲᠤ ᠳᠤᠮᠳᠠᠳᠤ ᠰᠤᠷᠭᠠᠭᠤᠯᠢ ᠶ᠋ᠢᠨ ᠬᠥᠬᠡᠬᠣᠲᠠ ᠳ᠋ᠠᠬᠢ ᠬᠤᠪᠢᠶᠠᠷᠢ ᠰᠤᠷᠭᠠᠭᠤᠯᠢ ᠵᠢᠨ 70 ᠵᠠᠯᠠᠭᠤᠴᠤᠳ ᠪᠠᠭᠠᠴᠤᠳ ᠢ᠋ᠶ᠋ᠠᠷ ᠪᠦᠷᠢᠯᠳᠦᠭ᠌ᠰᠡᠨ ᠬᠥᠬᠡᠬᠣᠲᠠ ᠶ᠋ᠢᠨ ᠣᠯᠠᠨ ᠤᠯᠤᠰ ᠤ᠋ᠨ ᠵᠠᠯᠠᠭᠤᠴᠤᠳ ᠪᠠᠭᠠᠴᠤᠳ ᠤ᠋ᠨ ᠨᠥᠬᠥᠷᠰᠡᠭ ᠰᠣᠯᠢᠯᠴᠠᠭᠠᠨ ᠤ᠋ ᠬᠤᠸᠠᠷᠠᠨ ᠤ᠋ ᠬᠢᠨ ᠤᠢᠷ᠎ᠠ᠎ᠳᠦ  ᠬᠦᠬᠡᠬᠤᠳᠠ ᠶ᠋ᠢᠨ ᠦᠯᠢᠭᠡᠷ ᠤᠷᠠᠯᠢᠭ ᠤ᠋ᠨ ᠣᠷᠳᠣᠨ ᠳ᠋ᠦ ᠤᠮᠠᠷᠠᠳᠦ ᠬᠢᠯᠢ ᠶ᠋ᠢᠨ ᠰᠤᠶᠤᠯ  ᠤᠷᠠᠯᠢᠭ ᠢ᠋  ᠪᠡᠶᠡᠴᠢᠯᠡᠨ  ᠣᠢᠯᠠᠭᠠᠵᠠᠢ᠃

ᠦᠪᠦᠷ ᠮᠤᠨᠭᠭᠤᠯ ᠤ᠋ᠨ ᠤᠷᠠᠯᠢᠭ ᠵᠦᠴᠦᠭᠡ ᠶ᠋ᠢᠨ ᠬᠦᠷᠢᠶᠡᠯᠡᠩ ᠤ᠋ᠨ ᠦᠨᠳᠦᠰᠦᠲᠡᠨ ᠤ᠋ ᠲᠠᠭᠤᠷᠢᠯᠢᠬ ᠤ᠋ᠨ ᠪᠦᠯᠬᠦᠮ᠂ ᠼᠢᠷᠺ ᠤ᠋ᠨ ᠪᠦᠯᠬᠦᠮ ᠤ᠋ᠨ ᠬᠢᠨ ᠤᠷᠠᠨ ᠭᠤᠴᠤ ᠲᠤᠭᠯᠠᠯᠳᠠ ᠪᠡᠷ ᠢ᠋ᠶ᠋ᠡᠨ ᠬᠤᠯᠠ ᠵᠢᠨ ᠬᠡᠢᠴᠢᠳ ᠲᠦ᠍ ᠤᠮᠠᠷᠠᠲᠤ ᠬᠢᠯᠢ ᠶ᠋ᠢᠨ ᠤᠳᠭ᠎ᠠ ᠤᠷᠠᠯᠢᠭ ᠤ᠋ᠨ ᠲᠣᠭ᠍ᠯᠠᠯᠲᠠ ᠰᠤᠨᠢᠷᠬᠠᠭᠤᠯᠵᠠᠢ᠃ ᠤᠷᠲᠤ ᠶ᠋ᠢᠨ ᠳᠠᠭᠤᠤ 《ᠵᠢᠭᠠᠬᠠᠨ ᠰᠢᠷᠭ᠎ᠠ》᠂  ᠮᠠᠭᠳᠠᠭᠠᠯ 《ᠮᠣᠷᠢᠨ ᠤ᠋ ᠮᠠᠭ᠍ᠲᠠᠭᠠᠯ》᠂ ᠳᠠᠭᠤᠤ 《ᠪᠢ ᠲᠠᠯ᠎ᠠ ᠨᠤᠲᠤᠭ ᠲᠠᠶ ᠪᠠᠨ ᠪᠣᠯᠵᠣᠭ᠎ᠠ ᠲᠠᠶ》 ᠂ ᠮᠣᠷᠢᠨ ᠬᠤᠭᠤᠷ 《ᠰᠦᠬᠡ ᠶ᠋ᠢᠨ ᠰᠡᠷᠡᠯ》᠂ ᠼᠢᠷᠺ 《ᠵᠤᠯᠠᠢ ᠶ᠋ᠢᠨ ᠦᠨᠳᠦᠷ》᠂ ᠶᠧᠯᠸᠢ 《ᠲᠤᠮᠳᠠᠳᠦ ᠶ᠋ᠢᠨ ᠴᠠᠭᠠᠷᠢᠭ》 ᠵᠡᠷᠭᠡ ᠲᠤᠭᠯᠠᠯᠳᠠ ᠨᠢ ᠤᠮᠠᠷᠠᠳᠦ ᠬᠢᠯᠢ ᠶ᠋ᠢᠨ ᠰᠤᠶᠤᠯ ᠤᠷᠠᠯᠢᠭ ᠤ᠋ᠨ ᠤᠷᠠᠨ ᠰᠠᠢᠬᠠᠨ ᠢ᠋ ᠬᠠᠷᠠᠭᠤᠯᠵᠦ᠂ ᠵᠠᠯᠠᠭᠤᠴᠤᠳ ᠪᠠᠭᠠᠴᠤᠳ ᠤ᠋ᠨ ᠪᠠᠬ᠎ᠠ ᠵᠢ ᠲᠠᠲᠠᠪᠠ᠃ ᠲᠤᠮᠳᠠᠳᠤ᠂ ᠮᠣᠩᠭᠣᠯ᠂ ᠣᠷᠣᠰ᠂ ᠺᠣᠷᠢᠶᠠ᠂ ᠶᠠᠫᠣᠨ ᠵᠡᠷᠬᠡ 5 ᠤᠯᠤᠰ ᠤ᠋ᠨ ᠵᠠᠯᠠᠭᠤᠴᠤᠳ ᠪᠠᠭᠠᠴᠤᠳ ᠪᠠᠰᠠ ᠲᠠᠢᠰᠠᠨ ᠳ᠋ᠦ ᠭᠠᠷᠴᠤ᠌᠂ ᠵᠦᠴᠦᠭᠡ ᠶ᠋ᠢᠨ ᠬᠦᠷᠢᠶᠡᠯᠡᠩ ᠤ᠋ᠨ ᠲᠣᠭ᠍ᠯᠠᠭ᠍ᠴᠢᠳ ᠤ᠋ᠨ ᠵᠢᠯᠤᠭᠤᠳᠤᠯᠭ᠎ᠠ ᠲᠤᠤᠷ᠎ᠠ ᠬᠥᠭᠡᠮᠡᠢᠯᠡᠬᠦ᠂ ᠮᠤᠷᠢᠨ ᠬᠤᠭᠤᠷ ᠳᠠᠳᠠᠬᠤ᠂ ᠮᠣᠩᠭᠣᠯ ᠪᠥᠵᠢᠭ ᠪᠦᠵᠢᠭᠯᠡᠬᠦ ᠵᠡᠷᠭᠡ ᠵᠢ ᠤᠷᠮ᠎ᠠ ᠪᠠᠬ᠎ᠠ ᠲᠠᠶ ᠰᠤᠷᠤᠯᠴᠠᠨ᠂ ᠲᠤᠬᠠᠶ ᠶ᠋ᠢᠨ ᠲᠠᠯᠠᠪᠠᠶ ᠳ᠋ᠦ ᠪᠠᠶᠠᠷ ᠪᠠᠬᠠᠳᠤᠯ ᠢ᠋ᠶ᠋ᠠᠷ ᠪᠢᠯᠬᠠᠵᠤ ᠪᠠᠢᠯ᠎ᠠ᠃

ᠲᠤᠭᠯᠠᠯᠳᠠ ᠶ᠋ᠢᠨ ᠡᠴᠦᠰ ᠲᠦ᠍᠂ ᠮᠤᠷᠢᠨ ᠬᠤᠭᠤᠷ ᠪᠠ ᠪᠠᠶᠠᠨ ᠬᠤᠭᠤᠷ ᠢ᠋ ᠤᠷᠠᠨ ᠡᠪᠯᠢᠭ ᠠᠭᠤᠰᠤᠯᠴᠠᠭᠤᠯᠵᠤ᠂ 《ᠪᠢ ᠡᠭᠡ ᠤᠯᠤᠰ ᠲᠠᠶ ᠪᠠᠨ》᠂ 《ᠺᠠ ᠴᠢᠦ ᠱᠠ》᠂ 《ᠠ ᠯᠢ ᠯᠠᠩ》 ᠵᠡᠷᠭᠡ 5 ᠤᠯᠤᠰ ᠤ᠋ᠨ ᠰᠣᠩᠭᠣᠳᠠᠭ ᠳᠠᠭᠤᠤ ᠶ᠋ᠢᠨ ᠠᠶ᠎ᠠ ᠵᠢ ᠬᠥᠭ᠌ᠵᠢᠮᠳᠡᠨ᠂ ᠲᠤᠬᠠᠢ ᠶ᠋ᠢᠨ ᠲᠠᠯᠠᠪᠠᠢ ᠶ᠋ᠢᠨ ᠵᠠᠯᠠᠭᠤᠴᠤᠳ ᠪᠠᠭᠠᠴᠤᠳ ᠠᠶ᠎ᠠ ᠵᠢ ᠳᠠᠭᠠᠨ ᠳᠠᠭᠤᠯᠠᠵᠤ᠂ ᠲᠠᠨᠢᠯ ᠲᠠᠰᠤᠯ ᠠᠶᠠᠯᠭᠤ ᠨᠢ ᠦᠯᠦ᠍ ᠦᠵᠡᠭ᠌ᠳᠡᠬᠦ᠌ ᠰᠣᠯᠢᠯᠴᠠᠭᠠᠨ ᠤ᠋ ᠬᠥᠭᠥᠷᠭᠡ ᠵᠢ ᠪᠤᠰᠭᠠᠵᠠᠢ᠃ ᠡᠨᠡ ᠬᠦ᠌ ᠰᠣᠶᠣᠯ ᠤ᠋ᠨ ᠰᠣᠯᠢᠯᠴᠠᠭᠠᠨ ᠤ᠋ ᠠᠵᠢᠯᠯᠠᠭ᠎ᠠ ᠨᠢ ᠦᠪᠦᠷ ᠮᠤᠨᠭᠭᠤᠯ ᠤ᠋ᠨ ᠤᠷᠠᠯᠢᠭ ᠵᠦᠴᠦᠭᠡ ᠶ᠋ᠢᠨ ᠬᠦᠷᠢᠶᠡᠯᠡᠩ ᠤ᠋ᠨ 《ᠳᠤᠮᠳᠠᠳᠤ ᠵᠢᠨ ᠲᠠᠭᠤᠨ ᠢ᠋ ᠳᠠᠮᠵᠢᠭᠤᠯᠵᠤ᠂ ᠳᠤᠮᠳᠠᠳᠤ ᠵᠢᠨ ᠦᠯᠢᠬᠡᠷ ᠢ᠋ ᠰᠠᠢᠲᠤᠷ ᠶᠠᠷᠢᠬᠤ》 ᠥᠪᠥᠷ ᠮᠣᠩᠭᠣᠯ ᠤ᠋ᠨ ᠬᠠᠭᠤᠳᠠᠰᠤ ᠵᠢ ᠦᠢᠯᠡᠳᠦᠯᠭᠡᠵᠢᠭᠦᠯᠦᠭ᠌ᠰᠡᠨ ᠤ᠋ ᠠᠮᠢᠳᠤᠯᠢᠭ ᠵᠢᠱ᠌ᠢᠶ᠎ᠠ ᠪᠠᠢᠵᠦ᠂ ᠡᠯ᠎ᠡ ᠤᠯᠤᠰ ᠤ᠋ᠨ ᠵᠠᠯᠠᠭᠤᠴᠤᠳ ᠪᠠᠭᠠᠴᠤᠳ ᠲᠦ᠍ ᠳᠤᠮᠳᠠᠳᠤ ᠶ᠋ᠢᠨ ᠱᠢᠯᠢᠳᠡᠭ ᠤᠯᠠᠮᠵᠢᠯᠠᠯᠲᠤ ᠰᠣᠶᠣᠯ ᠢ᠋ ᠭᠦᠨᠵᠡᠭᠡᠢ ᠮᠡᠳᠡᠷᠡᠭᠦᠯᠦᠭ᠌ᠰᠡᠨ ᠢ᠋ᠶ᠋ᠡᠷ ᠪᠠᠷᠠᠬᠤ ᠦᠭᠡᠢ ᠪᠠᠰᠠ ᠤᠳᠭ᠎ᠠ ᠤᠷᠠᠯᠢᠭ ᠤ᠋ᠨ ᠬᠢᠴᠢᠶᠡᠯ ᠢ᠋ᠶ᠋ᠡᠷ ᠤᠮᠠᠷᠠᠲᠤ ᠬᠢᠯᠢ ᠶ᠋ᠢᠨ ᠡᠭᠡ ᠭᠠᠵᠠᠷ ᠤ᠋ᠨ ᠨᠡᠭᠡᠭᠡᠯᠲᠡᠲᠡᠢ ᠪᠠᠭ᠍ᠲᠠᠭᠠᠮᠵᠢᠲᠠᠢ ᠤᠷᠠᠯᠢᠭ ᠤ᠋ᠨ ᠬᠦᠭ ᠠᠶᠠᠰ ᠪᠣᠯᠤᠨ ᠥᠪᠡᠷᠮᠢᠴᠡ ᠤᠨᠴᠠᠯᠢᠭ ᠰᠢᠨᠵᠢ ᠵᠢ ᠮᠡᠳᠡᠷᠡᠭᠦᠯᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号